ᠯᠢᠨᠾᠧ ᠲᠣᠭᠣᠷᠢᠭ᠎ᠤ᠋ᠨ 27 ᠳ᠋ᠤᠭᠠᠷ ᠬᠤᠭᠤᠴᠠᠭᠠᠨ᠎ᠤ᠋ ᠵᠤᠨ᠎ᠤ ᠤᠯᠠᠷᠢᠯ᠎ᠤᠨ ᠰᠣᠶᠣᠯ ᠤᠷᠠᠯᠢᠭ᠎ᠤ᠋ᠨ ᠰᠢᠷᠢᠰ ᠠᠵᠢᠯᠯᠠᠭ᠎ᠠ ᠡᠬᠢᠯᠡᠯ᠎ᠡ
2026-07-03 11:06:22
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

6 ᠰᠠᠷ᠎ᠠ᠎ᠶ᠋ᠢᠨ 30 ᠤ᠋ ᠣᠷᠣᠢ᠂ ᠪᠠᠶᠠᠨᠨᠠᠭᠤᠷ ᠬᠣᠲᠠ᠎ᠶ᠋ᠢᠨ ᠯᠢᠨᠾᠧ ᠲᠣᠭᠣᠷᠢᠭ᠎ᠤ᠋ᠨ ᠬᠠᠲᠤᠨ ᠭᠣᠣᠯ᠎ᠤ᠋ᠨ ᠲᠤᠬᠤᠢ  ᠶᠠᠪᠠᠭᠠᠨ ᠵᠡᠭᠡᠯᠢ᠎ᠳᠤ ᠳ᠋ᠧᠩ᠎ᠤᠨ ᠭᠡᠷᠡᠯ ᠬᠡᠷᠡᠯᠳᠦᠵᠦ ᠂ ᠤᠶᠠᠩᠭᠠᠲᠤ  ᠳᠠᠭᠤᠤ  ᠬᠠᠩᠬᠢᠨᠠᠨ ᠴᠤᠤᠷᠢᠶᠠᠲᠤᠵᠤ᠂ ᠯᠢᠨᠾᠧ  ᠲᠣᠭᠣᠷᠢᠭ᠎ᠤ᠋ᠨ 27 ᠳ᠋ᠤᠭᠠᠷ ᠬᠤᠭᠤᠴᠠᠭᠠᠨ᠎ᠤ᠋ ᠵᠤᠨ᠎ᠤ᠋ ᠤᠯᠠᠷᠢᠯ᠎ᠤ᠋ᠨ ᠰᠣᠶᠣᠯ ᠤᠷᠠᠯᠢᠭ᠎ᠤ᠋ᠨ ᠰᠢᠷᠢᠰ ᠠᠵᠢᠯᠯᠠᠭ᠎ᠠ᠎ᠶ᠋ᠢᠨ ᠡᠬᠢᠯᠡᠯᠲᠡ᠎ᠶ᠋ᠢᠨ ᠶᠣᠰᠣᠯᠠᠯ᠎ᠤ᠋ᠨ ᠶᠡᠷᠦᠩᠬᠡᠢᠯᠡᠭᠰᠡᠨ ᠲᠤᠰᠬᠠᠢ ᠲᠣᠭᠯᠠᠯᠲᠠ ᠬᠦᠷ ᠬᠦᠭᠵᠢᠶᠡᠨ ᠲᠠᠢ ᠶᠠᠪᠤᠭᠳᠠᠪᠠ᠃

ᠲᠣᠭᠯᠠᠯᠲᠠ ᠨᠢ︽ᠬᠢᠵᠠᠭᠠᠷ ᠦᠭᠡᠢ·ᠬᠦᠰᠡᠯ᠎ᠢᠶᠡᠨ ᠬᠦᠭᠡᠭᠡᠴᠡᠯᠳᠦᠬᠦ︾ᠭᠡᠬᠦ ᠬᠠᠮᠲᠤ᠎ᠶᠢᠨ ᠪᠥᠵᠢᠭ ᠲᠤ᠌ ᠬᠥᠰᠢᠭᠡ᠎ᠪᠡᠨ ᠰᠡᠭᠦᠵᠦ᠂ ᠲᠣᠭᠯᠠᠭᠴᠢᠳ ᠰᠡᠳᠬᠢᠯ ᠬᠥᠳᠡᠯᠦᠮ᠎ᠡ ᠪᠥᠵᠢᠭ᠎ᠦ᠋ᠨ ᠠᠯᠬᠤᠭ᠎ᠠ᠎ᠪᠠᠨ ᠣᠨᠣᠪᠴᠢᠲᠠᠢ ᠠᠯᠬᠤᠯᠠᠨ᠂ ᠵᠠᠯᠠᠭᠤ ᠨᠠᠰᠤᠨ᠎ᠤ᠋ ᠴᠣᠭ ᠵᠢᠪᠬᠤᠭ᠎ᠠ ᠪᠠ ᠬᠦᠰᠡᠯ᠎ᠢᠶᠡᠨ ᠭᠦᠭᠡᠭᠡᠴᠡᠯᠳᠦᠬᠦ ᠬᠦᠴᠦᠨ ᠴᠢᠳᠠᠯ᠎ᠢᠶᠡᠨ ᠪᠦᠵᠢᠭ᠎ᠤᠨ ᠬᠥᠳᠡᠯᠦᠯ᠎ᠳᠡᠭᠡᠨ ᠠᠭᠤᠰᠬᠠᠨ ᠤᠷᠤᠭᠤᠯᠵᠤ᠂ ᠬᠦᠳᠡᠯᠦᠯ ᠪᠦᠷᠢ ᠨᠢ ᠪᠦᠷ ᠲᠠᠢᠰᠠᠨ ᠳᠣᠣᠷᠠᠬᠢ ᠦᠵᠡᠭᠴᠢᠳ᠎ᠢ ᠤᠤᠬᠠᠢᠯᠠᠨ ᠱᠠᠭᠰᠢᠭᠤᠯᠤᠨ᠎ᠠ᠃ ᠡᠷᠡᠭᠲᠡᠢ᠎ᠶ᠋ᠢᠨ ᠭᠣᠴᠣᠯᠠᠯ ᠳᠠᠭᠤᠤ ︽ᠮᠢᠨᠦ ᠨᠤᠲᠤᠭ ᠪᠠᠶᠠᠨᠨᠠᠭᠤᠷ︾ ᠨᠢ ᠨᠤᠳᠤᠭ᠎ᠤᠨ᠎ᠢᠶᠡᠨ ᠰᠠᠢᠨ ᠰᠠᠢᠬᠠᠨ ᠦᠩᠭᠡ ᠦᠵᠡᠮᠵᠢ᠎ᠵᠢ ᠵᠢᠷᠤᠬᠯᠠᠵᠤ᠂ ᠦᠭᠡ ᠪᠦᠷᠢ᠎ᠳᠤᠨᠢ ᠪᠤᠷᠤᠲᠤᠬᠤᠢ᠎ᠶ᠋ᠢᠨ ᠲᠠᠯ᠎ᠠ ᠨᠤᠲᠤᠭ᠎ᠤ᠋ᠨ ᠥᠩᠭᠡ ᠦᠵᠡᠮᠵᠢ ᠪᠣᠯᠤᠨ ᠨᠤᠲᠤᠭ ᠤᠰᠤᠨ᠎ᠤ᠋ ᠬᠠᠢᠷ᠎ᠠ ᠰᠡᠳᠬᠢᠯᠬᠡ ᠠᠭᠤᠯᠤᠭᠳᠠᠵᠤ᠂ ᠴᠥᠭᠡᠨ ᠪᠤᠰᠤ ᠦᠵᠡᠭᠴᠢᠳ ᠠᠢᠵᠠᠮ ᠎ᠤ᠋ᠨ ᠳᠠᠭᠠᠤ ᠨᠠᠮ ᠳᠠᠭᠤᠨ᠎ᠢ᠋ᠶ᠋ᠠᠷ ᠲᠠᠭᠠᠨ ᠳᠠᠭᠤᠯᠠᠵᠠᠭᠠᠨ᠎ᠠ᠃ ᠬᠠᠮᠲᠤᠷᠠᠭᠰᠠᠨ ᠬᠥᠭᠵᠢᠮ ᠎ᠤᠨ ᠲᠤᠭᠯᠠᠯᠲᠠ 《ᠯᠤᠤ ᠮᠣᠷᠢᠨ᠎ᠤ ᠴᠢᠪᠬᠠᠳᠠᠰᠤ᠎ᠶᠢᠨ ᠡᠭᠡᠰᠢᠭᠯᠡᠯ》 ᠨᠢ ᠨᠡᠩ ᠴᠦ᠍ ᠤᠯᠠᠮᠵᠢᠯᠠᠯᠲᠤ ᠬᠥᠭᠵᠢᠮ᠎ᠦ᠋ᠨ ᠥᠪᠡᠷᠮᠢᠴᠡ ᠬᠥᠭ ᠠᠢᠵᠠᠮ ᠢ᠋ ᠳᠡᠯᠭᠡᠵᠦ᠂ ᠳᠤᠮᠳᠠᠳᠤ᠎ᠶ᠋ᠢᠨ ᠰᠣᠶᠣᠯ᠎ᠤ᠋ᠨ ᠭᠦᠨ ᠵᠤᠵᠠᠭᠠᠨ ᠨᠠᠷᠢᠨ ᠠᠭᠤᠯᠭ᠎ᠠ᠎ᠶ᠋ᠢ ᠪᠦᠷᠢᠨ ᠭᠦᠢᠴᠡᠳ ᠬᠠᠷᠠᠭᠤᠯᠤᠭᠰᠠᠨ ᠪᠠᠢᠨ᠎ᠠ᠃

ᠲᠣᠭᠯᠠᠯᠲᠠ᠎ᠶ᠋ᠢᠨ ᠠᠬᠤᠢ ᠲᠠᠯᠠᠪᠠᠢ᠎ᠳ᠋ᠤ᠌ ᠬᠠᠯᠠᠭᠤᠨ ᠠᠭᠤᠷ ᠠᠮᠢᠰᠬᠤᠯ ᠦᠷᠭᠦᠯᠵᠢᠯᠡᠨ ᠨᠡᠮᠡᠭᠳᠡᠵᠦ᠂ ᠠᠯᠠᠭ᠎ᠠ ᠲᠡᠰᠢᠯᠲᠡ᠂ ᠤᠤᠬᠠᠢᠯᠠᠬᠤ ᠳᠠᠭᠤᠨ ᠤᠯᠠᠮ ᠡᠴᠡ ᠤᠯᠠᠮ ᠶᠡᠭᠡᠰᠴᠦ᠂ ᠴᠥᠭᠡᠨ ᠪᠤᠰᠤ ᠦᠵᠡᠭᠴᠢᠳ ᠭᠠᠷ ᠤᠲᠠᠰᠤ᠎ᠪᠠᠨ ᠡᠷᠭᠦᠨ ᠭᠣᠶᠣ ᠰᠠᠢᠬᠠᠨ ᠲᠤᠭᠯᠠᠯᠲᠠ᠎ᠵᠢ ᠵᠠᠪᠳᠤᠨ ᠰᠢᠩᠭᠡᠭᠡᠵᠦ ᠪᠡᠢᠯ᠎ᠡ᠃ ᠡᠨᠡ ᠤᠳᠠᠭ᠎ᠠ᠎ᠶ᠋ᠢᠨ ᠲᠣᠭᠯᠠᠯᠲᠠ ᠨᠢ ᠡᠷᠡᠭᠲᠡᠢ ᠡᠮᠡᠭᠲᠡᠢ᠎ᠶ᠋ᠢᠨ ᠭᠣᠴᠣᠯᠠᠯ ᠳᠠᠭᠤᠤ᠂ ᠱᠣᠭ ᠶᠠᠷᠢᠶ᠎ᠠ ᠪᠣᠯᠤᠨ ᠣᠷᠣᠨ ᠨᠤᠲᠤᠭ᠎ᠤ᠋ᠨ ᠣᠨᠴᠠᠯᠢᠭ᠎ᠲᠠᠢ ᠪᠥᠵᠢᠭ ᠵᠡᠷᠭᠡ ᠤᠯᠠᠮᠵᠢᠯᠠᠯᠲᠤ ᠳᠠᠭᠤᠤ ᠪᠥᠵᠢᠭ᠎ᠦ᠋ᠨ ᠤᠷᠠᠯᠢᠭ ᠎ᠢ᠋ ᠬᠠᠮᠤᠷᠤᠭᠤᠯᠤᠭᠰᠠᠨ ᠲᠡᠳᠦᠢ ᠦᠭᠡᠢ᠂ ᠮᠥᠨ ᠬᠢᠲ᠋ᠠᠷ᠎ᠤᠨ ᠲᠤᠭᠯᠠᠯᠲᠠ ᠪᠣᠯᠤᠨ ᠮᠤᠳᠧᠯ᠎ᠤᠨ ᠠᠯᠬᠤᠭ᠎ᠠ ᠵᠡᠷᠭᠡ ᠣᠷᠴᠢᠨ ᠦᠶ᠎ᠡ᠎ᠶ᠋ᠢᠨ ᠠᠭᠤᠷ ᠠᠮᠢᠰᠬᠤᠯ᠎ᠢ᠋ ᠠᠭᠤᠰᠬᠠᠵᠠᠢ᠃ ᠡᠭᠦᠨ᠎ᠦ᠌ ᠬᠠᠮᠲᠤ᠂ ᠫᠷᠤᠭ᠌ᠷᠠᠮ ᠨᠢ ᠴᠠᠭ ᠦᠶ᠎ᠡ᠎ᠶ᠋ᠢᠨ ᠰᠤᠳᠠᠯ᠎ᠤ᠋ᠨ ᠯᠤᠭᠰᠢᠯᠲᠠ ᠪᠣᠯᠤᠨ ᠠᠷᠠᠳ᠎ᠤ᠋ᠨ ᠠᠮᠢᠳᠤᠷᠠᠯ᠎ᠤ᠋ᠨ ᠰᠡᠳᠬᠢᠯᠭᠡ᠎ᠶ᠋ᠢ ᠨᠢᠭᠲᠠ ᠠᠳᠬᠤᠵᠤ᠂ ︽ᠳᠤᠮᠳᠠᠳᠤ᠎ᠶ᠋ᠢᠨ ᠬᠦᠰᠡᠯ᠎ᠢ᠋ ᠬᠠᠮᠲᠤ ᠪᠠᠷ ᠴᠣᠭᠴᠠᠯᠠᠶ᠎ᠠ︾ᠭᠡᠮᠡᠬᠦ ᠡᠷᠡᠭᠲᠡᠢ ᠡᠮᠡᠭᠲᠡᠢ᠎ᠶᠢᠨ ᠲᠦᠷᠪᠡᠯᠡᠯ ᠲᠠᠭᠤᠤ ᠰᠦᠷ ᠳᠠᠯᠠᠢᠴᠠᠲᠠᠢ ᠶᠠᠪᠤᠭᠳᠠᠵᠤ᠂ ᠯᠢᠨ ᠾᠧ ᠲᠣᠭᠣᠷᠢᠭ᠎ᠤ᠋ᠨ ᠠᠷᠠᠳ ᠲᠦᠮᠡᠨ᠎ᠦ᠌ ᠪᠦᠯᠬᠦᠮᠳᠡᠨ ᠤᠷᠤᠭᠰᠢᠯᠠᠬᠤ ᠣᠶᠤᠨ ᠰᠠᠨᠠᠭᠠᠨ᠎ᠤ᠋ ᠳᠦᠷᠰᠦ ᠪᠠᠢᠳᠠᠯ᠎ᠢ᠋ ᠢᠯᠡᠳᠬᠡᠵᠦ᠂ 《ᠲᠠᠯ᠎ᠠ ᠨᠤᠲᠤᠭ᠎ᠤ᠋ᠨ ᠳᠠᠪᠠᠯᠭ᠎ᠠ》 ᠭᠡᠬᠦ ᠪᠥᠵᠢᠭ ᠨᠢ ᠪᠣᠷᠣᠲᠣᠬᠣᠢ᠎ᠶ᠋ᠢᠨ ᠬᠥᠪᠡᠭᠦᠳ ᠥᠬᠢᠳ᠎ᠦ᠋ᠨ ᠤᠮᠤᠭ ᠲᠡᠭᠦᠯᠳᠡᠷ ᠵᠠᠩ ᠴᠢᠨᠠᠷ ᠎ᠢ᠋ ᠭᠦᠢᠴᠡᠳ ᠬᠠᠷᠠᠭᠤᠯᠵᠤ᠂ ᠠᠬᠤᠢ ᠲᠠᠯᠠᠪᠠᠢ᠎ᠶ᠋ᠢᠨ ᠠᠭᠤᠷ ᠠᠮᠢᠰᠬᠤᠯ᠎ᠢ᠋ ᠤᠷᠬᠢᠯ᠎ᠳ᠋ᠦ᠍ ᠬᠦᠷᠭᠡᠪᠡ᠃

ᠲᠤᠰ ᠤᠳᠠᠭ᠎ᠠ᠎ᠶ᠋ᠢᠨ ᠰᠢᠷᠢᠰ ᠠᠵᠢᠯᠯᠠᠭ᠎ᠠ ᠨᠢ 7 ᠰᠠᠷ᠎ᠠ᠎ᠶ᠋ᠢᠨ 31᠎ᠦ᠌ ᠡᠳᠦᠷ ᠪᠣᠯᠲᠠᠯ᠎ᠠ ᠶᠠᠪᠤᠭᠳᠠᠨ᠎ᠠ᠃ ᠠᠵᠢᠯᠯᠠᠭ᠎ᠠ᠎ᠶ᠋ᠢᠨ ᠬᠤᠭᠤᠴᠠᠭᠠᠨ᠎ᠳ᠋ᠤ᠌᠂ ᠯᠢᠨᠾᠧ ᠲᠣᠭᠣᠷᠢᠭ ᠪᠠᠰᠠ ᠪᠤᠷᠤᠳᠤᠬᠤᠢ᠎ᠶ᠋ᠢᠨ ᠬᠣᠶᠠᠷ ᠬᠥᠮᠦᠨ᠎ᠦ᠌ ᠡᠯᠭᠦᠯᠴᠡᠭᠡ᠎ᠶ᠋ᠢᠨ ᠤᠷᠤᠯᠳᠤᠭᠠᠨ᠂ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠳᠡᠯᠭᠡᠨ ᠦᠵᠡᠭᠦᠯᠭᠡ᠂  ᠳᠤᠮᠳᠠᠳᠤ ᠤᠯᠤᠰ᠎ᠤ᠋ᠨ ᠡᠪ ᠬᠠᠮᠲᠤ ᠨᠠᠮ ᠪᠠᠢᠭᠤᠯᠤᠭᠳᠠᠭᠰᠠᠨ 105 ᠵᠢᠯ᠎ᠦ᠋ᠨ ᠣᠢ᠎ᠶ᠋ᠢ ᠪᠡᠯᠭᠡᠯᠡᠬᠦ ᠭᠣᠣᠯ ᠰᠡᠳᠦᠪᠲᠦ ᠤᠷᠠᠨ ᠪᠢᠴᠢᠯᠭᠡ ᠤᠷᠠᠨ ᠵᠢᠷᠤᠭ᠎ᠤ᠋ᠨ ᠪᠦᠲᠦᠭᠡᠯ᠎ᠦ᠋ᠨ ᠦᠵᠡᠭᠦᠯᠭᠡ ᠵᠡᠷᠭᠡ ᠣᠨᠴᠠᠯᠢᠭᠲᠤ ᠰᠣᠶᠣᠯ᠎ᠤ᠋ᠨ ᠠᠵᠢᠯᠯᠠᠭ᠎ᠠ᠎ᠶ᠋ᠢ ᠥᠷᠨᠢᠭᠦᠯᠵᠦ᠂ ᠯᠢᠨᠾᠧ ᠲᠣᠭᠣᠷᠢᠭ᠎ᠤ᠋ᠨ ᠠᠵᠤ ᠠᠬᠤᠢ ᠨᠡᠢᠭᠡᠮ᠎ᠦ᠋ᠨ ᠬᠥᠭᠵᠢᠯᠲᠡ᠂ ᠬᠣᠲᠠ ᠬᠥᠳᠡᠭᠡ᠎ᠶ᠋ᠢᠨ ᠪᠦᠲᠦᠭᠡᠨ ᠪᠠᠢᠭᠤᠯᠤᠯᠲᠠ᠂ ᠠᠷᠠᠳ᠎ᠤ᠋ᠨ ᠠᠮᠢᠳᠤᠷᠠᠯ᠂ ᠨᠡᠢᠭᠡᠮ᠎ᠦ᠋ᠨ ᠡᠶ᠎ᠡ ᠵᠣᠬᠢᠴᠠᠯ ᠵᠡᠷᠭᠡ ᠲᠠᠯ᠎ᠠ᠎ᠶ᠋ᠢᠨ ᠡᠯᠪᠡᠭ ᠪᠠᠶᠠᠯᠢᠭ ᠦᠷ᠎ᠡ ᠪᠦᠲᠦᠭᠡᠯ᠎ᠢ᠋ ᠲᠥᠪᠯᠡᠷᠡᠭᠦᠯᠦᠨ ᠳᠡᠯᠭᠡᠨ ᠦᠵᠡᠭᠦᠯᠵᠦ᠂ ᠬᠣᠲᠠ᠎ᠶ᠋ᠢᠨ ᠠᠯᠳᠠᠷᠰᠢᠯ ᠪᠣᠯᠤᠨ ᠰᠣᠶᠣᠯ ᠵᠢᠭᠤᠯᠴᠢᠯᠠᠯ᠎ᠤ᠋ᠨ ᠥᠷᠢᠰᠦᠯᠳᠦᠬᠦ ᠬᠦᠴᠦᠨ᠎ᠢ᠋ ᠲᠠᠰᠤᠷᠠᠯᠲᠠ ᠦᠭᠡᠢ ᠳᠡᠭᠡᠭᠰᠢᠯᠡᠭᠦᠯᠬᠦ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号