ᠦᠪᠤᠷ ᠮᠤᠩᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠴᠠᠭ ᠠᠭᠤᠷ ᠤ᠋ᠨ ᠲᠤᠪᠴᠢᠶ᠎ᠠ ᠡᠴᠡ᠂ 7 ᠰᠠᠷ᠎ᠠ ᠵᠢᠨ 26 ᠤ᠋ ᠡᠳᠤᠷ ᠮᠠᠨ ᠤ᠋ ᠤᠷᠤᠨ ᠤ᠋ ᠤᠯᠠᠨ ᠭᠠᠵᠠᠷ ᠲᠦ᠍ ᠢᠯᠡᠷᠡᠭᠰᠡᠨ ᠠᠭᠠᠬᠢᠮ᠎ᠠ ᠬᠠᠯᠠᠭᠤᠨ ᠠᠭᠤᠷ ᠠᠮᠢᠰᠬᠤᠯ 31 ᠤ᠋ ᠡᠳᠤᠷ ᠪᠤᠯᠳᠠᠯ᠎ᠠ ᠦᠷᠬᠦᠯᠵᠢᠯᠡᠵᠤ᠂ ᠨᠦᠯᠦᠬᠡᠯᠡᠬᠦ ᠬᠦᠷᠢᠶ᠎ᠠ ᠬᠡᠪᠴᠢᠶ᠎ᠠ ᠨᠢ ᠶᠡᠬᠡ᠂ ᠦᠷᠬᠦᠯᠵᠢᠯᠡᠬᠦ ᠴᠠᠭ ᠨᠢ ᠤᠷᠳᠤ ᠪᠤᠯᠬᠤᠷ ᠨᠠᠷᠠᠰᠢᠬᠤ ᠵᠢ ᠰᠡᠷᠬᠡᠢᠯᠡᠬᠦ ᠴᠢᠬᠤᠯᠠᠳᠠᠢ᠂ ᠮᠠᠯᠵᠢᠬᠤ ᠲᠠᠷᠢᠶᠠᠯᠠᠬᠤ ᠤᠷᠤᠨ ᠤ᠋ ᠬᠢᠨ ᠪᠠᠰᠠ ᠭᠠᠩ ᠬᠠᠭᠰᠠᠷᠠᠭᠠᠨ ᠲᠠᠢ ᠲᠡᠮᠡᠴᠡᠵᠤ ᠲᠠᠷᠢᠶᠠᠨ ᠴᠢᠬᠢ ᠵᠢ ᠬᠠᠮᠠᠭᠠᠯᠠᠬᠤ ᠪᠠ ᠮᠠᠯ ᠤᠨᠤᠭ᠎ᠠ ᠵᠢᠨ ᠤᠰᠤ ᠤᠮᠳᠠ ᠵᠢᠨ ᠪᠠᠳᠤᠯᠠᠭ᠎ᠠ ᠵᠢ ᠠᠩᠬᠠᠷᠬᠤ ᠴᠢᠬᠤᠯᠠᠳᠠᠢ ᠬᠡᠮᠡᠨ ᠤᠨᠴᠠᠯᠠᠨ ᠰᠠᠨᠠᠭᠤᠯᠵᠤ ᠪᠠᠢᠨ᠎ᠠ᠃
ᠠᠯᠠᠱᠠ ᠠᠢᠮᠠᠭ ᠤ᠋ᠨ ᠶᠡᠬᠡᠩᠬᠢ ᠭᠠᠵᠠᠷ᠂ ᠪᠠᠶᠠᠠᠨᠠᠭᠤᠷ ᠬᠤᠳᠠ ᠵᠢᠨ ᠡᠮᠤᠨ᠎ᠠ ᠪᠠᠶ᠎ᠠ ᠪᠤᠯᠤᠨ ᠬᠤᠢᠳᠤ ᠪᠠᠶ᠎ᠠ ᠵᠢᠨ ᠬᠤᠢᠳᠤ ᠬᠡᠰᠡᠭ᠂ ᠤᠷᠳᠤᠰ ᠬᠤᠳᠠ ᠵᠢᠨ ᠪᠠᠷᠠᠭᠤᠨ ᠬᠤᠢᠳᠤ ᠪᠠᠶ᠎ᠠ᠂ ᠪᠤᠭᠤᠳᠤ ᠬᠤᠳᠠ ᠵᠢᠨ ᠬᠤᠢᠳᠤ ᠪᠡᠶ᠎ᠠ ᠪᠤᠯᠤᠨ ᠡᠮᠤᠨ᠎ᠠ ᠪᠠᠶ᠎ᠠ ᠵᠢᠨ ᠡᠮᠤᠨ᠎ᠠ ᠬᠡᠰᠡᠭ᠂ ᠤᠯᠠᠭᠠᠨᠴᠠᠪ ᠬᠤᠳᠠ ᠵᠢᠨ ᠬᠤᠢᠳᠤ ᠪᠠᠶ᠎ᠠ᠂ ᠰᠢᠯᠢ ᠵᠢᠨ ᠭᠤᠤᠯ ᠠᠢᠮᠠᠭ ᠤ᠋ᠨ ᠲᠤᠮᠳᠠ ᠪᠠᠶ᠎ᠠ ᠪᠤᠯᠤᠨ ᠬᠤᠢᠳᠤ ᠪᠠᠶ᠎ᠠ᠂ ᠤᠯᠠᠭᠠᠨᠬᠠᠳᠠ ᠬᠤᠳᠠ ᠵᠢᠨ ᠲᠤᠮᠳᠠ ᠪᠠᠶ᠎ᠠ ᠪᠤᠯᠤᠨ ᠵᠡᠬᠦᠨ ᠪᠠᠶ᠎ᠠ᠂ ᠲᠦᠩᠯᠢᠶᠤᠤ ᠬᠤᠳᠠ ᠵᠢᠨ ᠶᠡᠬᠡᠩᠬᠢ ᠭᠠᠵᠠᠷ᠂ ᠬᠢᠩᠭᠠᠨ ᠠᠢᠮᠠᠭ ᠤ᠋ᠨ ᠡᠮᠤᠨ᠎ᠠ ᠪᠠᠶ᠎ᠠ᠂ ᠬᠦᠯᠦᠨ ᠪᠤᠢᠷ ᠬᠤᠳᠠ ᠵᠢᠨ ᠪᠠᠷᠠᠭᠤᠨ ᠡᠮᠤᠨ᠎ᠠ ᠪᠠᠶ᠎ᠠ ᠳ᠋ᠤ 35 ᠭᠷᠠᠳᠦ᠋ᠰ ᠪᠤᠶᠤ 37 ᠭᠷᠠᠳᠦ᠋ᠰ ᠵᠢᠴᠢ ᠲᠡᠬᠦᠨ ᠡᠴᠡ ᠲᠠᠬᠡᠭᠰᠢᠬᠢ ᠠᠭᠠᠬᠢᠮ᠎ᠠ ᠬᠠᠯᠠᠭᠤᠨ ᠠᠭᠤᠷ ᠠᠮᠢᠰᠬᠤᠯ 7 ᠰᠠᠷ᠎ᠠ ᠵᠢᠨ 31 ᠤ᠋ ᠡᠳᠤᠷ ᠪᠤᠯᠳᠠᠯ᠎ᠠ ᠦᠷᠬᠦᠯᠵᠢᠯᠡᠨᠠ᠃ ᠡᠬᠦᠨ ᠳ᠋ᠤ ᠠᠯᠠᠱᠠ ᠠᠢᠮᠠᠭ ᠤ᠋ᠨ ᠬᠤᠢᠳᠤ ᠪᠠᠶ᠎ᠠ᠂ ᠪᠠᠶᠠᠠᠨᠠᠭᠤᠷ ᠬᠤᠳᠠ ᠵᠢᠨ ᠪᠠᠷᠠᠭᠤᠨ ᠬᠤᠢᠳᠤ ᠪᠠᠶ᠎ᠠ ᠵᠢᠨ ᠬᠡᠰᠡᠭ ᠭᠠᠵᠠᠷ᠂ ᠰᠢᠯᠢ ᠵᠢᠨ ᠭᠤᠤᠯ ᠠᠢᠮᠠᠭ ᠤ᠋ᠨ ᠵᠡᠬᠦᠨ ᠬᠤᠢᠳᠤ ᠪᠠᠶ᠎ᠡ ᠵᠢᠨ ᠬᠡᠰᠡᠭ ᠭᠠᠵᠠᠷ᠂ ᠤᠯᠠᠭᠠᠨᠬᠠᠳᠠ ᠬᠤᠳᠠ ᠵᠢᠨ ᠵᠡᠬᠦᠨ ᠪᠠᠶ᠎ᠠ ᠵᠢᠨ ᠬᠡᠰᠡᠭ ᠭᠠᠵᠠᠷ ᠂ ᠲᠦᠩᠯᠢᠶᠤᠤ ᠬᠤᠳᠠ ᠵᠢᠨ ᠲᠤᠮᠳᠠ ᠪᠠᠶ᠎ᠠ ᠪᠤᠯᠤᠨ ᠪᠠᠷᠠᠭᠤᠨ ᠪᠠᠶ᠎ᠠ᠂ ᠬᠦᠯᠦᠨ ᠪᠤᠢᠷ ᠬᠤᠳᠠ ᠵᠢᠨ ᠪᠠᠷᠠᠭᠤᠨ ᠡᠮᠤᠨ᠎ᠠ ᠪᠠᠶ᠎ᠡ ᠳ᠋ᠤ 40 ᠭᠷᠠᠳᠦ᠋ᠰ ᠵᠢᠴᠢ ᠲᠡᠬᠦᠨ ᠡᠴᠡ ᠲᠠᠬᠡᠭᠰᠢᠬᠢ ᠠᠭᠠᠬᠢᠮ᠎ᠠ ᠬᠠᠯᠠᠭᠤᠨ ᠠᠭᠤᠷ ᠠᠮᠢᠰᠬᠤᠯ ᠦᠷᠬᠦᠯᠵᠢᠯᠡᠨᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号