ᠬᠤᠳᠠᠯ ᠬᠠᠭᠤᠷᠮᠠᠭ ᠪᠣᠷᠤᠯᠠᠭᠤᠯᠭ᠎ᠠ ᠵᠢ ᠬᠣᠷᠢᠭᠯᠠᠶ᠎ᠠ
2026-07-27 11:01:15
ᠵᠣᠬᠢᠶᠠᠭ᠍ᠴᠢ᠄
ᠱᠢ ᠹᠸᠩ
ᠣᠩᠱᠢᠭ᠍ᠰᠠᠨ ᠣᠳᠠᠭ᠎ᠠ᠄
★★★☆☆

ᠣᠢᠷ᠎ᠠ᠎ᠳᠤ ᠵᠠᠷᠢᠮ ᠵᠠᠭᠤᠴᠢᠯᠠᠭᠤᠷ᠎ᠤᠨ ᠬᠢᠨ ᠰᠢᠨ᠎ᠡ ᠰᠣᠷᠭᠣᠭ ᠵᠢᠮᠢᠰ᠎ᠦᠨ ᠰᠢᠭᠦᠰᠦ ᠦᠢᠯᠡᠳᠪᠦᠷᠢᠯᠡᠬᠦ ᠠᠵᠤ ᠠᠬᠤᠢᠯᠠᠯ᠎ᠤᠨ ᠦᠢᠯᠡᠳᠪᠦᠷᠢᠯᠡᠯ᠎ᠦᠨ ᠲᠠᠰᠤᠭ᠎ᠢ ᠨᠢᠭᠤᠴᠠ᠎ᠪᠠᠷ ᠰᠤᠷᠪᠤᠯᠵᠢᠯᠠᠭᠠᠳ᠂ ᠦᠢᠯᠡᠳᠪᠦᠷᠢ᠎ᠶᠢᠨ ᠲᠠᠰᠤᠭ᠎ᠲᠤ ᠵᠢᠮᠢᠰ ᠵᠢᠴᠢ ᠰᠢᠨ᠎ᠡ ᠰᠣᠷᠭᠣᠭ ᠵᠢᠮᠢᠰ᠎ᠦᠨ ᠰᠢᠭᠦᠰᠦ ᠨᠢᠬᠡ᠎ᠴᠦ ᠪᠠᠢᠬᠤ ᠦᠭᠡᠢ ᠵᠢ ᠣᠯᠵᠦ ᠮᠡᠳᠡᠵᠡᠢ᠃ ᠲᠡᠳᠡᠨ᠎ᠦ 《ᠰᠢᠨ᠎ᠡ ᠰᠣᠷᠭᠣᠭ ᠵᠢᠮᠢᠰ᠎ᠢ ᠬᠦᠢᠳᠡᠨ ᠵᠢᠡᠷ ᠰᠢᠬᠠᠭᠠᠳ ᠰᠢᠬᠦᠰᠦ ᠭᠠᠷᠭᠠᠵᠦ ᠪᠠᠢᠨ᠎ᠠ》 ᠭᠡᠳᠡᠭ ᠨᠢ ᠴᠥᠮ ᠤᠰᠤ᠂ ᠡᠭᠡᠳᠡᠩ᠎ᠵᠢᠡᠷ ᠨᠠᠢᠷᠠᠭᠤᠯᠵᠤ ᠭᠠᠷᠭᠠᠬᠰᠠᠨ ᠵᠦᠢᠯ ᠪᠠᠢᠵᠦ᠂ ᠦᠢᠯᠡᠳᠪᠦᠷᠢ᠎ᠡᠴᠡ ᠪᠣᠭᠣᠳᠠᠯ ᠪᠠᠭᠯᠠᠭ᠎ᠠ ᠳᠡᠭᠡᠷᠡᠬᠢ 《100%》 《NFC》 ᠵᠡᠷᠭᠡ᠎ᠱᠣᠰᠢᠭ᠎ᠠ ᠲᠡᠮᠳᠡᠭ᠎ᠢ ᠰᠣᠯᠢᠵᠦ ᠬᠡᠷᠡᠭᠯᠡᠬᠦ᠎ᠳᠤ ᠲᠦᠰᠢᠭᠯᠡᠵᠦ ᠪᠠᠢᠨ᠎ᠠ ᠭᠡᠵᠦ ᠰᠢᠭᠤᠳ ᠶᠠᠷᠢᠵᠦ ᠪᠣᠢ᠃ ᠨᠢᠭᠣᠴᠠ ᠪᠡᠷ ᠰᠣᠷᠪᠣᠯᠵᠢᠯᠠᠭᠴᠢᠳ NFC ᠵᠢᠮᠢᠰ᠎ᠦᠨ ᠰᠢᠭᠦᠰᠦ᠎ᠶᠢᠨ ᠨᠡᠷ᠎ᠡ ᠨᠢᠳᠡᠷ᠎ᠲᠡᠬᠡᠨ ᠥᠯᠥ ᠨᠡᠢᠴᠡᠬᠦ ᠪᠠᠢᠳᠠᠯ᠎ᠢ ᠪᠠᠢᠴᠠᠭᠠᠨ ᠭᠠᠷᠭᠠᠬᠰᠠᠨ ᠨᠢ ᠰᠦᠯᠵᠢᠶᠡᠴᠢᠳ᠎ᠤᠨ ᠠᠩᠬᠠᠷᠤᠯ᠎ᠢ ᠶᠡᠬᠡ ᠲᠠᠲᠠᠵᠤ ᠪᠠᠢᠨ᠎ᠠ᠃


fa06146e-d9e5-481e-99e6-db0bf5572562.png


ᠸᠠᠩ ᠱᠣᠣ ᠬᠣᠸᠠ ᠵᠢᠷᠣᠪᠠ


NFC ᠵᠢᠮᠢᠰ᠎ᠦᠨ ᠰᠢᠭᠦᠰᠦ᠎ᠶᠢ ᠪᠠᠰᠠ 《ᠥᠳᠬᠡᠷᠡᠭᠦᠯᠦᠭᠰᠡᠨ ᠦᠭᠡᠢ ᠰᠢᠭᠦᠰᠦ》 ᠭᠡᠳᠡᠭ᠂ ᠡᠨᠡ ᠨᠢ ᠤᠯᠤᠰ ᠲᠠᠭᠠᠨ ᠦᠢᠯᠡᠳᠪᠦᠷᠢᠯᠡᠭᠰᠡᠨ ᠤᠮᠳᠠᠭᠠᠨ᠎ᠤ ᠶᠠᠰᠤ ᠴᠢᠨᠠᠷ᠎ᠢ ᠲᠠᠰ ᠳᠡᠪᠰᠢᠭᠦᠯᠦᠭᠰᠡᠨ ᠪᠦᠳᠦᠭᠡᠭᠳᠡᠬᠦᠨ ᠪᠣᠯᠣᠨ᠎ᠠ᠂ ᠡᠨᠡ ᠎ᠬᠦ ᠵᠢᠮᠢᠰ᠎ᠦᠨ ᠰᠢᠬᠦᠰᠦ ᠨᠢ ᠬᠡᠷᠡᠭᠯᠡᠭᠴᠢᠳ᠎ᠦᠨ ᠲᠠᠭᠠᠰᠢᠶᠠᠯ᠎ᠢ ᠶᠡᠬᠡ ᠣᠯᠵᠤ ᠪᠠᠢᠨ᠎ᠠ᠃ ᠭᠡᠲᠡᠯ᠎ᠡ NFC᠎ᠤᠨ ᠱᠣᠰᠢᠭ᠎ᠠ᠎ᠶᠢ ᠳᠤᠷ᠎ᠠ᠎ᠪᠠᠷ᠎ᠢᠶᠠᠨ ᠬᠡᠷᠡᠭᠯᠡᠭᠡᠳ᠂ ᠶᠠᠰᠤ ᠴᠢᠨᠠᠷ ᠵᠢᠡᠨ ᠨᠦᠯᠦᠬᠡᠯᠡᠵᠦ ᠪᠣᠢ᠃ ᠬᠠᠮᠤᠭ᠎ᠦᠨ ᠰᠡᠭᠦᠯ ᠳ᠋ᠦ᠍ ᠮᠡᠬᠡᠯᠡᠭᠳᠡᠵᠦ ᠬᠤᠤᠷ ᠠᠮᠰᠠᠬᠤ ᠨᠢ ᠬᠡᠷᠡᠭᠯᠡᠭᠴᠢᠳ ᠲᠡᠳᠦᠢ ᠪᠢᠰᠢ᠂ ᠪᠠᠰᠠ ᠲᠡᠳᠡᠭᠡᠷ ᠨᠣᠮᠣᠬᠠᠨ ᠰᠢᠳᠤᠷᠭᠤ᠎ᠪᠠᠷ ᠡᠵᠡᠩᠨᠡᠵᠦ ᠪᠠᠢᠭ᠎ᠠ ᠵᠢᠩᠬᠢᠨᠢ ᠦᠢᠯᠡᠳᠪᠦᠷᠢ᠎ᠨᠦᠭᠦᠳ ᠪᠣᠯᠣᠨ᠎ᠠ᠃ ᠬᠢᠨᠠᠯᠲᠠ ᠬᠠᠮᠢᠶᠠᠷᠤᠯᠲᠠ᠎ᠶᠢᠨ ᠰᠠᠯᠠᠭ᠎ᠠ ᠮᠥᠴᠢᠷ ᠪᠣᠯᠣᠨ ᠲᠠᠪᠴᠠᠩ ᠡᠴᠡ ᠬᠠᠮᠢᠶᠠᠷᠤᠯᠲᠠ᠎ᠪᠠᠨ ᠴᠢᠩᠭᠠᠳᠬᠠᠵᠤ᠂ ᠦᠢᠯᠡᠳᠪᠦᠷᠢ ᠴᠦ᠍ 《ᠱᠣᠰᠢᠭ᠎ᠠ ᠲᠡᠮᠳᠡᠭ᠎ᠦᠨ ᠶᠧᠯᠸᠢ》 ᠶ᠋ᠢ ᠲᠡᠪᠴᠢᠵᠦ᠂ ᠶᠠᠰᠤ ᠴᠢᠨᠠᠷ᠎ᠵᠢᠡᠨ ᠳᠡᠭᠡᠭᠰᠢᠯᠡᠭᠦᠯᠪᠡᠯ ᠰᠠᠶᠢ ᠬᠡᠷᠡᠭᠯᠡᠭᠴᠢᠳ᠎ᠦᠨ ᠢᠲᠡᠭᠡᠯ᠎ᠢ ᠣᠯᠵᠤ ᠴᠢᠳᠠᠨ᠎ᠠ᠃

          — 《ᠠᠵᠦ ᠠᠬᠣᠢ ᠵᠢᠨ ᠡᠳᠦᠷ᠎ᠦᠨ ᠰᠣᠨᠢᠨ》 ᠡᠴᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号