ᠨᠢᠬᠡ᠎ᠴᠤ ᠮᠠᠭᠣ ᠦᠨᠡᠯᠡᠯᠳᠡ ᠦᠬᠡᠢ ᠪᠠᠢᠬᠣ ᠵᠢ ᠪᠠᠳᠣᠯᠠᠬᠣ ᠨᠢ ᠮᠠᠢᠮᠠᠢ ᠬᠢᠬᠦ ᠰᠠᠢᠨ ᠠᠷᠭ᠎ᠠ ᠪᠢᠰᠢ
2026-07-06 11:30:53
ᠵᠣᠬᠢᠶᠠᠭ᠍ᠴᠢ᠄
ᠱᠢ ᠹᠧᠩ
ᠣᠩᠱᠢᠭ᠍ᠰᠠᠨ ᠣᠳᠠᠭ᠎ᠠ᠄
★★★☆☆

《ᠦᠨ᠎ᠡ ᠬᠢᠮᠳᠠ ᠴᠢᠨᠠᠷ ᠰᠠᠢᠨ》᠂ 《ᠲᠠᠬᠢᠨ ᠲᠠᠬᠢᠨ ᠬᠣᠳᠠᠯᠳᠣᠨ ᠠᠪᠴᠤ ᠪᠠᠢᠨ᠎ᠠ》 ᠁ ᠪᠠᠷᠠᠭ᠎ᠠ ᠲᠠᠸᠡᠷ᠎ᠦᠨ ᠰᠢᠬᠦᠮᠵᠢ ᠵᠢ ᠦᠵᠡᠪᠡᠯ ᠨᠢᠬᠡ ᠯᠡ ᠬᠡᠪ᠎ᠦᠨ ᠰᠠᠢᠨ ᠦᠨᠡᠯᠡᠯᠳᠡ ᠪᠡᠷ ᠲᠦᠬᠦᠷᠦᠭᠰᠡᠨ ᠪᠠᠢᠨ᠎ᠠ᠃ ᠬᠡᠷᠡᠭᠯᠡᠭᠴᠢᠳ ᠪᠠᠷᠠᠭ᠎ᠠ ᠪᠡᠨ ᠬᠣᠷᠢᠶᠡᠨ ᠣᠯᠣᠬᠰᠠᠨ᠎ᠦ ᠲᠠᠷᠠᠭ᠎ᠠ ᠦᠵᠡᠪᠡᠯ᠂ ᠠᠪᠬᠣ ᠦᠶ᠎ᠡ ᠵᠢᠨ ᠲᠦᠷᠰᠦᠯᠡᠯ ᠲᠠᠢ ᠦᠰᠦᠳ ᠦᠬᠡᠷ᠎ᠡ ᠪᠠᠢᠬᠣ ᠵᠢ ᠣᠯᠵᠦ ᠮᠡᠳᠡᠳᠡᠭ᠃ ᠡᠯᠧᠺᠲᠷᠣᠨ ᠬᠤᠳᠠᠯᠳᠤᠭᠠᠨ᠎ᠤ ᠲᠠᠪᠴᠠᠩ᠎ᠠᠴᠠ ᠪᠠᠷᠠᠭ᠎ᠠ ᠬᠤᠳᠠᠯᠳᠤᠨ ᠠᠪᠬᠤ ᠦᠶ᠎ᠡ᠎ᠳᠦ᠂ ᠳᠡᠯᠭᠡᠭᠦᠷ᠎ᠦᠨ ᠣᠯᠣᠬᠰᠠᠨ ᠦᠨᠡᠯᠡᠯᠳᠡ ᠵᠢᠨ ᠬᠣᠪᠢ᠂ ᠲᠠᠸᠠᠷ᠎ᠦᠨ ᠦᠨᠡᠯᠡᠯᠳᠠ ᠨᠢ ᠬᠥᠮᠥᠰ᠎ᠦᠨ ᠬᠤᠳᠠᠯᠳᠤᠨ ᠠᠪᠬᠤ ᠡᠰᠡᠬᠦ ᠵᠢᠨ ᠴᠢᠬᠤᠯᠠ ᠦᠨᠳᠦᠰᠦᠯᠡᠯ ᠪᠣᠯᠣᠨ᠎ᠠ᠃ ᠬᠡᠳᠡᠯ᠎ᠡ ᠵᠠᠷᠢᠮ 《ᠨᠢᠬᠡ᠎ᠴᠦ ᠮᠠᠭᠣ ᠦᠨᠡᠯᠡᠯᠳᠡ ᠦᠬᠡᠢ》 ᠲᠠᠸᠠᠷ ᠨᠢ ᠬᠠᠭᠣᠷᠮᠠᠬᠯᠠᠨ ᠭᠠᠷᠭᠠᠬᠰᠠᠨ ᠪᠠᠢᠵᠦ ᠮᠡᠳᠡᠨ᠎ᠡ᠃ ᠣᠢᠯᠠᠭᠠᠭᠰᠠᠨ᠎ᠢᠶᠠᠷ᠂ ᠵᠠᠷᠢᠮ ᠬᠠᠤᠯᠢ ᠪᠤᠰᠤ ᠡᠲᠡᠭᠡᠳ ᠵᠠᠭᠤ ᠭᠠᠷᠤᠢ ᠡᠯᠧᠺᠲᠷᠣᠨ ᠬᠤᠳᠠᠯᠳᠤᠭᠠᠨ᠎ᠤ ᠲᠠᠪᠴᠠᠩ᠎ᠤᠨ ᠲᠠᠩᠰᠠᠨ ᠨᠣᠮᠧᠷ᠎ᠢ ᠡᠵᠡᠮᠳᠡᠵᠦ᠂ ᠬᠡᠳᠦᠨ ᠵᠢᠯ᠎ᠦᠨ ᠬᠣᠭᠣᠷᠣᠨᠳᠤ ᠬᠡᠳᠦᠨ ᠲᠦᠮᠡᠨ ᠪᠠᠷᠠᠭ᠎ᠠ ᠬᠤᠳᠠᠯᠳᠤᠨ ᠠᠪᠤᠭᠰᠠᠨ ᠲᠡᠮᠳᠡᠭᠯᠡᠯ᠎ᠲᠠᠢ ᠪᠣᠯᠭᠠᠵᠤ᠂ ᠳᠡᠯᠭᠡᠭᠦᠷ᠎ᠲᠦ ᠪᠠᠢᠨ ᠪᠠᠢᠨ ᠰᠠᠢᠨ ᠦᠨᠡᠯᠡᠯᠳᠡ ᠦᠭᠳᠡᠭ; ᠪᠠᠰᠠ ᠲᠤᠰᠬᠠᠢᠯᠠᠨ ᠮᠠᠭᠤ ᠦᠨᠡᠯᠡᠯᠲᠡ ᠵᠢ ᠬᠠᠰᠣᠵᠦ ᠦᠭᠳᠡᠭ ᠬᠠᠷ᠎ᠠ ᠠᠵᠤ ᠦᠢᠯᠡᠰ᠎ᠦᠨ ᠠᠵᠢᠯ ᠬᠢᠳᠡᠭ ᠨᠢᠬᠡ ᠪᠦᠯᠦᠭ ᠬᠦᠮᠦᠰ ᠪᠠᠢᠳᠠᠭ᠃ ᠡᠳᠡᠭᠡᠷ ᠨᠢ ᠡᠯᠧᠺᠲᠷᠣᠨ ᠬᠤᠳᠠᠯᠳᠤᠭᠠᠨ᠎ᠤ ᠵᠠᠬ᠎ᠠ ᠳᠡᠯᠭᠡᠭᠦᠷ᠎ᠦᠨ ᠭᠣᠣᠯᠴᠢ ᠥᠷᠢᠰᠦᠯᠳᠦᠭᠡᠨ᠎ᠦ ᠡᠮᠬᠢ ᠵᠢᠷᠤᠮ᠎ᠢ ᠰᠠᠮᠠᠭᠤᠷᠠᠭᠤᠯᠵᠤ᠂ ᠬᠠᠤᠯᠢ ᠪᠤᠰᠤ᠎ᠪᠠᠷ ᠡᠵᠡᠩᠨᠡᠭᠰᠡᠨ ᠶᠠᠯ᠎ᠠ᠂ ᠬᠤᠳᠠᠯ ᠬᠠᠭᠤᠷᠮᠠᠭ ᠵᠠᠷ᠎ᠲᠤ ᠬᠣᠯᠪᠣᠭᠳᠠᠭᠰᠠᠨ ᠶᠠᠯ᠎ᠠ᠎ᠳᠦ ᠰᠡᠵᠢᠭᠯᠡᠭᠳᠡᠵᠦ ᠮᠡᠳᠡᠬᠦ ᠶᠣᠮ᠃ ᠡᠭᠦᠨ᠎ᠳᠦ ᠴᠢᠭᠯᠡᠬᠦᠯᠦᠨ ᠳᠣᠲᠣᠭᠠᠳᠤ᠎ᠶᠢ ᠬᠠᠮᠠᠭᠠᠯᠠᠬᠤ ᠪᠠᠢᠭᠤᠯᠤᠯᠭ᠎ᠠ ᠡᠴᠡ ᠴᠢᠩᠭ᠎ᠠ ᠴᠡᠭᠴᠡᠯᠡᠨ ᠵᠠᠰᠠᠯᠳᠠ ᠬᠢᠵᠦ᠂ ᠬᠣᠳᠠᠯᠳᠣᠨ ᠠᠪᠣᠬᠰᠠᠨ ᠲᠣᠭ᠎ᠠ ᠵᠢ ᠨᠡᠮᠡᠭᠳᠡᠬᠦᠯᠬᠦ ᠦᠨᠡᠯᠡᠯᠳᠡ ᠵᠢ ᠡᠵᠡᠮᠳᠡᠬᠦ ᠵᠢᠨ ᠳᠡᠭᠡᠳᠦ ᠳᠣᠣᠷᠠᠳᠤ ᠤᠷᠤᠰᠬᠠᠯ᠎ᠤᠨ ᠠᠰᠢᠭ᠋ ᠲᠤᠰᠠ᠎ᠶᠢᠨ ᠬᠡᠯᠬᠢᠶ᠎ᠡ ᠵᠢ ᠲᠠᠰᠣᠯᠵᠦ ᠴᠢᠩᠭ᠎ᠠ ᠴᠣᠬᠢᠯᠳᠠ ᠦᠭᠬᠦ ᠪᠡᠷ ᠪᠣᠢ᠃ ᠬᠤᠳᠠᠯ ᠬᠠᠭᠤᠷᠮᠠᠭ᠎ᠢᠶᠠᠷ ᠠᠰᠢᠭ᠋ ᠬᠣᠨᠵᠢᠪᠤᠷᠢ ᠣᠯᠬᠤ᠎ᠪᠠᠷ ᠤᠷᠦᠯᠳᠦᠳᠡᠬ ᠲᠡᠳᠡᠭᠡᠷ ᠬᠤᠳᠠᠯᠳᠤᠭᠠᠴᠢᠨ ᠎ᠳᠦ ᠠᠪᠴᠤ ᠬᠡᠯᠡᠪᠡᠯ  ᠡᠨᠡ ᠨᠢ ᠬᠡᠯᠡᠯᠭᠡᠨ ᠦᠭᠡᠢ ᠨᠢᠭᠡᠨ ᠰᠡᠷᠡᠮᠵᠢᠯᠡᠭᠦᠯᠦᠯ ᠪᠣᠯᠬᠤ ᠶᠤᠮ᠃ ᠰᠠᠢᠨ ᠦᠨᠡᠯᠡᠯᠳᠡ ᠵᠢ ᠬᠣᠳᠠᠯ ᠬᠠᠭᠣᠷᠮᠠᠭ ᠵᠢᠡᠷ ᠵᠣᠬᠢᠶᠠᠨ ᠭᠠᠷᠭᠠᠬᠰᠠᠨ ᠪᠢᠰᠢ᠂ ᠬᠠᠷᠢᠨ ᠦᠨᠡᠨ ᠪᠣᠳᠠᠳᠠᠢ ᠪᠡᠷ ᠰᠢᠷᠭᠠᠭᠣ ᠬᠠᠳᠠᠭᠣᠵᠢᠯᠳᠠᠢ ᠪᠡᠷ ᠠᠵᠢᠯᠯᠠᠵᠦ ᠪᠠᠢᠭᠠᠳ ᠣᠯᠣᠬᠰᠠᠨ ᠶᠣᠮ᠃ ᠬᠠᠤᠯᠢ ᠴᠠᠭᠠᠵᠠ᠎ᠶᠢᠨ ᠤᠯᠠᠭᠠᠨ ᠱᠤᠭᠤᠮ᠎ᠢ ᠬᠥᠨᠳᠡᠪᠡᠯ ᠡᠴᠦᠰ᠎ᠲᠡᠬᠡᠨ ᠦᠷᠡᠭᠳᠡᠯ ᠭᠠᠷᠭᠠᠬᠣ ᠨᠢ ᠯᠠᠪᠳᠠᠢ᠃

     — 《ᠠᠵᠦ ᠠᠬᠣᠢ ᠵᠢᠨ ᠡᠳᠦᠷ᠎ᠦᠨ ᠰᠣᠨᠢᠨ》 ᠡᠴᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号