6 ᠰᠠᠷ᠎ᠠ ᠶ᠋ᠢᠨ 28 — 29 ᠤ᠋ ᠡᠳᠦᠷ ᠪᠤᠯᠳᠠᠯ᠎ᠠ᠂ ᠦᠪᠦᠷ ᠮᠤᠨᠭᠭᠤᠯ ᠤ᠋ᠨ ᠶᠡᠬᠡ ᠰᠤᠷᠭᠠᠭᠤᠯᠢ ᠶ᠋ᠢᠨ ᠮᠤᠨᠭᠭᠤᠯ ᠰᠤᠳᠤᠯᠤᠯ ᠤ᠋ᠨ ᠳᠡᠭᠡᠳᠦ ᠰᠤᠷᠭᠠᠭᠤᠯᠢ ᠡᠴᠡ 《2026 ᠤᠨ ᠤ᠋ ᠮᠤᠨᠭᠭᠤᠯ ᠰᠤᠷᠪᠤᠯᠵᠢ ᠪᠢᠴᠢᠭ ᠰᠤᠳᠤᠯᠤᠯ ᠤ᠋ᠨ ᠤᠯᠠᠨ ᠤᠯᠤᠰ ᠤ᠋ᠨ ᠡᠷᠳᠡᠮ ᠰᠢᠨᠵᠢᠯᠡᠬᠡᠨ ᠤ᠋ ᠬᠤᠷᠠᠯ》 ᠢ᠋ ᠬᠦᠬᠡᠬᠤᠳᠠ ᠳ᠋ᠦ ᠡᠷᠬᠢᠯᠡᠨ ᠬᠤᠷᠠᠯᠳᠤᠭᠤᠯᠪᠠ᠃
ᠬᠤᠷᠠᠯ ᠳ᠋ᠦ ᠲᠤᠮᠳᠠᠳᠦ ᠤᠯᠤᠰ᠂ ᠮᠤᠨᠭᠭᠤᠯ ᠤᠯᠤᠰ᠂ ᠹᠷᠠᠨᠼᠢ᠂ ᠠᠩᠭᠯᠢ᠂ ᠫᠤᠯᠠᠨᠲ᠂ ᠤᠷᠤᠰ᠂ ᠺᠤᠷᠢᠶᠠ ᠂ ᠲᠦᠷᠺ ᠵᠡᠷᠭᠡ 8 ᠤᠯᠤᠰ ᠤ᠋ᠨ 100 ᠭᠠᠷᠤᠢ ᠡᠷᠳᠡᠮᠳᠡᠨ ᠤᠷᠤᠯᠴᠠᠵᠦ᠂ ᠦᠬᠦᠯᠡᠯ ᠳᠡᠪᠰᠢᠬᠦᠯᠦᠨ᠂ ᠡᠷᠳᠡᠮ ᠰᠢᠨᠵᠢᠯᠡᠬᠡᠨ ᠤ᠋ ᠢᠯᠡᠳᠬᠡᠯ ᠬᠢᠵᠡᠢ᠃ ᠡᠬᠦᠨ ᠳ᠋ᠦ᠂ ᠲᠦᠷᠺ ᠤᠯᠤᠰ ᠤ᠋ᠨ ᠢᠰᠲ᠋ᠠᠨᠪᠦ᠋ᠯ ᠶᠡᠬᠡ ᠰᠤᠷᠭᠠᠭᠤᠯᠢ ᠶ᠋ᠢᠨ ᠫᠷᠤᠹᠧᠰᠰᠤᠷ ᠮᠧᠾᠮᠧᠳ᠋ ᠤᠯᠮᠠᠽ 《ᠮᠤᠨᠭᠭᠤᠯ ᠤᠯᠤᠰ ᠡᠴᠡ ᠢᠯᠡᠷᠡᠬᠦᠯᠦᠭᠰᠡᠨ ᠲᠦᠷᠦᠭ — ᠷᠦᠨᠢ ᠦᠰᠦᠭ ᠤ᠋ᠨ ᠪᠢᠴᠢᠭᠡᠰᠦ ᠶ᠋ᠢᠨ ᠲᠤᠬᠠᠢ》 ᠭᠡᠬᠦ ᠰᠡᠳᠦᠪ ᠢ᠋ᠶ᠋ᠡᠷ᠂ ᠫᠤᠯᠠᠨᠲ ᠤᠯᠤᠰ ᠤ᠋ᠨ ᠸᠠᠷᠱᠠᠧᠠ ᠶᠡᠬᠡ ᠰᠤᠷᠭᠠᠭᠤᠯᠢ ᠶ᠋ᠢᠨ ᠫᠷᠤᠹᠧᠰᠰᠤᠷ ᠠᠭᠠᠲ᠋ᠠ ᠪᠷᠧᠶᠠ ᠰᠲ᠋ᠠᠷᡁᠢᠨᠰᠺᠠ 《ᠫᠤᠯᠠᠨᠲ ᠤᠯᠤᠰ ᠲᠦ᠍ ᠬᠠᠳᠠᠭᠠᠯᠠᠭᠳᠠᠵᠦ ᠪᠠᠢᠭ᠎ᠠ ᠮᠤᠨᠭᠭᠤᠯ ᠰᠤᠳᠤᠷ ᠪᠢᠴᠢᠭ᠂ ᠳᠠᠩᠰᠠ ᠡᠪᠬᠡᠮᠡᠯ ᠬᠢᠭᠡᠳ ᠠᠮᠠᠨ ᠰᠤᠷᠪᠤᠯᠵᠢ ᠶ᠋ᠢᠨ ᠲᠤᠬᠠᠢ》 ᠬᠡᠬᠦ ᠵᠡᠷᠭᠡ ᠭᠤᠤᠯ ᠰᠡᠳᠦᠪᠳᠦ ᠢᠯᠡᠳᠬᠡᠯ ᠬᠢᠵᠡᠢ᠃ ᠦᠪᠦᠷ ᠮᠤᠨᠭᠭᠤᠯ ᠤ᠋ᠨ ᠶᠡᠬᠡ ᠰᠤᠷᠭᠠᠭᠤᠯᠢ ᠶ᠋ᠢᠨ ᠮᠤᠨᠭᠭᠤᠯ ᠰᠤᠳᠤᠯᠤᠯ ᠤ᠋ᠨ ᠳᠡᠭᠡᠳᠦ ᠰᠤᠷᠭᠠᠭᠤᠯᠢ ᠶ᠋ᠢᠨ ᠵᠠᠬᠢᠷᠤᠯ ᠤᠶᠤᠨᠴᠢ᠄《ᠦᠪᠦᠷ ᠮᠤᠨᠭᠭᠤᠯ ᠤ᠋ᠨ ᠶᠡᠬᠡ ᠰᠤᠷᠭᠠᠭᠤᠯᠢ ᠲᠦᠷᠪᠡᠳᠦᠭᠡᠷ ᠤᠳᠠᠭ᠎ᠠ ᠵᠢᠨ ᠮᠤᠨᠭᠭᠤᠯ ᠰᠤᠷᠪᠤᠯᠵᠢ ᠪᠢᠴᠢᠭ ᠰᠤᠳᠤᠯᠤᠯ ᠤ᠋ᠨ ᠡᠷᠳᠡᠮ ᠰᠢᠨᠵᠢᠯᠡᠬᠡᠨ ᠤ᠋ ᠬᠤᠷᠠᠯ ᠬᠤᠷᠠᠯᠳᠤᠭᠤᠯᠵᠦ ᠪᠠᠢᠨ᠎ᠠ᠃ ᠭᠤᠤᠯᠳᠠᠭᠤ 2019 ᠤᠨ ᠳ᠋ᠦ᠂ ᠶᠡᠷᠦᠩᠬᠡᠢ ᠱᠦᠵᠢ ᠦᠪᠦᠷ ᠮᠤᠨᠭᠭᠤᠯ ᠤ᠋ᠨ ᠶᠡᠬᠡ ᠰᠤᠷᠭᠠᠭᠤᠯᠢ ᠳ᠋ᠦ ᠰᠢᠨᠵᠢᠯᠡᠨ ᠪᠠᠢᠴᠠᠭᠠᠬᠤ ᠳ᠋ᠠᠭᠠᠨ ᠵᠢᠭᠠᠪᠤᠷᠢᠯᠠᠭᠰᠠᠨ ᠮᠤᠨᠭᠭᠤᠯ ᠰᠤᠷᠪᠤᠯᠵᠢ ᠪᠢᠴᠢᠭ ᠤ᠋ᠨ ᠲᠤᠬᠠᠢ ᠴᠢᠬᠤᠯᠠ ᠵᠢᠭᠠᠪᠤᠷᠢ ᠵᠢ ᠰᠤᠷᠤᠯᠴᠠᠨ ᠲᠤᠭᠤᠰᠢᠯᠠᠭᠤᠯᠵᠦ᠂ ᠤᠮᠠᠷᠠᠳᠦ ᠶ᠋ᠢᠨ ᠤᠯᠠᠨ ᠦᠨᠳᠦᠰᠦᠳᠡᠨ ᠤ᠋ ᠠᠷᠠᠳ ᠲᠦᠮᠡᠨ ᠤ᠋ ᠪᠢᠴᠢᠵᠦ ᠦᠯᠡᠳᠡᠭᠡᠭᠰᠡᠨ ᠰᠤᠷᠪᠤᠯᠵᠢ ᠪᠢᠴᠢᠭ ᠢ᠋ ᠠᠭᠤᠳᠠᠯᠤᠨ ᠠᠰᠢᠬᠯᠠᠬᠤᠵᠢ ᠵᠤᠷᠢᠭᠰᠠᠨ ᠶᠤᠮ》 ᠭᠡᠵᠦ ᠳᠠᠨᠢᠯᠴᠠᠭᠤᠯᠪᠠ᠃
ᠡᠷᠳᠡᠮᠳᠡᠳ ᠤ᠋ᠨ ᠳᠡᠪᠰᠢᠬᠦᠯᠦᠭᠰᠡᠨ ᠦᠬᠦᠯᠡᠯ ᠤ᠋ᠳ ᠨᠢ ᠬᠦᠰᠢᠶ᠎ᠡ ᠴᠢᠯᠠᠭᠤᠨ ᠪᠢᠴᠢᠭ᠂ ᠡᠷᠳᠡᠨ ᠤ᠋ ᠰᠤᠳᠤᠷ ᠪᠢᠴᠢᠭ᠂ ᠳᠠᠩᠰᠠ ᠡᠪᠬᠡᠮᠡᠯ᠂ ᠬᠡᠷ ᠤ᠋ᠨ ᠴᠠᠳᠢᠭ᠂ ᠠᠮᠠᠨ ᠰᠤᠷᠪᠤᠯᠵᠢ ᠵᠡᠷᠭᠡ ᠤᠯᠠᠨ ᠳᠠᠯ᠎ᠠ ᠶ᠋ᠢᠨ ᠠᠭᠤᠯᠭ᠎ᠠ ᠵᠢ ᠬᠠᠮᠤᠷᠴᠤ᠂ ᠰᠤᠷᠪᠤᠯᠵᠢ ᠪᠢᠴᠢᠭ ᠤ᠋ᠨ ᠰᠲ᠋ᠢᠯᠢ ᠲᠦᠷᠦᠯ ᠤ᠋ᠨ ᠬᠤᠪᠢ ᠳ᠋ᠦ᠂ ᠲᠡᠥᠬᠡ᠂ ᠬᠡᠯᠡ ᠰᠢᠨᠵᠢᠯᠡᠯ᠂ ᠤᠳᠬ᠎ᠠ ᠵᠤᠬᠢᠶᠠᠯ᠂ ᠱᠠᠰᠢᠨ ᠰᠤᠷᠳᠠᠬᠤᠨ᠂ ᠵᠠᠩ ᠦᠢᠯᠡ᠂ ᠲᠤᠯᠢ ᠪᠢᠴᠢᠭ ᠵᠡᠷᠭᠡ ᠤᠯᠠᠨ ᠲᠦᠷᠦᠯ ᠢ᠋ ᠪᠠᠭᠳᠠᠭᠠᠵᠠᠢ; ᠰᠤᠳᠤᠯᠤᠭᠳᠠᠬᠤᠨ ᠤ᠋ ᠤᠨᠴᠠᠯᠢᠭ ᠤ᠋ᠨ ᠬᠤᠪᠢ ᠳ᠋ᠦ᠂ ᠮᠤᠨᠭᠭᠤᠯ ᠬᠡᠯᠡᠨ ᠤ᠋ ᠰᠤᠷᠪᠤᠯᠵᠢ ᠪᠢᠴᠢᠭ᠂ ᠮᠤᠨᠭᠭᠤᠯ ᠬᠡᠯᠡ ᠪᠠ ᠪᠤᠰᠤᠳ ᠬᠡᠯᠡ ᠪᠡᠷ ᠬᠠᠪᠰᠤᠷᠭᠠᠭᠰᠠᠨ ᠰᠤᠷᠪᠤᠯᠵᠢ ᠪᠢᠴᠢᠭ᠂ ᠤᠯᠠᠨ ᠬᠡᠯᠡ ᠬᠠᠪᠰᠤᠷᠭᠠᠭᠰᠠᠨ ᠰᠤᠷᠪᠤᠯᠵᠢ ᠪᠢᠴᠢᠭ᠂ ᠤᠷᠴᠢᠭᠤᠯᠭ᠎ᠠ ᠶ᠋ᠢᠨ ᠰᠤᠷᠪᠤᠯᠵᠢ ᠪᠢᠴᠢᠭ ᠵᠡᠷᠭᠡ ᠦᠷᠭᠡᠨ ᠬᠦᠷᠢᠶ᠎ᠠ ᠴᠠᠷᠠᠭ᠎ᠠ ᠵᠢ ᠬᠠᠮᠤᠷᠴᠠᠢ᠃ ᠵᠢᠱ᠌ᠢᠶᠡᠯᠡᠭᠡᠳ ᠬᠡᠯᠡᠬᠦᠳᠦ᠂ ᠲᠦᠷᠪᠡᠯᠵᠢᠨ ᠦᠰᠦᠭ᠂ ᠬᠢᠳᠠᠨ ᠶᠡᠬᠡ ᠦᠰᠦᠭ᠂ ᠬᠢᠳᠠᠨ ᠪᠠᠭ᠎ᠠ ᠦᠰᠦᠭ᠂ ᠮᠠᠨᠵᠤ ᠦᠰᠦᠭ᠂ ᠲᠦᠷᠦᠭ — ᠷᠦᠨᠢ ᠦᠰᠦᠭ᠂ ᠲᠦᠪᠡᠳ ᠦᠰᠦᠭ᠂ ᠠᠷᠠᠪ ᠦᠰᠦᠭ᠂ ᠰᠤᠯᠤᠩᠭᠤᠰ ᠦᠰᠦᠭ ᠵᠡᠷᠭᠡ ᠤᠯᠠᠨ ᠲᠦᠷᠦᠯ ᠤ᠋ᠨ ᠦᠰᠦᠭ ᠪᠢᠴᠢᠭ ᠢ᠋ ᠮᠤᠨᠭᠭᠤᠯ ᠰᠤᠷᠪᠤᠯᠵᠢ ᠪᠢᠴᠢᠭ ᠪᠤᠶᠤ ᠮᠤᠨᠭᠭᠤᠯ ᠦᠰᠦᠭ ᠪᠢᠴᠢᠭ ᠯᠤᠭᠡ ᠤᠶᠠᠯᠳᠤᠭᠤᠯᠤᠨ ᠰᠤᠳᠤᠯᠤᠭᠰᠠᠨ ᠨᠢ ᠴᠦᠬᠡᠨ ᠪᠤᠰᠤ ᠪᠠᠢᠨ᠎ᠠ᠃ ᠲᠤᠰ ᠬᠤᠷᠠᠯ ᠳ᠋ᠦ ᠳᠡᠪᠰᠢᠬᠦᠯᠦᠭᠰᠡᠨ ᠦᠬᠦᠯᠡᠯ ᠤ᠋ᠳ ᠨᠢ 13 ᠳ᠋ᠤᠭᠠᠷ ᠵᠠᠭᠤᠨ ᠡᠴᠡ ᠤᠢᠷ᠎ᠠ ᠤᠷᠴᠢᠨ ᠦᠶ᠎ᠠ ᠬᠦᠷᠳᠡᠯᠡᠬᠢ ᠦᠷᠭᠡᠨ ᠴᠠᠭ ᠬᠤᠭᠤᠴᠠᠭ᠎ᠠ ᠵᠢ ᠬᠠᠮᠤᠷᠴᠤ᠂ ᠮᠤᠨᠭᠭᠤᠯ ᠰᠤᠷᠪᠤᠯᠵᠢ ᠪᠢᠴᠢᠭ ᠤ᠋ᠨ ᠬᠠᠳᠠᠭᠠᠯᠠᠮᠵᠢ ᠶ᠋ᠢᠨ ᠪᠠᠢᠳᠠᠯ ᠢ᠋ ᠳᠠᠨᠢᠯᠴᠠᠭᠤᠯᠤᠭᠰᠠᠨ ᠪᠠ ᠮᠤᠨᠭᠭᠤᠯ ᠰᠤᠷᠪᠤᠯᠵᠢ ᠪᠢᠴᠢᠭ ᠢ᠋ ᠲᠤᠭᠠᠴᠢᠯᠠᠬᠤ ᠬᠢᠭᠡᠳ ᠯᠠᠲ᠋ᠢᠨᠴᠢᠯᠠᠬᠤ᠂ ᠮᠤᠨᠭᠭᠤᠯ ᠰᠤᠷᠪᠤᠯᠵᠢ ᠪᠢᠴᠢᠭ ᠲᠡᠬᠢ ᠲᠤᠮᠳᠠᠳᠦ ᠤᠯᠤᠰ ᠤ᠋ᠨ ᠦᠨᠳᠦᠰᠦᠳᠡᠨ ᠨᠤᠬᠦᠳ ᠤ᠋ᠨ ᠰᠤᠶᠤᠯ ᠤ᠋ᠨ ᠬᠠᠷᠢᠴᠠᠭ᠎ᠠ ᠵᠢ ᠲᠤᠰᠬᠠᠭᠰᠠᠨ ᠢᠯᠡᠳᠬᠡᠯ ᠤ᠋ᠳ ᠨᠢ ᠠᠯᠤᠰ ᠬᠡᠳᠦ ᠶ᠋ᠢᠨ ᠠᠴᠢ ᠬᠤᠯᠪᠤᠭᠳᠠᠯ ᠲᠠᠢ ᠪᠤᠯᠵᠠᠢ ᠭᠡᠵᠦ ᠬᠤᠷᠠᠯ ᠳ᠋ᠦ ᠤᠷᠤᠯᠴᠠᠭᠰᠠᠳ ᠰᠠᠨᠠᠯ ᠨᠢᠭᠡᠳᠡᠢ ᠦᠵᠡᠵᠡᠬᠡᠪᠠ᠃