ᠬᠠᠮᠲᠤ ᠪᠠᠷ ᠡᠳ᠋ᠯᠡᠬᠦ᠌ ᠢᠳᠡᠰᠢᠨ ᠨᠣᠭᠣᠭ᠎ᠠ ᠶ᠋ᠢᠨ ᠬᠦᠷᠢᠶᠡᠯᠡᠩ
2026-07-03 11:31:40
ᠵᠣᠬᠢᠶᠠᠭ᠍ᠴᠢ᠄
ᠭᠤᠤ ᠬᠤᠡᠭ ᠯᠢᠶᠠᠨ
ᠣᠩᠱᠢᠭ᠍ᠰᠠᠨ ᠣᠳᠠᠭ᠎ᠠ᠄
★★★☆☆

ᠵᠢᠯ ᠤ᠋ᠨ ᠮᠢᠩᠭᠠᠨ ᠲᠥᠭᠥᠷᠢᠭ ᠵᠠᠷᠤᠴᠠᠭᠤᠯᠵᠤ ᠬᠡᠰᠡᠭ ᠭᠠᠵᠠᠷ ᠢ᠋ ᠲᠦᠷᠢᠶᠡᠰᠦᠯᠡᠵᠤ ᠠᠪᠤᠭᠠᠳ ᠦᠪᠡᠷ ᠤ᠋ᠨ ᠲᠤᠷᠠᠳᠠᠢ ᠨᠤᠭᠤᠭ᠎ᠠ ᠴᠠᠭ᠎ᠠ ᠪᠡᠨ ᠲᠠᠷᠢᠵᠤ ᠢᠳᠡᠬᠦ ᠨᠢ ᠶᠤᠰᠤᠳᠠᠢ ᠵᠢᠷᠭᠠᠯ ᠪᠠᠢᠨ᠎ᠠ ᠁ ᠡᠨᠡ ᠬᠠᠪᠤᠷ ᠤᠷᠤᠨ ᠤ᠋ ᠲᠦᠪ ᠬᠦᠬᠡᠬᠤᠳᠠ ᠳ᠋ᠤ ᠬᠠᠮᠲᠤ ᠪᠠᠷ ᠡᠳ᠋ᠯᠡᠬᠦ᠌ ᠢᠳᠡᠰᠢᠨ ᠨᠣᠭᠣᠭ᠎ᠠ ᠶ᠋ᠢᠨ ᠬᠦᠷᠢᠶᠡᠯᠡᠩ ᠶᠡᠭᠡ ᠯᠡ ᠬᠥᠭᠵᠢᠶᠡᠨ ᠲᠡᠢ ᠪᠤᠯᠵᠤ ᠪᠢᠯᠡ᠃


QQ截图20260703113542.png


6 ᠰᠠᠷ᠎ᠠ ᠵᠢᠨ 28 ᠤ᠋ ᠡᠳᠤᠷ᠂ ᠰᠤᠷᠪᠤᠯᠵᠢᠯᠠᠬᠴᠢ ᠬᠦᠬᠡᠬᠤᠳᠠ ᠵᠢᠨ ᠰᠠᠢᠬᠠᠨ ᠲᠤᠭᠤᠷᠢᠭ ᠤ᠋ᠨ ᠪᠤᠤ ᠴᠢᠤᠸᠠᠨ ᠵᠡᠭᠡᠯᠢ ᠵᠢᠨ ᠨᠢᠭᠡᠨ 《ᠬᠠᠮᠲᠤ ᠪᠠᠷ ᠡᠳ᠋ᠯᠡᠬᠦ᠌ ᠢᠳᠡᠰᠢᠨ ᠨᠣᠭᠣᠭ᠎ᠠ ᠵᠢᠨ ᠬᠦᠷᠢᠶᠡᠯᠡᠩ》 ᠳ᠋ᠤ ᠬᠦᠷᠪᠡᠯ᠂ ᠲᠠᠰᠤᠯᠭ᠎ᠠ ᠲᠠᠰᠤᠯᠭ᠎ᠠ ᠵᠢᠵᠢᠭ ᠬᠠᠰᠢᠶ᠎ᠠ ᠳ᠋ᠤ ᠶᠠᠡᠭᠵᠤ ᠪᠦᠷᠢ ᠵᠢᠨ ᠢᠳᠡᠰᠢᠨ ᠨᠤᠭᠤᠭ᠎ᠠ ᠬᠦᠬᠡᠷᠡᠨ ᠤᠷᠭᠤᠵᠤ᠂ ᠬᠦᠷᠵᠡ ᠬᠤᠰᠤᠭᠤᠷ ᠪᠠᠷᠢᠭᠰᠠᠨ ᠬᠥᠮᠦᠰ ᠦᠪᠡᠷ ᠦᠪᠡᠷ ᠤ᠋ᠨ ᠬᠠᠰᠢᠶᠠᠨ ᠳ᠋ᠠᠭᠠᠨ ᠶᠠᠭᠠᠷᠠᠯᠳᠠᠢᠬᠠᠨ ᠠᠵᠢᠯᠯᠠᠵᠤ ᠪᠠᠢᠯ᠎ᠠ᠃

《ᠥᠷᠭᠡᠰᠦᠲᠦ᠍ ᠬᠡᠮᠬᠡ᠂ ᠲᠥᠪᠡᠳ ᠬᠠᠰᠢ᠂ ᠯᠠᠵᠤᠤ᠂ ᠴᠠᠭᠠᠨ ᠨᠤᠭᠤᠭ᠎ᠠ ᠵᠡᠷᠭᠡ 15 ᠲᠦᠷᠤᠯ ᠤ᠋ᠨ ᠨᠤᠭᠤᠭ᠎ᠠ ᠲᠠᠷᠢᠵᠠᠢ᠃ ᠦᠪᠡᠷ ᠤ᠋ᠨ ᠲᠠᠷᠢᠬᠰᠠᠨ ᠨᠤᠭᠤᠭ᠎ᠠ ᠪᠤᠯᠬᠤᠷ ᠢᠳᠡᠬᠦ᠎ᠳᠤ ᠨᠡᠩ ᠰᠠᠨᠠᠭ᠎ᠠ ᠠᠮᠤᠷ ᠶᠤᠮ᠃ ᠬᠠᠮᠤᠭ ᠤ᠋ᠨ ᠭᠤᠤᠯ ᠨᠢ ᠡᠨᠡ ᠬᠠᠰᠢᠶ᠎ᠠ ᠵᠢᠨ ᠤᠢᠷ᠎ᠠ ᠬᠠᠪᠢ ᠪᠡᠷ ᠬᠡᠤᠭᠡᠳ ᠤ᠋ᠨ ᠨᠠᠭᠠᠳᠴᠤ ᠪᠤᠯᠬᠤ ᠤᠰᠤᠨ ᠴᠦᠬᠦᠷᠤᠮ ᠵᠡᠷᠭᠡ ᠴᠡᠡᠭᠭᠡᠯ ᠤ᠋ᠨ ᠬᠦᠷᠢᠶᠡᠯᠡᠡᠭ ᠪᠠᠢᠬᠤ ᠡᠴᠡ 2 ᠤᠮᠪᠤᠯᠤ ᠮᠢᠨᠢ ᠢᠳᠡᠰᠢᠨ ᠨᠤᠭᠤᠭ᠎ᠠ ᠲᠠᠷᠢᠬᠤ ᠵᠢ ᠪᠡᠶᠡᠴᠢᠯᠡᠨ ᠣᠶ᠋ᠢᠯᠠᠭᠠᠬᠤ ᠵᠢᠨ ᠲᠠᠭᠠᠤ ᠪᠠᠰᠠ ᠤᠰᠤᠨ ᠳ᠋ᠤ ᠲᠤᠭᠯᠠᠴᠢᠬᠠᠨ᠎ᠠ᠃ ᠨᠡᠷᠬᠢᠶᠡᠨᠳᠤ ᠬᠤᠳᠠ ᠵᠢᠨ ᠵᠠᠢ ᠳ᠋ᠤ ᠡᠢᠮᠤᠷᠬᠦᠤ ᠬᠠᠮᠳᠤ ᠪᠡᠷ ᠡᠳ᠋ᠯᠡᠬᠦ ᠢᠳᠡᠰᠢᠨ ᠨᠤᠭᠤᠭ᠎ᠠ ᠵᠢᠨ ᠬᠦᠷᠢᠶᠠᠯᠠᠡᠭ ᠭᠠᠷᠭᠠᠬᠰᠠᠨ ᠨᠢ ᠶᠤᠰᠤᠳᠠᠢ ᠰᠠᠢᠨ ᠪᠤᠯᠵᠠᠢ》 ᠭᠡᠵᠦ᠍ ᠵᠠᠡᠭ ᠬᠠᠢ ᠵᠢᠶᠦ᠋ᠠ ᠨᠠᠰᠤᠳᠠᠨ ᠢᠨᠢᠶᠡᠮᠰᠦᠭᠯᠡᠨ ᠶᠠᠷᠢᠨ᠎ᠠ᠃


QQ截图20260703113521.png


ᠵᠠᠡᠭ ᠬᠠᠢ ᠵᠢᠶᠦ᠋ᠠ ᠨᠠᠰᠤᠳᠠᠨ ᠲᠡᠶ ᠠᠳᠠᠯᠢ ᠪᠠᠷ᠂ ᠤᠳᠤ ᠤᠯᠠᠮ ᠡᠴᠡ ᠤᠯᠠᠨ ᠬᠤᠳᠠ ᠶ᠋ᠢᠨ ᠠᠷᠠᠳ ᠬᠠᠮᠳᠤ ᠪᠡᠷ ᠡᠳ᠋ᠯᠡᠬᠦ ᠢᠳᠡᠰᠢᠨ ᠨᠣᠭᠣᠭ᠎ᠠ ᠶ᠋ᠢᠨ ᠬᠦᠷᠢᠶᠡᠯᠡᠩ ᠡᠴᠡ ᠬᠡᠰᠡᠭ ᠭᠠᠵᠠᠷ ᠲᠦᠷᠢᠶᠡᠰᠤᠯᠡᠵᠤ᠂ ᠬᠤᠳᠠ ᠶ᠋ᠢᠨ ᠵᠠᠬ᠎ᠠ ᠳ᠋ᠤ ᠬᠦᠳᠡᠬᠡ ᠵᠢᠨ ᠦᠢᠯᠡᠳᠪᠤᠷᠢᠯᠡᠯ ᠬᠢᠵᠤ᠂ ᠬᠦᠳᠡᠯᠮᠤᠷᠢ ᠵᠢᠨ ᠬᠠᠪᠤ ᠴᠡᠡᠭᠭᠡᠯ ᠢ᠋ ᠡᠳ᠋ᠯᠡᠬᠦ ᠪᠤᠯᠵᠤ ᠪᠠᠢᠨ᠎ᠠ᠃ 《ᠡᠨᠳᠡ ᠨᠣᠭᠣᠭ᠎ᠠ ᠲᠠᠷᠢᠵᠤ ᠬᠤᠷᠢᠶᠠᠵᠤ ᠪᠤᠯᠬᠤ ᠪᠠᠷ ᠪᠠᠷᠠᠬᠤ ᠥᠬᠡᠶ ᠪᠠᠰᠠ ᠪᠡᠶ᠎ᠠ ᠪᠡᠨ ᠪᠤᠯᠪᠠᠰᠤᠷᠠᠵᠤ᠂ ᠤᠯᠠᠨ ᠬᠦᠮᠤᠨ ᠲᠠᠢ ᠲᠠᠨᠢᠯᠴᠠᠴᠢᠬᠠᠨ᠎ᠠ᠃ ᠡᠨᠡ ᠪᠤᠯ ᠲᠤᠰ ᠬᠠᠮᠲᠤ ᠪᠠᠷ ᠡᠳ᠋ᠯᠡᠬᠦ᠌ ᠢᠳᠡᠰᠢᠨ ᠨᠣᠭᠣᠭ᠎ᠠ ᠶ᠋ᠢᠨ ᠬᠦᠷᠢᠶᠡᠯᠡᠩ ᠤ᠋ᠨ ᠬᠠᠮᠤᠭ ᠤ᠋ᠨ ᠨᠠᠨᠳᠢᠨ ᠵᠤᠢᠯ ᠶᠤᠮ》 ᠭᠡᠵᠦ᠍ ᠵᠠᠡᠭ ᠬᠠᠢ ᠵᠢᠶᠦ᠋ᠨ ᠨᠠᠰᠤᠳᠠᠨ ᠤ᠋ ᠵᠡᠷᠭᠡᠯᠡᠳᠡᠭᠡ ᠬᠠᠰᠢᠶᠠᠨ ᠤ᠋ ᠨᠢᠭᠡᠨ ᠡᠪᠤᠭᠡᠨ ᠨᠤᠭᠤᠭ᠎ᠠ ᠪᠡᠨ ᠠᠷᠠᠴᠢᠯᠠᠬᠤ ᠵᠢᠨ ᠲᠠᠭᠠᠤ ᠪᠢᠳᠡᠨ ᠲᠠᠢ ᠵᠤᠭᠤᠭ ᠲᠠᠯᠬᠡᠨ᠎ᠠ᠃

ᠡᠨᠡ ᠬᠦ᠌ ᠬᠠᠮᠲᠤ ᠪᠠᠷ ᠡᠳ᠋ᠯᠡᠬᠦ᠌ ᠢᠳᠡᠰᠢᠨ ᠨᠣᠭᠣᠭ᠎ᠠ ᠶ᠋ᠢᠨ ᠬᠦᠷᠢᠶᠡᠯᠡᠩ ᠨᠢ 10 ᠭᠠᠷᠤᠢ ᠮᠦ᠍ ᠭᠠᠵᠠᠷ ᠡᠵᠡᠯᠡᠵᠦ᠍᠂ 24 ᠪᠠ 30 ᠳᠡᠭᠰᠢ ᠳᠦᠷᠪᠡᠯᠵᠢᠨ ᠮᠧᠲ᠋ᠷ ᠶ᠋ᠢᠡᠷ 100 ᠭᠠᠷᠤᠢ ᠬᠡᠰᠡᠭ ᠲᠤ᠌ ᠬᠤᠪᠢᠶᠠᠨ᠂ ᠭᠡᠷ ᠪᠦᠯᠢ ᠪᠡᠷ ᠶ᠋ᠢᠡᠨ ᠠᠷᠠᠴᠢᠯᠠᠬᠤ ᠳ᠋ᠤ ᠶᠡᠬᠡ ᠲᠣᠬᠢᠷᠠᠮᠵᠢᠲᠠᠢ ᠠᠵᠢ᠃ ᠬᠠᠮᠲᠤ ᠪᠠᠷ ᠡᠳ᠋ᠯᠡᠬᠦ᠌ ᠢᠳᠡᠰᠢᠨ ᠨᠣᠭᠣᠭ᠎ᠠ ᠶ᠋ᠢᠨ ᠬᠦᠷᠢᠶᠡᠯᠡᠩ ᠤ᠋ᠨ ᠬᠠᠷᠢᠭᠤᠴᠠᠯᠭᠠᠲᠠᠨ ᠯᠢᠤ ᠰᠢᠨ ᠤ᠋ ᠲᠠᠨᠢᠯᠴᠠᠭᠤᠯᠤᠭᠰᠠᠨ ᠶ᠋ᠢᠡᠷ᠂ ᠲᠤᠰ ᠬᠦᠷᠢᠶᠡᠯᠠᠡᠭ ᠤ᠋ᠨ ᠨᠤᠭᠤᠭ᠎ᠠ ᠵᠢᠨ ᠬᠠᠰᠢᠶ᠎ᠠ ᠵᠢ 3 ᠶᠠᠡᠭᠵᠤ ᠪᠡᠷ ᠲᠦᠷᠢᠶᠡᠰᠤᠯᠡᠵᠤ ᠪᠤᠯᠤᠨ᠎ᠠ᠃ ᠨᠢᠭᠡᠳᠤᠬᠡᠷ ᠵᠦᠢᠯ ᠨᠢ ᠲᠦᠷᠢᠶᠡᠰᠤᠨ ᠮᠦᠡᠭᠭᠦ ᠪᠡᠨ ᠲᠤᠰᠢᠶᠠᠭᠠᠳ ᠲᠠᠷᠢᠵᠤ ᠠᠷᠠᠴᠢᠯᠠᠬᠤ ᠪᠦᠬᠦ ᠶᠠᠪᠤᠴᠠ ᠵᠢ ᠦᠪᠡᠷ ᠵᠢᠡᠨ ᠬᠠᠷᠢᠭᠤᠴᠠᠨ᠎ᠠ; ᠬᠤᠶᠠᠳᠤᠭᠠᠷ ᠵᠦᠢᠯ ᠨᠢ ᠡᠳᠤᠷ ᠲᠤᠳᠤᠮ ᠤ᠋ᠨ ᠠᠷᠠᠴᠢᠯᠠᠭ᠎ᠠ ᠵᠢ ᠬᠦᠷᠢᠶᠠᠯᠠᠡᠭ ᠤ᠋ᠨ ᠠᠵᠢᠯᠴᠢᠨ ᠳ᠋ᠤ ᠨᠠᠢᠳᠠᠵᠤ᠂ ᠭᠠᠷᠠᠭ ᠤ᠋ᠨ ᠰᠡᠬᠦᠯᠴᠢ ᠵᠢᠨ ᠠᠷᠠᠴᠢᠯᠠᠭ᠎ᠠ ᠵᠢ ᠦᠪᠡᠰᠦᠪᠡᠨ ᠬᠠᠷᠢᠭᠤᠴᠠᠨ᠎ᠠ; ᠭᠤᠷᠪᠠᠳᠤᠭᠠᠷ ᠵᠦᠢᠯ ᠨᠢ ᠨᠤᠭᠤᠭ᠎ᠠ ᠲᠠᠷᠢᠬᠤ᠂ ᠠᠷᠠᠴᠢᠯᠠᠬᠤ᠂ ᠲᠡᠬᠦᠬᠦ ᠪᠦᠬᠦ ᠵᠦᠢᠯ ᠢ᠋ ᠬᠦᠷᠢᠶᠠᠯᠠᠡᠭ ᠤ᠋ᠨ ᠠᠵᠢᠯᠴᠢᠨ ᠳ᠋ᠤ ᠨᠠᠢᠳᠠᠨ ᠬᠠᠮᠢᠶᠠᠷᠤᠭᠤᠯᠤᠨ᠎ᠠ᠃ ᠡᠬᠦᠨ ᠳ᠋ᠤ ᠤᠰᠤ᠂ ᠴᠠᠬᠢᠯᠭᠠᠨ ᠢ᠋ ᠪᠦᠷ ᠦᠨ᠎ᠡ ᠲᠥᠯᠥᠪᠦᠷᠢ ᠥᠬᠡᠶ ᠪᠡᠷ ᠬᠡᠷᠡᠭᠯᠡᠬᠦᠯᠵᠤ᠂ ᠤᠳᠤᠬᠠᠨ ᠪᠤᠯᠳᠠᠯ᠎ᠠ ᠨᠢᠬᠡᠨᠳᠡ 75% ᠵᠢᠨ ᠨᠤᠭᠤᠭ᠎ᠠ ᠵᠢᠨ ᠬᠠᠰᠢᠶ᠎ᠠ ᠪᠡᠨ ᠬᠦᠮᠦᠰ ᠲᠦ᠍ ᠲᠦᠷᠢᠶᠡᠰᠤᠯᠡᠴᠢᠬᠡᠵᠠᠢ᠃

ᠤᠢᠯᠠᠭᠠᠭᠰᠠᠨ ᠶ᠋ᠢᠡᠷ᠂ ᠬᠠᠮᠲᠤ ᠪᠠᠷ ᠡᠳ᠋ᠯᠡᠬᠦ᠌ ᠢᠳᠡᠰᠢᠨ ᠨᠣᠭᠣᠭ᠎ᠠ ᠶ᠋ᠢᠨ ᠬᠦᠷᠢᠶᠡᠯᠡᠩ ᠨᠢ ᠭᠠᠬᠴᠠ ᠬᠦᠬᠡᠬᠤᠳᠠ ᠳ᠋ᠤ ᠬᠦᠭᠵᠢᠶᠡᠨ ᠳᠠᠢ ᠪᠤᠯᠵᠤ ᠪᠠᠢᠭ᠎ᠠ ᠪᠢᠰᠢ᠂ ᠣᠶ᠋ᠢᠷ᠎ᠠ ᠶ᠋ᠢᠨ ᠵᠢᠯ ᠳ᠋ᠤ ᠡᠨᠡ ᠬᠦ᠌ ᠡᠵᠡᠩᠨᠡᠯᠲᠡ ᠶ᠋ᠢᠨ ᠵᠠᠭᠪᠤᠷ ᠨᠢ ᠪᠥᠬᠥ᠌ ᠤᠯᠤᠰ ᠤ᠋ᠨ ᠣᠯᠠᠨ ᠭᠠᠵᠠᠷ ᠲᠤ᠌ ᠳᠡᠯᠭᠡᠷᠡᠵᠤ᠂ ᠬᠤᠳᠠ ᠶ᠋ᠢᠨ ᠵᠠᠬ᠎ᠠ ᠶ᠋ᠢᠨ ᠰᠤᠯᠠ ᠰᠡᠯᠡᠭᠦᠦ ᠲᠠᠷᠢᠶᠠᠨ ᠭᠠᠵᠠᠷ ᠢ᠋ ᠠᠮᠢᠯᠠᠭᠤᠯᠤᠨ᠂ ᠬᠣᠲᠠ ᠬᠥᠳᠡᠭᠡ ᠶ᠋ᠢᠨ ᠠᠭᠤᠰᠤᠯᠴᠠᠯ ᠤ᠋ᠨ ᠰᠢᠨ᠎ᠡ ᠰᠠᠭᠤᠷᠢᠨ ᠪᠤᠯᠵᠤ ᠪᠠᠶ᠋ᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号