ᠰᠤᠷᠭᠠᠨ ᠬᠥᠮᠦᠵᠢᠯᠤᠨ ᠪᠠᠭᠰᠢ ᠠᠵᠢᠯᠲᠠᠨᠦ ᠨᠠᠰᠤᠨ ᠳ᠋ᠦ᠍ ᠦᠯᠦ ᠭᠦᠷᠦᠭᠰᠡᠳᠤᠨ ᠡᠷᠭᠡ ᠠᠰᠢᠭ ᠢ᠋ ᠬᠠᠮᠠᠭᠠᠯᠠᠬᠤ ᠤᠬᠠᠮᠰᠠᠷᠢ ᠴᠢᠨᠭᠭᠠᠳᠬᠠᠵᠦ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠴᠢᠳᠠᠪᠤᠷᠢ ᠶ᠋ᠢ ᠤᠯᠠᠮ ᠵᠢᠡᠷ ᠲᠡᠭᠡᠭᠰᠢᠯᠡᠭᠦᠯᠵᠦ᠂ ᠠᠮᠤᠷ ᠲᠦᠪᠰᠢᠨ᠂ ᠡᠶ᠎ᠡ ᠵᠣᠬᠢᠴᠠᠯ ᠲᠠᠢ ᠰᠤᠷᠭᠠᠭᠤᠯᠢ ᠶ᠋ᠢᠨ ᠬᠦᠷᠢᠶᠠᠨᠤ ᠣᠷᠴᠢᠨ ᠢ᠋ ᠪᠤᠢ ᠪᠤᠯᠭᠠᠬᠤᠶᠢᠨ ᠲᠥᠯᠥᠭᠡ᠂ ᠤᠯᠠᠭᠠᠨᠬᠠᠳᠠ ᠬᠤᠲᠠ ᠶ᠋ᠢᠨ ᠠᠷᠤ ᠬᠣᠷᠴᠢᠨ ᠬᠣᠰᠢᠭᠤᠨ ᠤ ᠠᠷᠠᠳᠤᠨ ᠪᠠᠢᠴᠠᠭᠠᠬᠤ ᠬᠣᠷᠢᠶ᠎ᠠ ᠤᠢᠷᠠᠳᠤ ᠴᠢᠪᠠᠭ᠎ᠠ ᠲᠤᠷᠰᠢᠯᠲᠠ ᠶ᠋ᠢᠨ ᠪᠠᠭ᠎ᠠ ᠰᠤᠷᠭᠠᠭᠤᠯᠢ ᠳ᠋ᠦ᠍ ᠬᠦᠷᠴᠦ᠂ ᠪᠦᠭᠦ ᠪᠠᠭ᠍ᠰᠢ ᠠᠵᠢᠯᠲᠠᠨ ᠳ᠋ᠦ᠍ ᠰᠤᠷᠭᠠᠭᠤᠯᠢᠶᠢᠨ ᠬᠦᠷᠢᠶᠠᠨᠤ ᠬᠦᠴᠦᠷᠬᠡᠭᠯᠡᠯ ᠢ᠋ ᠬᠡᠷᠬᠢᠨ ᠰᠡᠷᠭᠡᠢᠯᠡᠬᠦ ᠲᠤᠬᠠᠢ ᠲᠤᠰᠬᠠᠢ ᠲᠠᠢᠯᠤᠮᠵᠢ ᠬᠢᠪᠠ᠃
ᠲᠠᠢᠯᠤᠮᠵᠢ ᠳ᠋ᠦ᠍ ᠰᠤᠷᠭᠠᠭᠤᠯᠢ ᠶ᠋ᠢᠨ ᠬᠦᠷᠢᠶᠠᠨ ᠤ ᠬᠦᠴᠦᠷᠬᠡᠭᠯᠡᠯᠤᠨ ᠬᠦᠷᠢᠶ᠎ᠡ ᠬᠡᠪᠴᠢᠶ᠎ᠡ᠂ ᠢᠯᠡᠷᠡᠬᠦ ᠭᠡᠯᠪᠡᠷᠢ ᠵᠢᠴᠢ ᠲᠡᠭᠦᠨᠤ ᠨᠦᠯᠦᠭᠡ ᠪᠠ ᠰᠢᠢᠳᠪᠦᠷᠢᠯᠡᠬᠦ ᠠᠷᠭ᠎ᠠ ᠪᠠᠷᠢᠯ ᠢ᠋ ᠳᠡᠯᠭᠡᠷᠡᠭᠦᠯᠦᠨ ᠶᠠᠷᠢᠪᠠ᠃ ᠪᠤᠳᠠᠳᠤ ᠬᠡᠷᠡᠭᠵᠢᠡᠷ ᠵᠢᠱ᠌ᠢᠶᠠᠯᠠᠵᠦ᠂ ᠦᠭᠡ ᠶᠠᠷᠢᠶᠠᠨ ᠤ ᠬᠦᠴᠦᠷᠬᠡᠭᠯᠡᠯ᠂ ᠭᠠᠳᠠᠭᠤᠷᠴᠢᠯᠠᠯ ᠪᠠ ᠲᠣᠣᠷ ᠰᠦᠯᠵᠢᠶᠡᠨ ᠤ ᠬᠦᠴᠦᠷᠬᠡᠭᠯᠡᠯ ᠵᠡᠷᠭᠡ ᠰᠤᠷᠭᠠᠭᠤᠯᠢᠶᠢᠨ ᠬᠦᠷᠢᠶᠡᠨ ᠳ᠋ᠦ᠍ ᠡᠭᠦᠰᠳᠡᠭ ᠶᠠᠨᠭᠵᠦ ᠪᠦᠷᠢ ᠵᠢᠨ ᠬᠦᠴᠦᠷᠬᠡᠭᠯᠡᠯ ᠢ᠋ ᠲᠠᠢᠯᠪᠤᠷᠢᠯᠠᠨ ᠶᠠᠷᠢᠭᠰᠠᠨ ᠪᠦᠭᠡᠳ ᠡᠳᠡᠭᠡᠷ ᠬᠦᠴᠦᠷᠬᠡᠭᠯᠡᠯ ᠨᠢ ᠰᠤᠷᠭᠠᠭᠤᠯᠢ ᠶ᠋ᠢᠨ ᠬᠠᠮᠢᠶᠠᠷᠤᠯᠲᠠ ᠶ᠋ᠢᠨ ᠡᠮᠬᠢ ᠲᠢᠭᠯᠢᠮ ᠢ᠋ ᠬᠦᠨᠳᠦ ᠨᠣᠴᠢᠲᠠᠢ ᠡᠪᠳᠡᠬᠦ ᠪᠡᠷ ᠪᠠᠷᠠᠬᠤ ᠦᠭᠡᠢ᠂ ᠨᠠᠰᠤᠨ ᠳ᠋ᠦ᠍ ᠦᠯᠦ ᠭᠦᠷᠦᠭᠰᠡᠳᠤᠨ ᠪᠠᠶ᠎ᠠ ᠮᠠᠬᠠᠪᠤᠳ ᠪᠤᠯᠤᠨ ᠤᠶᠤᠨ ᠰᠠᠨᠠᠭ᠎ᠠ ᠵᠢ ᠶᠡᠭᠡ ᠪᠡᠷ ᠨᠥᠯᠥᠭᠡᠯᠡᠳᠡᠭᠢ ᠲᠠᠢᠯᠪᠤᠷᠢᠯᠠᠨ ᠦᠭᠪᠡ᠃ ᠡᠭᠦᠨ ᠤ ᠬᠠᠮᠲᠤ᠂ ᠢᠯᠡᠴᠢᠯᠡᠨ ᠮᠡᠳᠡᠭᠦᠯᠬᠦ ᠳᠦᠷᠢᠮ ᠢ᠋ ᠲᠠᠨᠢᠯᠴᠠᠭᠤᠯᠵᠤ᠂ ᠰᠤᠷᠭᠠᠭᠤᠯᠢ ᠶ᠋ᠢᠨ ᠬᠦᠷᠢᠶᠡᠨ ᠤ ᠬᠦᠴᠦᠷᠬᠡᠭᠯᠡᠯ ᠢ᠋ ᠰᠡᠷᠭᠡᠢᠯᠡᠬᠦ ᠪᠠ ᠰᠢᠢᠳᠪᠦᠷᠢᠯᠡᠬᠦ ᠳᠤᠮᠳᠠ ᠪᠠᠭ᠍ᠰᠢ ᠪᠣᠯᠣᠭᠰᠠᠳ ᠵᠠᠩᠭᠢᠯᠠᠭ᠎ᠠ ᠶ᠋ᠢᠨ ᠦᠢᠯᠡᠳᠦᠯ ᠢᠶᠡᠨ ᠪᠠᠳᠠᠷᠠᠭᠤᠯᠵᠤ᠂ ᠡᠷᠬᠡᠪᠰᠢ ᠴᠠᠭ ᠢᠮᠠᠭᠲᠠ ᠠᠩᠬᠠᠷᠤᠯ ᠳ᠋ᠠᠭᠠᠨ ᠠᠪᠴᠤ᠂ ᠬᠦᠴᠦᠷᠬᠡᠭᠯᠡᠯᠤᠨ ᠴᠢᠨᠠᠷᠳᠠᠢ ᠠᠰᠠᠭᠤᠳᠠᠯ ᠴᠤᠬᠤᠢᠮᠠᠭᠴᠠ ᠳᠠᠷᠤᠢ ᠳ᠋ᠦ᠍ᠨᠢ ᠪᠦᠲᠦᠮᠵᠢᠲᠡᠢ ᠠᠷᠭ᠎ᠠ ᠠᠪᠴᠠᠯ ᠠᠪᠴᠤ ᠬᠥᠲᠥᠯᠥᠨ ᠵᠢᠯᠤᠭᠣᠳᠴᠤ᠂ ᠰᠤᠷᠭᠠᠭᠤᠯᠢ ᠶ᠋ᠢᠨ ᠬᠦᠷᠢᠶᠠᠨ ᠤ ᠬᠦᠴᠦᠷᠬᠡᠭᠯᠡᠯᠢ ᠡᠬᠢ ᠡᠭᠦᠰᠦᠯ ᠡᠴᠡ ᠨᠢ ᠬᠣᠷᠢᠭ᠍ᠯᠠᠨ ᠵᠣᠭᠰᠣᠭᠠᠬᠤ ᠬᠡᠷᠡᠭᠲᠡᠢ ᠭᠡᠵᠦ ᠰᠠᠨᠠᠭᠤᠯᠵᠠᠢ᠃
ᠲᠤᠰ ᠤᠳᠠᠭ᠎ᠠ ᠵᠢᠨ ᠤᠬᠠᠭᠤᠯᠭ᠎ᠠ ᠨᠢ ᠪᠠᠭ᠍ᠰᠢ ᠠᠵᠢᠯᠲᠠᠨ ᠦ ᠬᠠᠤᠯᠢ ᠴᠠᠭᠠᠵᠠ ᠶ᠋ᠢᠨ ᠤᠬᠠᠮᠰᠠᠷ᠂ ᠬᠠᠷᠢᠭᠤᠴᠠᠯᠭᠠᠲᠤ ᠰᠡᠳᠬᠢᠯᠭᠡ ᠪᠠ ᠤᠷᠢᠳᠴᠢᠯᠠᠨ ᠰᠡᠷᠭᠡᠢᠯᠡᠬᠦ ᠤᠬᠠᠮᠰᠠᠷ ᠢ᠋ ᠲᠠᠭᠡᠭᠰᠢᠯᠡᠭᠦᠯᠤᠨ ᠴᠢᠨᠭᠭᠠᠳᠬᠠᠵᠤ᠂ ᠨᠠᠰᠤᠨ ᠳ᠋ᠦ᠍ ᠦᠯᠦ ᠭᠦᠷᠦᠭᠰᠡᠳ ᠢ᠋ ᠬᠠᠤᠯᠢ ᠶᠤᠰᠤᠭᠠᠷ ᠬᠠᠮᠠᠭᠠᠯᠠᠬᠤ ᠠᠵᠢᠯ ᠢ᠋ ᠭᠦᠨᠵᠡᠭᠡᠢᠷᠡᠭᠦᠯᠦᠨ᠂ ᠰᠤᠷᠭᠠᠭᠤᠯᠢᠶᠢᠨ ᠬᠦᠷᠢᠶᠡᠨᠤ ᠣᠷᠴᠢᠨ ᠨᠡᠩ ᠡᠶ᠎ᠡ ᠵᠤᠬᠢᠴᠠᠯ ᠲᠠᠢ ᠪᠤᠯᠬᠤ ᠵᠢ ᠠᠬᠢᠭᠤᠯᠵᠠᠢ᠃