ᠬᠠᠨᠢᠰᠠᠬᠤ ᠵᠢᠨ ᠵᠠᠢ ᠵᠢ 《ᠰᠦᠯᠵᠢᠶᠡᠨ᠎ᠤ ᠰᠢᠨᠤᠬᠠᠢᠷᠠᠯ》 ᠳ᠋ᠦ ᠪᠦᠦ ᠡᠵᠡᠯᠡᠬᠦᠯᠦᠭᠡᠷᠡᠢ
2026-07-05 12:02:17
ᠵᠣᠬᠢᠶᠠᠭ᠍ᠴᠢ᠄
​ ᠪᠠᠶᠠᠰᠤᠯ
ᠣᠩᠱᠢᠭ᠍ᠰᠠᠨ ᠣᠳᠠᠭ᠎ᠠ᠄
★★★☆☆

ᠲᠤᠭᠠᠴᠢᠯᠠᠯᠲᠠ ᠵᠢᠨ ᠴᠠᠭ ᠡᠷᠢᠨ ᠳ᠋ᠦ᠂ ᠡᠯᠸᠺᠲᠷᠦᠨ ᠦᠢᠯᠡᠳᠬᠦᠨ᠂ ᠢᠯᠠᠩᠭᠤᠶ᠎ᠠ ᠭᠠᠷ ᠤᠳᠠᠰᠤ᠂ ᠭᠠᠷ ᠺᠤᠮᠫᠢᠤᠲᠸᠷ ᠵᠡᠷᠭᠡ ᠨᠢ ᠵᠠᠯᠠᠭᠤᠴᠤᠳ ᠪᠠᠭᠠᠴᠤᠳ᠎ᠤᠨ ᠰᠤᠷᠤᠯᠭ᠎ᠠ ᠠᠮᠢᠳᠤᠷᠠᠯ ᠳ᠋ᠦ ᠬᠦᠨᠵᠡᠭᠡᠢ ᠠᠭᠤᠰᠤᠯᠴᠠᠵᠦ ᠪᠠᠢᠭ᠎ᠠ ᠴᠦ᠍ ᠭᠡᠦᠭᠡᠳ ᠪᠠᠭᠠᠴᠤᠳ᠎ᠤᠨ ᠬᠤᠪᠢ ᠳ᠋ᠦ ᠡᠳᠦᠷ ᠳᠤᠳᠤᠮ᠎ᠤᠨ ᠲᠤᠬᠯᠠᠭᠠᠮ᠎ᠤᠨ ᠵᠦᠢᠯ ᠨᠢ ᠳᠠᠩ ᠴᠤᠯᠭᠤᠢ᠂ ᠤᠬᠤᠷ ᠸᠢᠳᠢᠦ᠌ ᠡᠴᠡ ᠳᠠᠷᠤᠢᠬᠠᠨ ᠳᠠᠭᠠᠰᠢᠶᠠᠯ ᠬᠦᠷᠳᠡᠬᠦ᠂ ᠰᠦᠯᠵᠢᠶᠠᠨ᠎ᠤ ᠲᠤᠬᠯᠠᠭᠠᠮ᠎ᠤᠨ ᠱᠠᠩᠨᠠᠯ ᠬᠦᠷᠳᠡᠭᠡᠮᠵᠢ ᠤᠯᠭᠤᠬᠤ ᠵᠡᠷᠭᠡ ᠨᠢ ᠭᠡᠦᠭᠡᠳ ᠪᠠᠭᠠᠴᠤᠳ᠎ᠤᠨ ᠬᠠᠢᠷ᠎ᠠ ᠰᠡᠳᠬᠢᠯᠭᠡ ᠪᠤᠯᠤᠨ ᠨᠡᠢᠭᠡᠮ᠎ᠤᠨ ᠬᠠᠷᠢᠯᠴᠠᠭᠠᠨ᠎ᠤ ᠬᠤᠭᠤᠰᠤᠮ ᠤᠷᠤᠨ ᠵᠠᠢ ᠵᠢ ᠡᠵᠡᠯᠡᠳᠡᠭ ᠡᠴᠡ ᠡᠳᠡᠭᠡᠷ᠎ᠢ ᠭᠡᠷᠬᠢᠨ ᠵᠦᠪ ᠵᠢᠡᠷ ᠠᠰᠢᠬᠯᠠᠨ ᠡᠵᠡᠮᠳᠡᠵᠦ᠂ 《ᠰᠦᠯᠵᠢᠶᠡᠨ᠎ᠤ ᠰᠢᠨᠤᠬᠠᠢᠷᠠᠯ》 ᠡᠴᠡ ᠵᠠᠢᠯᠠᠭᠤᠯᠬᠤ ᠨᠢ ᠤᠳᠤ ᠵᠢᠨ ᠭᠡᠷ᠎ᠤᠨ ᠠᠬᠠᠮᠠᠳ ᠪᠤᠯᠤᠭᠰᠠᠳ᠎ᠢ 《ᠲᠦᠪᠡᠭᠳᠡᠬᠦᠯᠵᠦ》 ᠪᠠᠢᠭ᠎ᠠ ᠠᠰᠠᠭᠤᠳᠠᠯ ᠪᠤᠯᠵᠠᠢ᠃

ᠨᠡᠩ ᠲᠤᠩᠭᠠᠭᠤᠰᠢᠳᠠᠢ ᠨᠢ᠂ ᠭᠡᠰᠡᠭ ᠭᠡᠷ᠎ᠤᠨ ᠠᠬᠠᠮᠠᠳ ᠡᠯᠸᠺᠲᠷᠦᠨ ᠦᠢᠯᠡᠳᠬᠦᠨ᠎ᠢ ᠪᠦᠳᠦᠮᠵᠢᠳᠠᠢ ᠭᠡᠦᠭᠡᠳ ᠰᠠᠭᠠᠳᠠᠭᠤᠯᠬᠤ 《ᠡᠯᠸᠺᠲᠷᠦᠨ ᠤᠬᠵᠢ》 ᠪᠤᠯᠭᠠᠵᠦ᠂ ᠬᠤᠭᠤᠯᠠᠨ ᠭᠡᠷ᠂ ᠨᠡᠢᠳᠡ ᠵᠢᠨ ᠮᠠᠰᠢᠨ ᠳᠡᠷᠭᠡ᠂ ᠭᠡᠷ ᠪᠦᠯᠢ ᠵᠢᠨ ᠨᠠᠢᠷ ᠴᠤᠬᠯᠠᠭᠠᠨ ᠳᠤᠮᠳᠠ ᠭᠡᠦᠭᠡᠳ ᠨᠢ ᠱᠤᠤᠬᠢᠯᠳᠤᠵᠦ ᠤᠬᠢᠯᠠᠬᠤ ᠪᠡᠷ ᠰᠢᠭᠤᠳ ᠯᠡ ᠭᠠᠷ ᠤᠳᠠᠰᠤ ᠪᠡᠨ ᠭᠠᠷᠭᠠᠨ ᠦᠭᠴᠦ᠂ ᠰᠠᠭᠠᠳᠠᠭᠤᠯᠤᠨ ᠰᠠᠭᠤᠯᠭᠠᠳᠠᠭ ᠪᠠᠢᠨ᠎ᠠ᠃ ᠡᠨᠡᠬᠦ ᠭᠡᠦᠭᠡᠳ ᠰᠠᠭᠠᠳᠠᠭᠤᠯᠬᠤ ᠠᠷᠭ᠎ᠠ ᠨᠢ ᠭᠡᠳᠦᠢᠪᠡᠷ ᠨᠢᠳᠤᠨ ᠡᠮᠦᠨᠡᠬᠢ ᠠᠰᠠᠭᠤᠳᠠᠯ ᠵᠢᠡᠨ ᠰᠢᠢᠳᠪᠤᠷᠢᠯᠡᠭᠰᠡᠨ ᠴᠦ᠍ ᠦᠨᠡᠨ ᠳ᠋ᠡᠭᠡᠨ ᠤᠷᠳᠤ ᠤᠳᠠᠭᠠᠨ᠎ᠤ ᠭᠡᠮ ᠦᠯᠡᠳᠡᠬᠦ ᠨᠢ ᠳᠠᠮᠵᠢᠬ ᠦᠭᠡᠢ ᠶᠤᠮ᠃ ᠰᠤᠳᠤᠯᠭᠠᠨ ᠳ᠋ᠦ ᠬᠠᠷᠠᠭᠤᠯᠤᠭᠰᠠᠨ ᠵᠢᠡᠷ᠂ ᠡᠯᠸᠺᠲᠷᠦᠨ ᠦᠢᠯᠡᠳᠬᠦᠨ᠎ᠢ ᠭᠡᠳᠦᠷᠭᠡᠢ ᠭᠡᠷᠡᠭᠯᠡᠬᠦ ᠢᠯᠠᠩᠭᠤᠶ᠎ᠠ ᠭᠡᠳᠦ ᠰᠢᠨᠤᠬᠠᠢᠷᠠᠬᠤ ᠭᠡᠦᠭᠡᠳ ᠨᠢ ᠠᠩᠬᠠᠷᠤᠯ ᠵᠢᠡᠨ ᠲᠦᠪᠯᠡᠷᠡᠬᠦᠯᠬᠦ ᠳ᠋ᠦ ᠬᠦᠴᠢᠷ᠂ ᠨᠡᠢᠭᠡᠮ᠎ᠤᠨ ᠬᠠᠷᠢᠯᠴᠠᠭᠠᠨ᠎ᠤ ᠴᠢᠳᠠᠪᠤᠷᠢ ᠬᠠᠷᠰᠢᠯᠠᠬᠳᠠᠬᠤ᠂ ᠭᠡᠷ᠎ᠤᠨ ᠬᠦᠮᠦᠰ ᠯᠤᠭᠡ ᠬᠠᠢᠷ᠎ᠠ ᠰᠡᠳᠬᠢᠯᠭᠡ ᠵᠢᠨ ᠬᠦᠨᠳᠡᠢᠷᠡᠯ ᠭᠠᠷᠬᠤ ᠵᠡᠷᠭᠡ ᠠᠰᠠᠭᠤᠳᠠᠯ ᠭᠠᠷᠳᠠᠭ ᠪᠠᠢᠨ᠎ᠠ᠃

ᠮᠡᠷᠭᠡᠵᠢᠯ ᠨᠢ ᠭᠡᠦᠭᠡᠳ ᠵᠢᠡᠨ ᠰᠤᠷᠭᠠᠨ ᠬᠦᠮᠦᠵᠢᠬᠦᠯᠬᠦ ᠵᠢᠨ ᠬᠠᠪᠰᠤᠷᠤᠬᠴᠢ ᠪᠤᠯᠵᠦ ᠪᠤᠯᠳᠠᠭ ᠴᠦ᠍ ᠳᠤᠳᠤᠨᠤᠰᠤᠨ ᠬᠠᠨᠢᠰᠠᠬᠤ ᠵᠢᠨ 《ᠤᠷᠤᠯᠠᠬᠴᠢ》 ᠪᠤᠯᠵᠦ ᠪᠤᠯᠬᠤ ᠦᠭᠡᠢ᠃ ᠭᠡᠦᠭᠡᠳ᠎ᠤᠨ ᠦᠰᠦᠨ ᠪᠤᠢᠵᠢᠬᠤ ᠶᠠᠪᠤᠴᠠ ᠳ᠋ᠦ᠂ ᠡᠴᠢᠭᠡ ᠡᠭᠡ ᠪᠤᠯᠤᠭᠰᠠᠳ᠎ᠤᠨ ᠬᠠᠨᠢᠰᠠᠬᠤ ᠨᠢ ᠮᠠᠰᠢ ᠴᠢᠬᠤᠯᠠ ᠪᠠᠢᠳᠠᠭ᠂ ᠪᠡᠶ᠎ᠡ ᠳ᠋ᠡᠭᠡᠨ ᠠᠮᠤᠷ ᠪᠠᠢᠬᠤ ᠵᠢ ᠪᠤᠳᠤᠭᠠᠳ ᠡᠯᠸᠺᠲᠷᠦᠨ ᠦᠢᠯᠡᠳᠬᠦᠨ᠎ᠢ 《ᠭᠡᠦᠭᠡᠳ ᠰᠠᠭᠠᠳᠠᠭᠤᠯᠤᠭᠤᠷ》 ᠪᠤᠯᠭᠠᠵᠦ ᠪᠤᠯᠬᠤ ᠦᠭᠡᠢ ᠪᠦᠭᠡᠳ ᠨᠢᠭᠡ ᠲᠠᠯ᠎ᠠ ᠪᠡᠷ ᠭᠡᠦᠭᠡᠳ᠎ᠤᠨ ᠵᠢᠡᠨ ᠭᠠᠷ ᠤᠳᠠᠰᠤ ᠨᠠᠭᠠᠳᠬᠤ ᠵᠢ ᠪᠤᠯᠢᠭᠤᠯᠬᠤ ᠵᠢᠨ ᠬᠠᠮᠳᠦ ᠦᠪᠡᠷ ᠵᠢᠡᠨ ᠬᠠᠷᠢᠨ ᠭᠠᠷ ᠤᠳᠠᠰᠤ ᠪᠡᠨ ᠬᠠᠷᠠᠵᠦ ᠰᠠᠭᠤᠭᠠᠳ ᠪᠠᠢᠵᠦ ᠨᠡᠩ ᠴᠦ᠍ ᠪᠤᠯᠬᠤ ᠦᠭᠡᠢ᠃ ᠲᠡᠷᠡ ᠮᠦᠷᠳᠡᠭᠡᠨ ᠭᠠᠷ ᠤᠳᠠᠰᠤ ᠵᠢ ᠨᠢ ᠬᠤᠷᠢᠶᠠᠬᠤ᠂ ᠰᠦᠯᠵᠢᠶ᠎ᠡ ᠵᠢ ᠨᠢ ᠳᠠᠰᠤᠯᠬᠤ ᠵᠡᠷᠭᠡ 《ᠬᠠᠳᠠᠭᠤ ᠠᠷᠭ᠎ᠠ ᠭᠡᠮᠵᠢᠶ᠎ᠡ》 ᠨᠢ ᠦᠩᠭᠡᠨ ᠲᠠᠯ᠎ᠡ ᠡᠴᠡ ᠨᠢ ᠬᠤᠷᠢᠬᠯᠠᠵᠦ ᠴᠢᠳᠠᠬᠰᠠᠨ ᠴᠦ᠍ ᠭᠡᠦᠭᠡᠳ ᠯᠤᠭᠡ ᠵᠢᠨ ᠵᠦᠷᠢᠴᠡᠯ᠎ᠢ᠋ ᠰᠢᠷᠦᠬᠦᠰᠦᠬᠦᠯᠵᠦ᠂ ᠬᠠᠮᠢᠶᠠᠷᠬᠤ ᠳᠤᠳᠤᠮ ᠡᠰᠡᠷᠬᠦᠴᠡᠵᠦ᠂ ᠬᠠᠰᠢᠬᠤ ᠳᠤᠳᠤᠮ ᠰᠢᠨᠤᠬᠠᠢᠷᠠᠬᠤ 《ᠮᠤᠬᠤᠷ ᠭᠤᠳᠤᠮᠵᠢ》 ᠳ᠋ᠦ ᠤᠷᠤᠳᠠᠭ᠃

ᠬᠠᠷᠢᠨ ᠵᠢᠩᠬᠢᠨᠢ ᠪᠦᠳᠦᠮᠵᠢᠳᠠᠢ ᠬᠦᠮᠦᠵᠢᠯ ᠳ᠋ᠦ ᠪᠤᠯ᠂ ᠭᠡᠷ᠎ᠤᠨ ᠠᠬᠠᠮᠠᠳ ᠪᠤᠯᠤᠭᠰᠠᠳ᠎ᠤᠨ ᠬᠦᠯᠢᠴᠡᠩᠬᠦᠢ ᠰᠡᠳᠬᠢᠯ ᠪᠤᠯᠤᠨ ᠤᠶᠤᠨ ᠤᠬᠠᠭᠠᠨ ᠭᠡᠷᠡᠭᠳᠡᠢ ᠪᠦᠭᠡᠳ ᠰᠤᠷᠭᠠᠭᠤᠯᠢ ᠪᠤᠯᠤᠨ ᠨᠡᠢᠭᠡᠮ ᠡᠴᠡ ᠭᠡᠦᠭᠡᠳ᠎ᠤᠳ ᠲᠦ᠍ ᠨᠡᠩ ᠳᠤᠳᠤᠨᠤᠰᠤᠬ ᠬᠤᠷᠰᠢᠯᠴᠠᠯ᠎ᠤᠨ ᠪᠡᠶᠡᠴᠢ ᠤᠢᠯᠠᠭᠠᠯᠲᠠ ᠬᠠᠩᠭᠠᠵᠦ᠂ ᠨᠡᠩ ᠤᠯᠠᠨ ᠳᠤᠷᠠᠳᠠᠢ᠂ ᠪᠠᠬᠠᠳᠠᠢ᠂ ᠪᠠᠶᠠᠷ ᠲᠠᠢ ᠤᠷᠤᠯᠴᠠᠬᠤ ᠠᠵᠢᠯᠯᠠᠭ᠎ᠠ ᠪᠤᠯᠤᠨ ᠲᠠᠯᠠᠪᠤᠷ ᠬᠠᠩᠭᠠᠬᠤ ᠵᠢ ᠱᠠᠭᠠᠷᠳᠠᠨ᠎ᠠ᠃ ᠭᠡᠦᠭᠡᠳ ᠲᠠᠢ ᠪᠡᠨ ᠬᠠᠮᠳᠦ ᠲᠤᠬᠯᠠᠭᠠᠮ ᠳ᠋ᠦ ᠤᠷᠤᠯᠴᠠᠬᠤ᠂ ᠬᠠᠮᠳᠦ ᠪᠡᠷ ᠨᠤᠮ ᠤᠩᠰᠢᠬᠤ᠂ ᠶᠡᠭᠡ ᠪᠠᠢᠭᠠᠯᠢ ᠳ᠋ᠦ ᠤᠢᠷᠠᠳᠴᠦ ᠦᠩᠭᠡ ᠦᠵᠡᠮᠵᠢ ᠰᠤᠨᠢᠷᠬᠠᠬᠤ᠂ ᠬᠠᠮᠳᠦ ᠬᠦᠳᠡᠯᠮᠦᠷᠢ ᠳ᠋ᠦ ᠤᠷᠤᠯᠴᠠᠬᠤ ᠵᠡᠷᠭᠡ ᠪᠡᠷ ᠳᠠᠮᠵᠢᠭᠤᠯᠤᠨ ᠭᠡᠦᠭᠡᠳ ᠲᠠᠢ ᠬᠠᠮᠳᠦ ᠪᠠᠢᠬᠤ ᠪᠠᠶᠠᠰᠬᠤᠯᠠᠩᠳᠦ ᠴᠠᠭ ᠮᠦᠴᠡ ᠵᠢ ᠦᠩᠭᠡᠷᠡᠬᠦᠯᠪᠡᠯ᠂ ᠭᠡᠦᠭᠡᠳ᠎ᠤᠳ ᠦᠨᠡᠨ ᠪᠤᠳᠠᠳᠠᠢ ᠠᠮᠢᠳᠤᠷᠠᠯ ᠳᠤᠮᠳᠠ 《ᠡᠯᠸᠺᠲᠷᠦᠨ ᠤᠬᠵᠢ》 ᠡᠴᠡ ᠭᠡᠵᠢᠶ᠎ᠠ ᠴᠦ᠍ ᠤᠯᠵᠦ ᠴᠢᠳᠠᠬᠤ ᠦᠭᠡᠢ ᠪᠠᠶᠠᠷ ᠪᠠᠶᠠᠰᠤᠯ᠎ᠢ ᠬᠦᠷᠳᠡᠵᠦ ᠴᠢᠳᠠᠬᠤ ᠮᠦᠷᠳᠡᠭᠡᠨ ᠳᠡᠯᠡᠭᠡᠢ ᠶᠢᠷᠳᠢᠨᠴᠦ ᠵᠢ ᠲᠠᠨᠢᠬᠤ ᠰᠤᠨᠢᠭᠤᠴᠢ ᠰᠡᠳᠬᠢᠯ ᠪᠤᠯᠤᠨ ᠰᠦᠪᠡᠭᠴᠢᠯᠡᠬᠦ ᠵᠤᠷᠢᠭ ᠨᠢ ᠠᠬᠤᠢ ᠠᠮᠢᠳᠤᠷᠠᠯ᠎ᠤᠨ ᠬᠦᠷᠦᠰᠦᠨ ᠳ᠋ᠦ ᠰᠤᠶᠤᠭᠠᠯᠠᠬᠤ ᠪᠤᠯᠤᠨ᠎ᠠ᠃

ᠬᠠᠨᠢᠰᠠᠬᠤ  ᠨᠢ ᠳᠠᠩ ᠭᠠᠭᠴᠠ ᠡᠯᠸᠺᠲᠷᠦᠨ ᠦᠢᠯᠡᠳᠬᠦᠨ᠎ᠤ ᠤᠷᠤᠯᠠᠯ ᠳᠡᠳᠦᠢ ᠦᠭᠡᠢ᠂ ᠨᠡᠩ ᠴᠦ᠍ ᠵᠢᠩᠬᠢᠨᠢ ᠬᠠᠢᠷ᠎ᠡ ᠰᠡᠳᠬᠢᠯ᠎ᠤᠨ ᠬᠤᠯᠪᠤᠭᠠᠰᠤ ᠪᠡᠷ ᠳᠠᠮᠵᠢᠭᠤᠯᠤᠨ ᠭᠡᠦᠭᠡᠳ᠎ᠤᠨ ᠤᠶᠤᠨ ᠰᠠᠨᠠᠭᠠᠨ᠎ᠤ ᠶᠢᠷᠳᠢᠨᠴᠦ ᠵᠢ ᠤᠢᠯᠠᠭᠠᠬᠤ ᠵᠢ ᠵᠢᠭᠠᠵᠦ ᠪᠠᠢᠨ᠎ᠠ᠃

ᠲᠤᠰᠬᠠᠢ ᠴᠠᠭ ᠭᠠᠷᠭᠠᠨ ᠬᠡᠦᠭᠡᠳ ᠲᠠᠢ ᠪᠡᠨ ᠬᠠᠨᠢᠰᠠᠨ ᠲᠤᠬᠯᠠᠬᠤ᠂ ᠲᠤᠬᠢᠶᠠᠯᠳᠤᠭᠰᠠᠨ ᠰᠤᠨᠢᠷᠬᠠᠯᠳᠠᠢ ᠶᠠᠪᠤᠳᠠᠯ᠎ᠢ ᠰᠤᠨᠤᠰᠬᠤ ᠁ ᠡᠳᠡᠭᠡᠷ ᠡᠷᠬᠢᠴᠡᠬᠦᠯᠦᠬᠦᠰᠢᠳᠠᠢ᠂ ᠨᠠᠨᠳᠢᠩᠨᠠᠭᠤᠰᠢᠳᠠᠢ ᠬᠠᠢᠷ᠎ᠠ ᠪᠡᠷ ᠡᠯᠸᠺᠲᠷᠦᠨ ᠦᠢᠯᠡᠳᠬᠦᠨ᠎ᠤ ᠳᠡᠷᠡᠬᠦ ᠭᠡᠢᠰᠪᠦᠷᠢ ᠶᠢᠷᠳᠢᠨᠴᠦ ᠵᠢᠨ ᠤᠷᠤᠨ ᠵᠠᠢ ᠵᠢ ᠳᠠᠬᠢᠨᠳᠠ ᠡᠵᠡᠯᠡᠪᠡᠯ᠂ ᠡᠯᠸᠺᠲᠷᠦᠨ ᠦᠢᠯᠡᠳᠬᠦᠨ᠎ᠤ ᠳᠠᠳᠠᠬᠤ ᠬᠦᠴᠦᠨ ᠠᠶᠠᠨᠳᠠᠭᠠᠨ ᠵᠦᠪᠰᠢᠶᠡᠷᠡᠬᠦ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号