ᠮᠠᠨ ᠤ᠋ ᠤᠷᠤᠨ ᠭᠣᠣᠯ ᠱᠤᠭᠤᠮ ᠤ᠋ᠨ ᠵᠠᠰᠠᠮᠠᠯ ᠵᠠᠮ ᠤ᠋ᠨ ᠠᠷᠠᠴᠢᠯᠠᠨ ᠬᠠᠮᠠᠭᠠᠯᠠᠬᠤ ᠢᠨᠵᠧᠨᠧᠷᠢᠩ ᠢ᠋ ᠪᠦᠬᠦ᠌ ᠲᠠᠯ᠎ᠠ ᠪᠡᠷ ᠲᠦᠷᠭᠡᠳᠬᠡᠪᠠ
2026-07-27 11:19:35
ᠵᠣᠬᠢᠶᠠᠭ᠍ᠴᠢ᠄
​ᠦᠨᠢᠷ
ᠣᠩᠱᠢᠭ᠍ᠰᠠᠨ ᠣᠳᠠᠭ᠎ᠠ᠄
★★★☆☆

ᠦᠪᠦᠷ ᠮᠤᠡᠭᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠲᠢᠩᠬᠢᠮ ᠡᠴᠡ ᠤᠢᠯᠠᠭᠠᠭᠰᠠᠨ ᠢ᠋ᠢᠡᠷ᠂ ᠡᠨᠡ ᠵᠢᠯ ᠮᠠᠨ ᠤ᠋ ᠤᠷᠤᠨ ᠡᠩ ᠤ᠋ᠨ ᠤᠯᠤᠰ ᠤ᠋ᠨ ᠪᠠ ᠮᠤᠵᠢ ᠢ᠋ᠢᠨ ᠭᠤᠤᠯ ᠱᠤᠭᠤᠮ ᠤ᠋ᠨ ᠵᠠᠰᠠᠮᠠᠯ ᠵᠠᠮ ᠤ᠋ᠨ 41 ᠠᠷᠠᠴᠢᠯᠠᠨ ᠬᠠᠮᠠᠭᠠᠯᠠᠬᠤ ᠢᠨᠵᠧᠨᠧᠷᠢᠩ ᠢ᠋ ᠰᠢᠨ᠎ᠡ ᠪᠡᠷ ᠪᠠᠷᠢᠯᠭ᠎ᠠ ᠡᠬᠢᠯᠡᠭᠦᠯᠬᠦ ᠪᠡᠷ ᠲᠦᠯᠦᠪᠯᠡᠵᠤ᠂ 7 ᠰᠠᠷ᠎ᠠ ᠢ᠋ᠢᠨ ᠳᠤᠮᠳᠠᠴᠢ ᠪᠣᠯᠲᠠᠯ᠎ᠠ 37 ᠲᠥᠷᠥᠯ ᠵᠦᠢᠯ ᠤ᠋ᠨ ᠪᠠᠷᠢᠯᠭ᠎ᠠ ᠢ᠋ᠢ ᠡᠬᠢᠯᠡᠭᠦᠯᠵᠤ᠂ ᠪᠠᠷᠢᠯᠭ᠎ᠠ ᠡᠬᠢᠯᠡᠭᠦᠯᠦᠭᠰᠡᠨ ᠵᠠᠰᠠᠮᠠᠯ ᠵᠠᠮ ᠤ᠋ᠨ ᠣᠷᠳᠣ 1139 ᠺᠢᠯᠣᠮᠧᠲ᠋ᠷ ᠬᠦᠷᠴᠤ᠂ ᠨᠡᠶ᠋ᠢᠲᠡ 5.2 ᠳ᠋ᠦᠩᠰᠢᠭᠤᠷ ᠲᠥᠭᠥᠷᠢᠭ ᠤ᠋ᠨ ᠪᠠᠯᠠ ᠣᠷᠣᠭᠤᠯᠤᠯᠲᠠ ᠢ᠋ᠢ ᠪᠠᠶᠠᠯᠠᠭᠦᠯᠪᠠ᠃ ᠪᠠᠰᠠ ᠦᠷᠭᠦᠯᠵᠢᠯᠡᠨ ᠪᠦᠳᠦᠬᠡᠨ ᠪᠠᠶ᠋ᠢᠭᠤᠯᠬᠤ 51 ᠲᠥᠷᠥᠯ ᠵᠦᠢᠯ ᠤ᠋ᠨ ᠪᠠᠷᠢᠯᠭ᠎ᠠ ᠢ᠋ᠢ ᠰᠡᠷᠭᠦᠭᠡᠵᠦ᠍᠂ ᠨᠡᠢᠳᠡ 1881 ᠺᠢᠯᠣᠮᠧᠲᠷ ᠤᠷᠳᠤ ᠠᠷᠠᠴᠢᠯᠠᠨ ᠬᠠᠮᠠᠭᠠᠯᠠᠬᠤ ᠪᠠᠷᠢᠯᠭ᠎ᠠ ᠢ᠋ᠢ ᠳᠠᠭᠤᠰᠬᠠᠵᠤ᠂ ᠨᠡᠶ᠋ᠢᠲᠡ 26.2 ᠳ᠋ᠦᠩᠰᠢᠭᠤᠷ ᠲᠥᠭᠥᠷᠢᠭ ᠤ᠋ᠨ ᠪᠡᠯᠡ ᠣᠷᠣᠭᠤᠯᠤᠯᠲᠠ ᠢ᠋ᠢ ᠪᠡᠶᠡᠯᠡᠭᠦᠯᠦᠭᠰᠡᠨ ᠪᠠᠢᠨ᠎ᠠ᠃

ᠪᠦᠬᠦ ᠤᠷᠤᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠰᠠᠯᠠᠭ᠎ᠠ ᠮᠦᠴᠢᠷ ᠪᠠᠷᠢᠯᠭ᠎ᠠ ᠢ᠋ᠢᠨ ᠰᠢᠵᠢᠷ ᠠᠯᠲᠠᠨ ᠬᠤᠭᠤᠴᠠᠭ᠎ᠠ ᠢ᠋ᠢ ᠠᠳᠬᠤᠵᠤ᠂ ᠵᠠᠰᠠᠮᠠᠯ ᠵᠠᠮ ᠤ᠋ᠨ ᠠᠷᠠᠴᠢᠯᠠᠨ ᠬᠠᠮᠠᠭᠠᠯᠠᠬᠤ ᠢᠨᠵᠧᠨᠧᠷᠢᠩ ᠢ᠋ ᠪᠦᠬᠦ᠌ ᠲᠠᠯ᠎ᠠ ᠪᠡᠷ ᠲᠦᠷᠭᠡᠳᠬᠡᠪᠠ᠃ ᠤᠯᠠᠭᠠᠨᠴᠠᠪ ᠬᠣᠲᠠ ᠢ᠋ᠢᠨ ᠳᠥᠷᠪᠡᠳ ᠬᠣᠰᠢᠭᠤᠨ ᠤ᠋ ᠬᠢᠯᠢ ᠳᠣᠲᠣᠷᠠᠬᠢ 209 ᠮᠤᠵᠢ ᠢ᠋ᠢᠨ ᠵᠠᠰᠠᠮᠠᠯ ᠵᠠᠮ ᠤ᠋ᠨ ᠠᠷᠠᠴᠢᠯᠠᠨ ᠬᠠᠮᠠᠭᠠᠯᠠᠬᠤ ᠲᠥᠷᠥᠯ ᠵᠦᠢᠯ ᠤ᠋ᠨ ᠲᠤᠬᠠᠶ ᠢ᠋ᠢᠨ ᠲᠠᠯᠠᠪᠠᠶ ᠳ᠋ᠤ ᠪᠠᠷᠢᠯᠭ᠎ᠠ ᠵᠢᠨ ᠠᠵᠢᠯ᠎ᠡᠮᠬᠢ ᠵᠢᠷᠤᠮ ᠲᠠᠢ ᠶᠠᠪᠤᠬᠳᠠᠨ᠎ᠠ᠃ 《ᠲᠤᠰ ᠲᠥᠷᠥᠯ ᠵᠦᠢᠯ ᠤ᠋ᠨ ᠪᠥᠬᠥ᠌ ᠣᠷᠳᠣ 31.5 ᠺᠢᠯᠣᠮᠧᠲ᠋ᠷ ᠪᠠᠶ᠋ᠢᠵᠤ᠂ ᠵᠢᠱ᠌ᠢᠯᠲᠡ ᠪᠡᠷ 8 ᠰᠠᠷ᠎ᠠ ᠢ᠋ᠢᠨ ᠳᠤᠮᠳᠠᠴᠢ ᠪᠡᠷ ᠪᠠᠷᠢᠯᠭ᠎ᠠ ᠳᠠᠭᠤᠰᠬᠠᠨ᠎ᠠ》 ᠭᠡᠵᠦ᠍ 209 ᠮᠤᠵᠢ ᠢ᠋ᠢᠨ ᠵᠠᠰᠠᠮᠠᠯ ᠵᠠᠮ ᠤ᠋ᠨ ᠠᠷᠠᠴᠢᠯᠠᠨ ᠬᠠᠮᠠᠭᠠᠯᠠᠬᠤ ᠢᠨᠵᠧᠨᠧᠷᠢᠩ ᠤ᠋ᠨ ᠪᠠᠷᠢᠯᠭ᠎ᠠ ᠢ᠋ᠢᠨ ᠭᠠᠵᠠᠷ ᠤ᠋ᠨ ᠲᠥᠷᠥᠯ ᠵᠦᠢᠯ ᠤ᠋ᠨ ᠳᠠᠭᠠᠭᠠᠮᠠᠯ ᠸᠠᠩ ᠴᠢᠤᠸᠠᠨ ᠬᠦᠶ ᠲᠠᠨᠢᠯᠴᠠᠭᠤᠯᠵᠤ ᠪᠠᠢᠯ᠎ᠠ᠃ ᠡᠬᠦᠨ ᠲᠠᠢ ᠠᠳᠠᠯᠢ ᠪᠡᠷ᠂ ᠪᠠᠶᠠᠨᠨᠠᠭᠤᠷ ᠬᠣᠲᠠ ᠢ᠋ᠢᠨ 331 ᠤᠯᠤᠰ ᠤ᠋ᠨ ᠵᠠᠰᠠᠮᠠᠯ ᠵᠠᠮ ᠤ᠋ᠨ ᠤᠷᠠᠳ ᠤ᠋ᠨ ᠳᠤᠮᠳᠠᠳᠤ ᠬᠣᠰᠢᠭᠤ — ᠤᠷᠠᠳ ᠤ᠋ᠨ ᠬᠣᠶ᠋ᠢᠲᠤ᠌ ᠬᠣᠰᠢᠭᠤ ᠬᠥᠷᠬᠥ᠌ ᠬᠡᠰᠡᠭ ᠤ᠋ᠨ ᠠᠷᠠᠴᠢᠯᠠᠨ ᠬᠠᠮᠠᠭᠠᠯᠠᠬᠤ ᠢᠨᠵᠧᠨᠧᠷᠢᠩ ᠴᠦ᠍ ᠰᠢᠨ᠎ᠡ ᠠᠬᠢᠯᠲᠠ ᠲᠠᠢ ᠪᠣᠯᠵᠣ᠂ ᠨᠢᠬᠡᠨᠳᠡ ᠱᠤᠢᠨᠢ ᠥᠩᠭᠡᠨ ᠳᠠᠪᠬᠤᠷᠭ᠎ᠠ ᠢ᠋ᠢᠨ ᠪᠠᠷᠢᠯᠭ᠎ᠠ ᠢ᠋ᠢᠨ ᠠᠵᠢᠯ ᠳ᠋ᠤ ᠰᠢᠯᠵᠢᠪᠠ᠃ ᠲᠣᠰ ᠠᠷᠠᠴᠢᠯᠠᠨ ᠬᠠᠮᠠᠭᠠᠯᠠᠬᠤ ᠢᠨᠵᠧᠨᠧᠷᠢᠩ ᠤ᠋ᠨ ᠪᠥᠬᠥ᠌ ᠣᠷᠳᠣ ᠨᠢ 290 ᠺᠢᠯᠣᠮᠧᠲ᠋ᠷ ᠪᠠᠶ᠋ᠢᠵᠤ᠂ ᠭᠤᠤᠯᠳᠠᠭᠤ ᠵᠠᠮ ᠤ᠋ᠨ ᠭᠠᠳᠠᠷᠭᠤ ᠢ᠋ᠢᠨ ᠡᠪᠳᠡᠭᠳᠡᠯ ᠢ᠋ ᠵᠠᠰᠠᠬᠤ᠂ ᠬᠥᠭᠥᠷᠭᠡ ᠢ᠋ᠢ ᠵᠠᠰᠠᠨ ᠪᠡᠬᠢᠯᠡᠬᠦ ᠵᠢᠴᠢ ᠵᠠᠮ ᠬᠠᠷᠢᠯᠴᠠᠭᠠᠨ ᠤ᠋ ᠲᠥᠬᠥᠭᠡᠷᠦᠮᠵᠢ ᠢ᠋ᠢ ᠲᠡᠭᠦᠯᠳᠡᠷᠵᠢᠭᠦᠯᠬᠦ᠌᠎ᠵᠡᠷᠭᠡ ᠠᠵᠢᠯ ᠪᠠᠭᠲᠠᠵᠤ᠂ ᠵᠠᠰᠠᠮᠠᠯ ᠵᠠᠮ ᠤ᠋ᠨ ᠶᠠᠰᠤ ᠴᠢᠨᠠᠷ ᠢ᠋ ᠳᠡᠭᠡᠭᠰᠢᠯᠡᠭᠦᠯᠬᠦ᠌ ᠭᠤᠤᠯᠳᠠᠯᠭ᠎ᠠ ᠲᠠᠢ ᠠᠷᠠᠳ ᠤ᠋ᠨ ᠠᠮᠢᠳᠤᠷᠠᠯ ᠤ᠋ᠨ ᠢᠨᠵᠧᠨᠧᠷᠢᠩ ᠪᠣᠯᠤᠨ᠎ᠠ᠃

《ᠪᠢᠳᠡ ᠵᠠᠰᠠᠮᠠᠯ ᠵᠠᠮ ᠤ᠋ᠨ ᠶᠠᠰᠤ ᠴᠢᠨᠠᠷ ᠤ᠋ᠨ ᠠᠮᠤᠷ ᠲᠦᠪᠰᠢᠨ ᠢ᠋ ᠦᠨᠡᠨ ᠬᠦ᠌ ᠪᠠᠲᠤᠯᠠᠭᠰᠠᠨ ᠤᠷᠢᠲᠠᠯ ᠳᠤᠤᠷ᠎ᠠ ᠠᠷᠠᠴᠢᠯᠠᠨ ᠬᠠᠮᠠᠭᠠᠯᠠᠬᠤ ᠠᠬᠢᠴᠠ ᠢ᠋ᠢ ᠲᠦᠷᠭᠡᠳᠬᠡᠵᠦ᠍᠂ ᠦᠯᠡᠳᠡᠭᠰᠡᠨ ᠡᠭᠦᠷᠭᠡ᠎ᠪᠡᠨ ᠡᠷᠲᠡᠬᠡᠨ ᠪᠡᠶᠡᠯᠡᠭᠦᠯᠦᠨ᠎ᠡ᠃ ᠡᠭᠦᠨ ᠤ᠋ ᠬᠠᠮᠲᠤ᠌ ᠠᠷᠠᠴᠢᠯᠠᠨ ᠬᠠᠮᠠᠭᠠᠯᠠᠬᠤ ᠪᠠ ᠵᠢᠭᠤᠯᠴᠢᠯᠠᠯ ᠤ᠋ᠨ ᠬᠡᠷᠡᠭᠴᠡᠭᠡ ᠢ᠋ᠢ ᠰᠢᠨᠵᠢᠯᠡᠬᠦ᠌ ᠤᠬᠠᠭᠠᠨᠴᠢ ᠪᠡᠷ ᠲᠥᠯᠥᠪᠵᠢᠭᠦᠯᠵᠦ᠍᠂ ᠵᠢᠭᠤᠯᠴᠢᠯᠠᠭᠰᠠᠳ᠎ᠲᠤ᠌ ᠦᠵᠡᠭᠦᠯᠬᠦ᠌ ᠨᠥᠯᠥᠭᠡ ᠢ᠋ᠢ ᠬᠠᠮᠤᠭ ᠤ᠋ᠨ ᠶᠡᠬᠡ ᠬᠡᠮᠵᠢᠶ᠎ᠡ ᠪᠡᠷ ᠪᠠᠭᠠᠰᠬᠠᠨ᠂ ᠵᠠᠰᠠᠮᠠᠯ ᠵᠠᠮ ᠤ᠋ᠨ ᠲᠤᠤᠷ ᠤ᠋ᠨ ᠰᠠᠭᠠᠳ ᠥᠬᠡᠶ ᠨᠡᠪᠲᠡᠷᠡᠬᠦ᠌ ᠢ᠋ᠢ ᠪᠠᠲᠤᠯᠠᠨ᠎ᠠ》 ᠭᠡᠵᠤ ᠥᠪᠥᠷ ᠮᠣᠩᠭᠣᠯ ᠤ᠋ᠨ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠦᠢᠯᠡᠰ ᠤ᠋ᠨ ᠬᠥᠭᠵᠢᠬᠦᠯᠦᠯᠲᠡ ᠢ᠋ᠢᠨ ᠲᠥᠪ ᠤ᠋ᠨ ᠬᠠᠮᠢᠶ᠎ᠠ ᠪᠥᠬᠥᠶ ᠬᠠᠷᠢᠭᠤᠴᠠᠯᠭᠠᠲᠠᠨ ᠢᠯᠡᠷᠬᠡᠶ᠋ᠢᠯᠡᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号