ᠸᠠᠩ ᠸᠧᠢ ᠵᠦᠩ ᠪᠦᠦ ᠭᠠᠩ ᠱᠧᠨᠵᠧᠨ᠎ᠦ ᠦᠨᠡᠲᠦ᠍ ᠲᠡᠮᠳᠡᠭᠲᠦ ᠠᠷᠠᠯᠵᠢᠶᠠᠯᠠᠬᠤ ᠭᠠᠵᠠᠷ᠎ᠤᠨ ᠬᠡᠷᠡᠭ ᠡᠷᠬᠢᠯᠡᠭᠴᠢᠳ᠎ᠤᠨ ᠲᠠᠷᠤᠭ᠎ᠠ ᠱᠠ ᠶᠠᠨ᠎ᠲᠠᠶ ᠠᠭᠤᠯᠵᠠᠪᠠ
2026-07-08 09:54:46
ᠵᠣᠬᠢᠶᠠᠭ᠍ᠴᠢ᠄
ᠯᠢ ᠬᠠᠨ
ᠣᠩᠱᠢᠭ᠍ᠰᠠᠨ ᠣᠳᠠᠭ᠎ᠠ᠄
★★★☆☆

7 ᠰᠠᠷ᠎ᠠ᠎ᠶᠢᠨ 7 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠱᠦᠵᠢ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠶ᠋ᠢᠩᠭᠤ᠎ᠶᠢᠨ ᠬᠤᠷᠢᠶ᠎ᠠ ᠵᠢᠨ ᠡᠷᠬᠢᠯᠡᠭᠴᠢ ᠸᠠᠩ ᠸᠧᠶ ᠵᠥᠩ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭᠴᠢ ᠪᠦᠦ ᠭᠠᠩ ᠬᠥᠬᠡᠬᠣᠲᠠ᠎ᠳᠤ ᠱᠧᠨᠵᠧᠨ᠎ᠦ ᠦᠨᠡᠲᠦ᠍ ᠲᠡᠮᠳᠡᠭᠲᠦ ᠠᠷᠠᠯᠵᠢᠶᠠᠯᠠᠬᠤ ᠭᠠᠵᠠᠷ᠎ᠤᠨ ᠨᠠᠮ᠎ᠤᠨ ᠬᠤᠷᠢᠶ᠎ᠠ ᠵᠢᠨ ᠱᠦᠵᠢ᠂ ᠬᠡᠷᠡᠭ ᠡᠷᠬᠢᠯᠡᠭᠴᠢᠳ᠎ᠤᠨ ᠲᠠᠷᠤᠭ᠎ᠠ ᠱᠠ ᠶᠠᠨ᠎ᠲᠠᠶ ᠠᠭᠤᠯᠵᠠᠪᠠ᠃


QQ20260708-095430.png


7 ᠰᠠᠷ᠎ᠠ᠎ᠶᠢᠨ 7 ᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠱᠦᠵᠢ᠂ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠶ᠋ᠢᠩᠭᠤ᠎ᠶᠢᠨ ᠬᠤᠷᠢᠶ᠎ᠠ ᠵᠢᠨ ᠡᠷᠬᠢᠯᠡᠭᠴᠢ ᠸᠠᠩ ᠸᠧᠶ ᠵᠥᠩ ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭᠴᠢ ᠪᠦᠦ ᠭᠠᠩ ᠬᠥᠬᠡᠬᠣᠲᠠ᠎ᠳᠤ ᠱᠧᠨᠵᠧᠨ᠎ᠦ ᠦᠨᠡᠲᠦ᠍ ᠲᠡᠮᠳᠡᠭᠲᠦ ᠠᠷᠠᠯᠵᠢᠶᠠᠯᠠᠬᠤ ᠭᠠᠵᠠᠷ᠎ᠤᠨ ᠨᠠᠮ᠎ᠤᠨ ᠬᠤᠷᠢᠶ᠎ᠠ ᠵᠢᠨ ᠱᠦᠵᠢ᠂ ᠬᠡᠷᠡᠭ ᠡᠷᠬᠢᠯᠡᠭᠴᠢᠳ᠎ᠤᠨ ᠲᠠᠷᠤᠭ᠎ᠠ ᠱᠠ ᠶᠠᠨ᠎ᠲᠠᠶ ᠠᠭᠤᠯᠵᠠᠪᠠ᠃

ᠲᠤᠰ ᠰᠤᠨᠢᠨ ᠎ᠤ ᠰᠤᠷᠪᠤᠯᠵᠢᠯᠠᠭᠴᠢ ᠮᠠ ᠵᠢᠶᠠᠨ ᠪᠢᠡᠭ  ᠰᠡᠬᠦᠳᠡᠷᠯᠡᠪᠡ


ᠸᠠᠩ ᠸᠧᠢ ᠵᠦᠩ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ᠂ ᠵᠠᠰᠠᠭ᠎ᠤᠨ ᠣᠷᠳᠣᠨ᠎ᠤ ᠡᠮᠦᠨ᠎ᠡ᠎ᠡᠴᠡ ᠱᠠ ᠶᠠᠨ᠎ᠨᠠᠷ᠎ᠢ ᠪᠠᠶᠠᠷᠯᠠᠨ ᠤᠭᠲᠤᠵᠤ ᠪᠠᠶ᠋ᠢᠬᠤ᠎ᠪᠠᠨ ᠢᠯᠡᠳᠬᠡᠭᠰᠡᠨ ᠪᠥᠭᠡᠳ ᠥᠪᠡᠷᠲᠡᠭᠡᠨ ᠵᠠᠰᠠᠬᠤ ᠣᠷᠣᠨ᠎ᠤ ᠬᠣᠯᠪᠣᠭᠳᠠᠯ ᠪᠦᠬᠦᠢ ᠪᠠᠶ᠋ᠢᠳᠠᠯ᠎ᠢ ᠲᠠᠨᠢᠯᠴᠠᠭᠤᠯᠪᠠ᠃ ᠲᠡᠷᠡ᠂ ᠣᠷᠳᠣ ᠬᠤᠭᠤᠴᠠᠭᠠᠨ᠎ᠤ ᠲᠤᠷᠰᠢ᠂ ᠱᠧᠨᠵᠧᠨ ᠎ᠦ ᠦᠨᠡᠲᠦ᠍ ᠲᠡᠮᠳᠡᠭᠲᠦ ᠠᠷᠠᠯᠵᠢᠶᠠᠯᠠᠬᠤ ᠭᠠᠵᠠᠷ᠎ᠤᠨ ᠬᠢᠨ ᠰᠲ᠋ᠤᠺ᠎ᠢᠶᠡᠨ ᠵᠠᠬ᠎ᠠ ᠳᠡᠯᠭᠡᠭᠦᠷ ᠎ᠲᠦ᠍ ᠭᠠᠷᠭᠠᠭᠰᠠᠨ ᠠᠵᠤ ᠠᠬᠤᠶ᠋ᠢᠯᠠᠯ᠎ᠢ ᠪᠣᠶ᠋ᠢᠵᠢᠭᠤᠯᠬᠤ᠂ ᠣᠯᠠᠨ ᠲᠠᠰ ᠳᠠᠪᠬᠤᠷᠭ᠎ᠠ ᠎ᠶᠢᠨ ᠬᠥᠷᠥᠩᠭᠡ᠎ᠶᠢᠨ ᠵᠠᠬ᠎ᠠ ᠳᠡᠯᠭᠡᠭᠦᠷ᠎ᠦᠨ ᠰᠢᠰᠲ᠋ᠧᠮ᠎ᠢ ᠲᠡᠭᠦᠯᠳᠡᠷᠵᠢᠭᠦᠯᠬᠦ᠌ ᠵᠡᠷᠭᠡ ᠲᠠᠯ᠎ᠠ᠎ᠪᠠᠷ ᠮᠠᠨ ᠎ᠤ ᠣᠷᠣᠨ᠎ᠳᠤ ᠨᠠᠷᠢᠯᠢᠭ ᠣᠨᠣᠪᠴᠢᠲᠠᠶ ᠪᠥᠭᠡᠳ ᠬᠦᠴᠦᠲᠡᠶ ᠵᠢᠯᠣᠭᠣᠳᠣᠯᠭ᠎ᠠ ᠳᠡᠮᠵᠢᠯᠭᠡ ᠦᠵᠡᠭᠦᠯᠪᠠ᠂ ᠡᠭᠦᠨ᠎ᠳᠦ ᠪᠢᠳᠡ ᠭᠦᠨ ᠲᠠᠯᠠᠷᠬᠠᠵᠤ ᠪᠠᠶ᠋ᠢᠬᠤ ᠪᠡᠨ ᠢᠯᠡᠳᠭᠡᠵᠦ ᠪᠠᠢᠨ᠎ᠠ᠃ ᠣᠳᠣᠬᠠᠨ᠎ᠳᠤ᠂  ᠣᠷᠣᠨ ᠳᠠᠶᠠᠭᠠᠷ᠎ᠢᠶᠡᠨ ᠶᠠᠭ ᠶᠡᠷᠦᠩᠬᠡᠶ ᠱᠦᠵᠢ ᠰᠢ ᠵᠢᠨ ᠫᠢᠩ᠎ᠦᠨ ᠥᠪᠥᠷ ᠮᠣᠩᠭᠣᠯ᠎ᠤᠨ ᠲᠤᠬᠠᠶ ᠰᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶᠢᠨ ᠵᠣᠷᠢᠭ ᠰᠠᠨᠠᠭ᠎ᠠ ᠪᠣᠯᠤᠨ ᠮᠥᠩᠭᠥᠨ ᠭᠦᠢᠯᠭᠡᠭᠡᠨ᠎ᠦ ᠠᠵᠢᠯ᠎ᠤᠨ ᠲᠤᠬᠠᠶ ᠴᠢᠬᠤᠯᠠ ᠥᠭᠦᠯᠡᠯᠲᠡ᠎ᠶᠢ ᠭᠦᠨᠵᠡᠭᠡᠶ ᠰᠤᠷᠤᠯᠴᠠᠨ ᠲᠤᠭᠤᠰᠢᠯᠠᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ《1571》ᠠᠵᠢᠯ ᠎ᠤᠨ ᠪᠠᠶ᠋ᠢᠷᠢᠯᠠᠭᠤᠯᠤᠯᠲᠠ᠎ᠶᠢ ᠨᠠᠶ᠋ᠢᠳᠠᠪᠤᠷᠢᠵᠢᠭᠤᠯᠬᠤ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠡᠯ᠎ᠡ ᠲᠣᠮᠣ ᠮᠥᠩᠭᠥᠨ ᠭᠦᠢᠯᠭᠡᠭᠡᠨ ᠎ᠦ ᠪᠠᠶ᠋ᠢᠭᠤᠯᠤᠮᠵᠢ᠎ᠯᠤᠭ᠎ᠠ ᠎ᠶᠢᠨ ᠬᠠᠷᠢᠯᠴᠠᠭ᠎ᠠ᠎ᠪᠠᠨ ᠲᠠᠰᠤᠷᠠᠯᠲᠠ ᠥᠬᠡᠶ ᠨᠢᠭᠲᠠᠷᠠᠭᠤᠯᠵᠤ᠂ ᠮᠥᠩᠭᠥᠨ ᠭᠦᠢᠯᠭᠡᠭᠡᠨ ᠎ᠦ ᠦᠢᠯᠡᠴᠢᠯᠡᠭᠡ᠎ᠶᠢ ᠦᠷᠭᠦᠯᠵᠢᠯᠡᠨ ᠰᠢᠯᠢᠳᠡᠭᠵᠢᠭᠦᠯᠵᠦ᠍᠂ ᠮᠥᠩᠭᠥᠨ ᠭᠦᠢᠯᠭᠡᠭᠡᠨ᠎ᠦ ᠬᠠᠩᠭᠠᠯᠭ᠎ᠠ᠎ᠶᠢ ᠥᠷᠭᠡᠳᠬᠡᠵᠦ᠍᠂ ᠮᠥᠩᠭᠥᠨ ᠭᠦᠢᠯᠭᠡᠭᠡᠨ ᠤ᠋ ᠠᠮᠢᠳᠤ ᠪᠤᠯᠠᠭ᠎ᠢᠶᠡᠷ ᠠᠵᠤ ᠠᠬᠤᠶ ᠨᠡᠶ᠋ᠢᠭᠡᠮ᠎ᠦᠨ ᠦᠷᠭᠦᠯᠵᠢᠯᠡᠨ ᠡᠷᠡᠭᠦᠯ ᠎ᠢᠶᠡᠷ ᠬᠥᠭᠵᠢᠬᠦ᠌᠎ᠶᠢ ᠪᠠᠲᠤᠯᠠᠵᠤ ᠪᠠᠶ᠋ᠢᠨ᠎ᠠ᠃ ᠱᠧᠨᠵᠧᠨ᠎ᠦ ᠦᠨᠡᠲᠦ᠍ ᠲᠡᠮᠳᠡᠭᠲᠦ ᠠᠷᠠᠯᠵᠢᠶᠠᠯᠠᠬᠤ ᠭᠠᠵᠠᠷ ᠎ᠦᠨ ᠬᠢᠨ ᠬᠦᠷᠤᠩᠬᠡ ᠵᠢᠨ ᠵᠠᠬ᠎ᠠ ᠳᠡᠯᠭᠡᠭᠦᠷ᠎ᠦᠨ ᠭᠣᠣᠯ ᠲᠠᠪᠴᠠᠩ᠎ᠦᠨ ᠦᠢᠯᠡᠳᠦᠯ ᠴᠢᠳᠠᠪᠬᠢ᠎ᠪᠠᠨ ᠭᠦᠢᠴᠡᠳ ᠪᠠᠳᠠᠷᠠᠭᠤᠯᠵᠤ᠂ ᠰᠢᠯᠢᠳᠡᠭ ᠠᠵᠤ ᠠᠬᠤᠶ᠋ᠢᠯᠠᠯ᠎ᠢ ᠰᠲ᠋ᠤᠺ᠎ᠤᠨ ᠵᠠᠬ᠎ᠠ ᠳᠡᠯᠭᠡᠭᠦᠷ᠎ᠲᠦ᠍ ᠭᠠᠷᠭᠠᠨ ᠪᠣᠶ᠋ᠢᠵᠢᠭᠤᠯᠬᠤ᠂ ᠰᠢᠭᠤᠳ ᠪᠡᠯᠡ ᠬᠤᠷᠠᠮᠳᠤᠭᠤᠯᠬᠤ ᠠᠷᠭ᠎ᠠ ᠵᠠᠮ᠎ᠢ ᠥᠷᠭᠡᠳᠬᠡᠬᠦ᠌᠂ ᠴᠢᠯᠥᠭᠡᠲᠦ᠍ ᠠᠷᠠᠯᠵᠢᠶᠠᠨ᠎ᠦ ᠲᠤᠷᠰᠢᠯᠲᠠ᠎ᠶᠢᠨ ᠣᠷᠣᠨ ᠎ᠦ ᠪᠦᠳᠤᠬᠡᠨ ᠪᠠᠶ᠋ᠢᠭᠤᠯᠤᠯᠲᠠ᠎ᠳᠤ ᠦᠢᠯᠡᠴᠢᠯᠡᠬᠦ᠂ ᠮᠥᠩᠭᠥᠨ ᠭᠦᠢᠯᠭᠡᠭᠡᠨ᠎ᠦ ᠴᠢᠳᠠᠪᠤᠷᠢᠲᠠᠨ᠎ᠢ ᠬᠥᠮᠦᠵᠢᠭᠦᠯᠬᠦ᠌᠂ ᠬᠦᠷᠤᠩᠬᠡ ᠵᠢᠨ ᠵᠠᠬ᠎ᠠ ᠳᠡᠯᠭᠡᠭᠦᠷ᠎ᠦᠨ ᠠᠶᠤᠯ ᠲᠦᠭᠰᠢᠭᠦᠷᠢ᠎ᠶ᠋ᠢ ᠰᠡᠷᠭᠡᠶ᠋ᠢᠯᠡᠨ ᠠᠷᠢᠯᠭᠠᠬᠤ ᠵᠡᠷᠭᠡ ᠲᠠᠯ᠎ᠠ᠎ᠪᠠᠷ ᠮᠠᠨ᠎ᠦ ᠣᠷᠣᠨ᠎ᠳᠤ ᠨᠡᠩ ᠤᠯᠠᠨ ᠳᠡᠮᠵᠢᠯᠭᠡ ᠦᠵᠡᠭᠦᠯᠵᠦ᠍᠂ ᠰᠢᠯᠢᠳᠡᠭ ᠠᠵᠤ ᠠᠬᠤᠶ᠋ᠢᠯᠠᠯ ᠪᠣᠯᠤᠨ ᠠᠵᠤ ᠦᠢᠯᠡᠰ᠎ᠦᠨ ᠬᠦᠷᠤᠩᠬᠡ ᠵᠢᠨ ᠮᠠᠨ᠎ᠤ ᠤᠷᠤᠨ᠎ᠳᠤ ᠢᠷᠡᠵᠦ ᠪᠡᠯᠡ ᠣᠷᠣᠭᠤᠯᠬᠤ᠎ᠶ᠋ᠢ ᠲᠠᠨᠢᠯᠴᠠᠭᠤᠯᠵᠤ᠂ ᠥᠪᠥᠷ ᠮᠣᠩᠭᠣᠯ᠎ᠦᠨ ᠬᠦᠷᠤᠩᠬᠡ ᠵᠢᠨ ᠵᠠᠬ᠎ᠠ ᠳᠡᠯᠭᠡᠭᠦᠷ᠎ᠢ ᠴᠢᠨᠠᠭᠰᠢᠳᠠ ᠰᠠᠶ᠋ᠢᠲᠤᠷ ᠠᠰᠢᠭᠯᠠᠬᠤ᠂ ᠬᠦᠷᠤᠩᠬᠡ᠎ᠶᠢᠨ ᠵᠠᠬ᠎ᠠ ᠳᠡᠯᠭᠡᠭᠦᠷ᠎ᠲᠦ᠍ ᠠᠭᠤᠰᠤᠯᠴᠠᠬᠤ᠎ᠳᠤ ᠬᠦᠴᠦᠨ ᠨᠡᠮᠡᠷᠢᠯᠡᠬᠦ᠌᠎ᠶ᠋ᠢ ᠬᠦᠰᠡᠵᠦ᠍ ᠪᠠᠶ᠋ᠢᠨ᠎ᠠ᠃ ᠪᠢᠳᠠ ᠲᠤᠰ ᠪᠡᠶ᠎ᠡ᠎ᠶᠢᠨ ᠪᠣᠳᠠᠲᠤ᠌ ᠪᠠᠶ᠋ᠢᠳᠠᠯ᠎ᠳᠠᠭᠠᠨ ᠰᠠᠭᠤᠷᠢᠯᠠᠵᠤ᠂ ᠱᠧᠨᠵᠧᠨ᠎ᠦ ᠦᠨᠡᠲᠦ᠍ ᠲᠡᠮᠳᠡᠭᠲᠦ ᠠᠷᠠᠯᠵᠢᠶᠠᠯᠠᠬᠤ ᠭᠠᠵᠠᠷ᠎ᠤᠨ ᠬᠣᠯᠪᠣᠭᠳᠠᠯ ᠪᠦᠬᠦᠢ ᠲᠤᠬᠠᠶ᠋ᠢᠯᠠᠭᠰᠠᠨ ᠠᠵᠢᠯ᠎ᠢ ᠥᠷᠨᠢᠭᠦᠯᠬᠦ᠌᠎ᠶᠢ ᠪᠦᠬᠦ᠌ ᠬᠦᠴᠦ᠎ᠪᠡᠷ᠎ᠢᠶᠡᠨ ᠲᠡᠮᠵᠢᠵᠤ᠂ ᠬᠣᠶᠠᠷ ᠲᠠᠯ᠎ᠠ᠎ᠶᠢᠨ ᠬᠠᠮᠲᠤᠷᠠᠯᠴᠠᠭ᠎ᠠ ᠵᠢᠨ ᠡᠯᠪᠡᠭ ᠦᠷ᠎ᠡ ᠪᠦᠲᠦᠭᠡᠯ ᠤᠯᠬᠤ᠎ᠶᠢ ᠠᠬᠢᠭᠤᠯᠤᠨ᠎ᠠ ᠭᠡᠵᠡᠢ᠃

 ᠱᠠ ᠶᠠᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ᠂ ᠵᠠᠰᠠᠭ᠎ᠤᠨ ᠣᠷᠳᠣᠨ᠎ᠤ ᠱᠧᠨᠵᠧᠨ᠎ᠦ ᠦᠨᠡᠲᠦ᠍ ᠲᠡᠮᠳᠡᠭᠲᠦ ᠠᠷᠠᠯᠵᠢᠶᠠᠯᠠᠬᠤ ᠭᠠᠵᠠᠷ᠎ᠤᠨ ᠠᠵᠢᠯ᠎ᠢ ᠳᠡᠮᠵᠢᠵᠤ ᠪᠠᠢᠬᠤ᠎ᠳᠦ ᠲᠠᠯᠠᠷᠬᠠᠭᠰᠠᠨ  ᠪᠥᠭᠡᠳ ᠱᠧᠨᠵᠧᠨ᠎ᠦ ᠦᠨᠡᠲᠦ᠍ ᠲᠡᠮᠳᠡᠭᠲᠦ ᠠᠷᠠᠯᠵᠢᠶᠠᠯᠠᠬᠤ ᠭᠠᠵᠠᠷ᠎ᠤᠨ ᠥᠭᠡᠷᠡᠴᠢᠯᠡᠯᠲᠡ ᠬᠥᠭᠵᠢᠯᠲᠡ᠎ᠶᠢᠨ ᠪᠠᠶ᠋ᠢᠳᠠᠯ᠎ᠢ ᠲᠠᠨᠢᠯᠴᠠᠭᠤᠯᠪᠠ᠃ ᠲᠡᠷᠡ᠂ ᠥᠪᠥᠷ ᠮᠣᠩᠭᠣᠯ᠎ᠤᠨ ᠡᠨᠧᠷᠭᠢ᠎ᠶᠢᠨ ᠡᠬᠢ ᠪᠠᠶᠠᠯᠢᠭ ᠡᠯᠪᠡᠭ ᠲᠡᠯᠪᠡᠭ᠂ ᠠᠵᠤ ᠦᠢᠯᠡᠰ᠎ᠦᠨ ᠦᠨᠳᠦᠰᠦ ᠰᠠᠭᠤᠷᠢ ᠪᠠᠲᠤ᠌᠂ ᠬᠥᠭᠵᠢᠯᠲᠡ᠎ᠶᠢᠨ ᠢᠷᠡᠭᠡᠳᠦᠢ ᠥᠷᠭᠡᠨ ᠠᠭᠤᠳᠠᠮ ᠪᠠᠶ᠋ᠢᠨ᠎ᠠ᠃ ᠱᠧᠨᠵᠧᠨ᠎ᠦ ᠦᠨᠡᠲᠦ᠍ ᠲᠡᠮᠳᠡᠭᠲᠦ ᠠᠷᠠᠯᠵᠢᠶᠠᠯᠠᠬᠤ ᠭᠠᠵᠠᠷ᠎ᠤᠨ ᠬᠢᠨ ᠲᠤᠰ ᠪᠡᠶ᠎ᠡ᠎ᠶᠢᠨ ᠳᠠᠪᠠᠭᠤᠯᠢᠭ᠎ᠢᠶᠠᠨ ᠭᠦᠢᠴᠡᠳ ᠪᠠᠳᠠᠷᠠᠭᠤᠯᠵᠤ᠂ ᠰᠲ᠋ᠣᠺ᠎ᠢᠶᠡᠨ ᠵᠠᠬ᠎ᠠ ᠳᠡᠯᠭᠡᠭᠦᠷ᠎ᠲᠦ᠍ ᠭᠠᠷᠭᠠᠭᠰᠠᠨ ᠰᠢᠯᠢᠳᠡᠭ ᠺᠣᠮᠫᠠᠨᠢ᠎ᠶ᠋ᠢ ᠪᠣᠶ᠋ᠢᠵᠢᠭᠤᠯᠬᠤ᠂ ᠠᠵᠤ ᠠᠬᠤᠶ᠋ᠢᠯᠠᠯ᠎ᠦᠨ ᠪᠡᠯᠡ ᠬᠤᠷᠠᠮᠳᠤᠭᠤᠯᠬᠤ ᠠᠷᠭ᠎ᠠ ᠵᠠᠮ᠎ᠢ ᠰᠢᠯᠤᠭᠤᠳᠬᠠᠬᠤ᠂ ᠰᠲ᠋ᠣᠺ᠎ᠢᠶᠡᠨ ᠵᠠᠬ᠎ᠠ ᠳᠡᠯᠭᠡᠭᠦᠷ᠎ᠲᠦ᠍ ᠭᠠᠷᠭᠠᠭᠰᠠᠨ ᠠᠵᠤ ᠠᠬᠤᠶ᠋ᠢᠯᠠᠯ᠎ᠢ ᠬᠥᠭᠵᠢᠭᠦᠯᠦᠨ ᠪᠤᠵᠠᠭᠠᠶ᠋ᠢᠷᠠᠭᠤᠯᠬᠤ᠂ ᠵᠢᠭᠡᠯᠡᠯᠭᠡ ᠵᠢᠨ ᠲᠡᠮᠳᠡᠭᠲᠦ᠍ ᠲᠠᠷᠬᠠᠭᠠᠬᠤ ᠵᠡᠷᠭᠡ ᠲᠠᠯ᠎ᠠ᠎ᠪᠠᠷ ᠥᠪᠥᠷ ᠮᠣᠩᠭᠣᠯ᠎ᠯᠤᠭ᠎ᠠ ᠵᠢᠨ ᠪᠣᠳᠠᠲᠠᠢ᠎ᠶᠢ ᠡᠷᠬᠢᠮᠯᠡᠭᠰᠡᠨ ᠬᠠᠮᠲᠤᠷᠠᠯᠴᠠᠭ᠎ᠠ᠎ᠪᠠᠨ ᠦᠷᠭᠦᠯᠵᠢᠯᠡᠨ ᠴᠢᠩᠭᠠᠳᠬᠠᠵᠤ᠂ ᠤᠯᠠᠨ ᠲᠡᠰ ᠳᠠᠪᠬᠤᠷᠭ᠎ᠠ ᠵᠢᠨ ᠬᠦᠷᠤᠩᠬᠡ ᠵᠢᠨ ᠵᠠᠬ᠎ᠠ ᠳᠡᠯᠭᠡᠭᠦᠷ᠎ᠲᠦ᠍ ᠲᠦᠰᠢᠭᠯᠡᠨ ᠥᠪᠡᠷᠲᠡᠭᠡᠨ ᠵᠠᠰᠠᠬᠤ ᠣᠷᠣᠨ᠎ᠦ ᠤᠳᠤ ᠦᠶ᠎ᠡ ᠵᠢᠨ ᠨᠡᠭᠦᠷᠡᠰᠦ ᠬᠢᠮᠢ ᠵᠢᠨ ᠠᠵᠤ ᠦᠢᠯᠡᠳᠪᠦᠷᠢ᠂ ᠰᠢᠨ᠎ᠡ ᠡᠨᠧᠷᠭᠢ᠂ ᠪᠤᠳᠤᠯᠲᠠ ᠵᠢᠨ ᠬᠦᠴᠦᠨ᠂ ᠤᠳᠤ ᠦᠶ᠎ᠡ ᠵᠢᠨ ᠮᠠᠯ ᠠᠵᠤ ᠠᠬᠤᠢ ᠲᠠᠷᠢᠶᠠᠯᠠᠩ ᠵᠡᠷᠭᠡ ᠤᠨᠴᠠᠯᠢᠬᠳᠤ ᠳᠠᠪᠠᠭᠤᠯᠢᠭᠲᠤ ᠠᠵᠤ ᠦᠢᠯᠡᠰ᠎ᠢ ᠬᠦᠭᠵᠢᠬᠦᠯᠬᠦ᠎ᠳᠤ ᠬᠦᠴᠦᠨ ᠨᠡᠮᠡᠷᠢᠯᠡᠵᠦ᠍᠂ ᠨᠡᠩ ᠤᠯᠠᠨ ᠰᠢᠯᠢᠳᠡᠭ ᠠᠵᠤ ᠠᠬᠤᠶ᠋ᠢᠯᠠᠯ᠎ᠦᠨ ᠬᠦᠷᠤᠩᠬᠡ ᠵᠢᠨ ᠵᠠᠬ᠎ᠠ ᠳᠡᠯᠭᠡᠭᠦᠷ᠎ᠢ ᠠᠰᠢᠭᠯᠠᠨ ᠬᠦᠴᠦᠷᠬᠡᠭᠵᠢᠨ ᠪᠤᠵᠠᠭᠠᠶ᠋ᠢᠷᠠᠵᠤ᠂ ᠪᠦᠬᠦ᠌ ᠣᠷᠣᠨ᠎ᠦ ᠠᠵᠤ ᠠᠬᠤᠢ ᠨᠡᠢᠭᠡᠮ᠎ᠤᠨ ᠴᠢᠨᠠᠷ ᠰᠠᠢᠲᠠᠢ ᠬᠦᠭᠵᠢᠯᠲᠡ᠎ᠳᠤ ᠨᠡᠩ ᠶᠡᠬᠡ ᠬᠤᠪᠢ ᠨᠡᠮᠡᠷᠢ ᠦᠵᠡᠭᠦᠯᠬᠦ ᠵᠢ ᠠᠬᠢᠭᠤᠯᠦᠨ᠎ᠠ ᠭᠡᠵᠦ ᠢᠯᠡᠳᠭᠡᠪᠡ᠃

  ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠢᠦᠶ ᠯᠢ ᠰᠢᠨ ᠣᠷᠣᠯᠴᠠᠵᠠᠢ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号