ᠬᠦᠬᠡᠬᠤᠲᠠ 《ᠡᠪᠦᠯ ᠤ᠋ᠨ ᠬᠠᠷ᠎ᠠ ᠪᠤᠭᠤᠳᠠᠢ + ᠲᠡᠵᠢᠭᠡᠯ ᠪᠤᠷᠳᠤᠭ᠎ᠠ 》 ᠵᠢᠨ ᠰᠡᠯᠬᠦᠨ ᠲᠠᠷᠢᠬᠤ ᠵᠠᠭᠪᠤᠷ ᠵᠢᠡᠨ ᠰᠢᠯᠢᠳᠡᠭᠵᠢᠭᠦᠯᠪᠡ
2026-07-08 11:22:04
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

 ᠰᠤᠷᠪᠤᠯᠵᠢᠯᠠᠭᠴᠢ ᠭᠦᠬᠡᠬᠤᠳᠠ ᠶ᠋ᠢᠨ ᠲᠠᠷᠢᠶᠠᠯᠠᠡᠭ ᠮᠠᠯ ᠠᠵᠤ ᠠᠬᠤᠢ ᠪᠡ ᠬᠦᠳᠡᠭᠡ ᠲᠤᠰᠬᠤᠨ ᠮᠠᠯᠵᠢᠬᠤ ᠤᠷᠤᠨ ᠤ᠋ ᠲᠤᠪᠴᠢᠶ᠎ᠡ ᠡᠴᠡ ᠤᠢᠯᠠᠭᠠᠭᠰᠠᠨ ᠶ᠋ᠢᠡᠷ᠂ ᠬᠦᠬᠡᠬᠤᠲᠠ 《ᠡᠪᠦᠯ ᠤ᠋ᠨ ᠬᠠᠷ᠎ᠠ ᠪᠤᠭᠤᠳᠠᠢ + ᠲᠡᠵᠢᠭᠡᠯ ᠪᠤᠷᠳᠤᠭ᠎ᠠ》 ᠵᠢᠨ ᠰᠡᠯᠬᠦᠨ ᠲᠠᠷᠢᠬᠤ ᠵᠠᠭᠪᠤᠷ ᠵᠢᠡᠨ ᠦᠷᠬᠦᠯᠵᠢᠯᠡᠨ ᠰᠢᠯᠢᠳᠡᠭᠵᠢᠭᠦᠯᠵᠦ᠂ ᠡᠪᠦᠯ ᠤ᠋ᠨ ᠬᠠᠷ᠎ᠠ ᠪᠤᠭᠤᠳᠠᠢ ᠵᠢ ᠬᠤᠷᠢᠶᠠᠭᠰᠠᠨ ᠤ᠋ ᠳᠠᠷᠠᠭᠠᠬᠢ ᠭᠠᠵᠠᠷ ᠰᠢᠷᠤᠢ ᠶ᠋ᠢᠨ ᠡᠬᠢ ᠪᠠᠶᠠᠯᠢᠭ ᠢ᠋ ᠭᠦᠢᠴᠡᠳ ᠠᠰᠢᠭᠯᠠᠨ᠂ ᠡᠪᠡᠰᠦ ᠪᠤᠷᠳᠤᠭᠠᠨ ᠤ᠋ ᠬᠠᠡᠭᠭᠠᠯᠭ᠎ᠠ ᠶ᠋ᠢᠨ ᠴᠢᠳᠠᠪᠤᠷᠢ ᠵᠢ ᠳᠡᠭᠡᠭᠰᠢᠯᠡᠭᠦᠯᠬᠦ ᠪᠡᠷ ᠲᠦᠷᠦᠭᠦᠬᠡᠨ ᠲᠦᠮᠡᠳ ᠵᠡᠭᠦᠨ ᠬᠤᠰᠢᠭᠤᠨ ᠤ᠋ ᠠᠯᠲᠠᠨ ᠬᠦᠷᠢᠶᠡᠯᠡᠭ ᠲᠤᠭᠤᠷᠢᠭ ᠤ᠋ᠨ ᠬᠠᠲᠤᠵᠤ ᠬᠤᠷᠢᠶᠠᠭᠰᠠᠨ ᠡᠪᠦᠯ ᠤ᠋ᠨ ᠬᠠᠷ᠎ᠠ ᠪᠤᠭᠤᠳᠠᠢ ᠶ᠋ᠢᠨ ᠲᠠᠷᠢᠶᠠᠨ ᠭᠠᠵᠠᠷ ᠲᠦ᠍ ᠲᠠᠵᠢᠬᠡᠯ ᠪᠤᠷᠳᠤᠭ᠎ᠠ ᠵᠢᠨ ᠲᠠᠷᠢᠮᠠᠯ ᠲᠠᠷᠢᠵᠠᠢ᠃

ᠮᠡᠷᠭᠡᠵᠢᠯ ᠤ᠋ᠨ ᠠᠵᠢᠯᠲᠠᠳ ᠲᠤᠬᠠᠢ ᠶ᠋ᠢᠨ ᠭᠠᠵᠠᠷ ᠤ᠋ᠨ ᠠᠭᠤᠷ ᠠᠮᠢᠰᠬᠤᠯ᠂ ᠬᠦᠷᠦᠰᠦ ᠰᠢᠷᠤᠢ ᠶ᠋ᠢᠨ ᠴᠢᠬᠢᠭ ᠤ᠋ᠨ ᠪᠠᠢᠳᠠᠯ ᠢ᠋ ᠦᠨᠳᠦᠰᠦᠯᠡᠵᠤ ᠤᠬᠤᠷ ᠬᠤᠭᠤᠴᠠᠭᠠᠨ ᠳ᠋ᠦ ᠪᠤᠯᠪᠠᠰᠤᠷᠠᠬᠤ ᠬᠦᠬᠡ ᠳᠠᠷᠤᠰᠢ ᠶ᠋ᠢᠨ ᠡᠷᠳᠡᠨᠢ ᠰᠢᠰᠢ ᠪᠠ ᠰᠢᠰᠢ ᠵᠡᠷᠭᠡ 2 ᠵᠦᠢᠯ ᠤ᠋ᠨ ᠦᠨᠳᠦᠷ ᠤᠨᠠᠯᠲᠠᠳᠦ ᠲᠠᠵᠢᠬᠡᠯ ᠪᠤᠷᠳᠤᠭ᠎ᠠ ᠵᠢᠨ ᠲᠠᠷᠢᠮᠠᠯ ᠢ᠋ ᠰᠢᠨᠵᠢᠯᠡᠬᠦ ᠤᠬᠠᠭᠠᠨᠴᠢ ᠪᠡᠷ ᠲᠤᠬᠢᠷᠠᠭᠤᠯᠤᠨ ᠲᠠᠷᠢᠵᠠᠢ᠃ ᠮᠡᠷᠭᠡᠵᠢᠯ ᠤ᠋ᠨ ᠠᠵᠢᠯᠲᠠᠳ ᠡᠴᠡ ᠲᠠᠷᠢᠮᠠᠯ ᠤ᠋ᠨ ᠪᠦᠬᠦ ᠶᠠᠪᠤᠴᠠ ᠶ᠋ᠢᠨ ᠳᠦᠷᠢᠮᠵᠢᠭᠦᠨ ᠠᠵᠢᠯᠯᠠᠭᠠᠨ ᠢ᠋ ᠪᠠᠲᠤᠯᠠᠵᠤ᠂ ᠲᠠᠷᠢᠬᠤ ᠡᠴᠡ ᠡᠮᠦᠨᠡᠬᠢ ᠲᠠᠷᠢᠶᠠᠨ ᠭᠠᠵᠠᠷ ᠢ᠋ ᠨᠠᠷᠢᠯᠢᠭ ᠲᠡᠭᠰᠢᠯᠡᠨ ᠦᠯᠡᠳᠡᠭᠳᠡᠯ ᠭᠤᠤᠷᠰᠤ ᠵᠢ ᠴᠡᠪᠡᠷᠯᠡᠨ ᠠᠷᠢᠯᠭᠠᠵᠤ᠂ ᠨᠢᠭᠡᠲᠦᠯᠲᠡᠢ ᠨᠡᠢᠯᠡᠮᠠᠯ ᠪᠤᠷᠳᠤᠭᠤᠷ ᠤᠷᠤᠭᠤᠯᠵᠤ᠂ ᠨᠢᠯᠬ᠎ᠠ ᠴᠢᠬᠢ ᠶ᠋ᠢᠨ ᠤᠷᠭᠤᠯᠳᠠ ᠳ᠋ᠦ ᠭᠦᠢᠴᠡᠳ ᠰᠢᠮ᠎ᠡ ᠲᠡᠵᠢᠭᠡᠯ ᠬᠠᠡᠭᠭᠠᠨ᠂ ᠲᠠᠵᠢᠬᠡᠯ ᠪᠤᠷᠳᠤᠭ᠎ᠠ ᠵᠢᠨ ᠲᠠᠷᠢᠮᠠᠯ ᠤ᠋ᠨ ᠴᠢᠬᠢ ᠶ᠋ᠢᠨ ᠢᠳᠡᠷᠡᠭᠦᠨ ᠤᠷᠭᠤᠯᠲᠠ᠂ ᠵᠢᠭᠳᠡ ᠤᠷᠭᠤᠯᠲᠠ ᠪᠠ ᠲᠤᠭᠲᠠᠭᠤᠨ ᠤᠷᠭᠤᠯᠳᠠ ᠶ᠋ᠢᠨ ᠰᠠᠭᠤᠷᠢ ᠵᠢ ᠪᠡᠬᠢᠵᠢᠭᠦᠯᠪᠡ᠃

ᠬᠦᠬᠡᠬᠤᠲᠠ ᠡᠪᠦᠯ ᠤ᠋ᠨ ᠬᠠᠷ᠎ᠠ ᠪᠤᠭᠤᠳᠠᠢ ᠵᠢ ᠬᠤᠷᠢᠶᠠᠭᠰᠠᠨ ᠤ᠋ ᠳᠠᠷᠠᠭ᠎ᠠ ᠴᠠᠭ ᠲᠤᠬᠠᠢ ᠳ᠋ᠤᠨᠢ ᠳᠠᠬᠢᠨ ᠲᠠᠷᠢᠬᠤ᠂ ᠰᠢᠨᠵᠢᠯᠡᠬᠦ᠌ ᠤᠬᠠᠭᠠᠨᠴᠢ ᠪᠠᠷ ᠪᠣᠷᠳᠣᠭᠤᠷ ᠣᠷᠣᠭᠤᠯᠬᠤ ᠵᠢ ᠨᠢᠭᠡ ᠴᠣᠭᠴᠠᠵᠢᠭᠤᠯᠬᠤ ᠪᠡᠷ ᠳᠠᠮᠵᠢᠨ ᠡᠮᠦᠨ᠎ᠡ ᠬᠣᠶ᠋ᠢᠨᠠᠬᠢ ᠲᠠᠷᠢᠮᠠᠯ ᠤ᠋ᠨ ᠬᠤᠭᠤᠴᠠᠭ᠎ᠠ ᠵᠢ ᠥᠨᠳᠥᠷ ᠪᠦᠲᠦᠮᠵᠢᠲᠡᠢ ᠪᠡᠷ ᠵᠣᠯᠭᠠᠭᠤᠯᠵᠤ᠂ ᠵᠤᠨ ᠤ᠋ ᠤᠯᠠᠷᠢᠯ ᠤ᠋ᠨ ᠰᠤᠯᠠ ᠲᠠᠯᠪᠢᠭᠳᠠᠬᠤ ᠲᠠᠷᠢᠶᠠᠨ ᠭᠠᠵᠠᠷ ᠤ᠋ᠨ ᠡᠬᠢ ᠪᠠᠶᠠᠯᠢᠭ ᠢ᠋ ᠲᠤᠶ᠋ᠢᠯᠪᠤᠷᠢᠲᠠᠢ ᠠᠰᠢᠭᠯᠠᠨ᠂ ᠲᠤᠬᠠᠢ ᠶ᠋ᠢᠨ ᠭᠠᠵᠠᠷ ᠤ᠋ᠨ ᠵᠤᠨ ᠨᠠᠮᠤᠷ ᠤ᠋ᠨ ᠤᠯᠠᠷᠢᠯ ᠤ᠋ᠨ ᠲᠡᠵᠢᠭᠡᠯ ᠡᠪᠡᠰᠦ ᠪᠤᠷᠳᠤᠭᠠᠨ ᠤ᠋ ᠳᠤᠲᠠᠭᠤᠳᠠᠯ ᠢ᠋ ᠪᠦᠲᠦᠮᠵᠢᠲᠡᠢ ᠨᠥᠬᠥᠪᠥᠷᠢᠯᠡᠵᠦ᠍᠂ ᠭᠠᠵᠠᠷ ᠰᠢᠷᠣᠢ ᠶ᠋ᠢᠨ ᠠᠰᠢᠭᠯᠠᠯᠲᠠ ᠶ᠋ᠢᠨ ᠦᠷ᠎ᠡ ᠪᠦᠲᠦᠮᠵᠢ ᠪᠠ ᠲᠠᠷᠢᠵᠤ ᠲᠡᠵᠢᠭᠡᠬᠦ᠌ ᠶᠡᠷᠦᠩᠬᠡᠢ ᠦᠷ᠎ᠡ ᠠᠰᠢᠭ ᠢ᠋ ᠦᠨᠡᠨ ᠬᠦ᠌ ᠳᠡᠭᠡᠭᠰᠢᠯᠡᠭᠦᠯᠪᠡ᠃

ᠤᠢᠯᠠᠭᠠᠭᠰᠠᠨ ᠵᠢᠡᠷ᠂ ᠬᠦᠬᠡᠬᠤᠲᠠ ᠶ᠋ᠢᠨ ᠬᠢᠨ ᠲᠠᠷᠢᠮᠠᠯ ᠤ᠋ᠨ ᠤᠷᠭᠤᠯᠲᠠ ᠶ᠋ᠢᠨ ᠵᠠᠩᠭᠢᠯᠠᠭ᠎ᠠ ᠶ᠋ᠢᠨ ᠴᠡᠭ ᠢ᠋ ᠦᠷᠭᠦᠯᠵᠢᠯᠡᠨ ᠴᠢᠩᠭ᠎ᠠ ᠠᠩᠬᠠᠷᠴᠤ᠌᠂ ᠰᠢᠨ᠎ᠠ ᠪᠡᠷ ᠲᠠᠷᠢᠭᠰᠠᠨ ᠲᠠᠵᠢᠬᠡᠯ ᠪᠤᠷᠳᠤᠭ᠎ᠠ ᠵᠢᠨ ᠲᠠᠷᠢᠮᠠᠯ ᠤ᠋ᠨ ᠴᠢᠬᠢ ᠪᠠᠷᠢᠬᠤ ᠬᠤᠭᠤᠴᠠᠭᠠᠨ ᠤ᠋ ᠬᠠᠮᠢᠶᠠᠷᠤᠯᠲᠠ ᠬᠠᠮᠠᠭᠠᠯᠠᠯᠲᠠ᠂ ᠤᠰᠤ ᠪᠣᠷᠲᠣᠭᠣᠷ ᠤ᠋ᠨ ᠬᠠᠮᠢᠶᠠᠷᠤᠯᠲᠠ ᠪᠠ ᠡᠪᠡᠳᠴᠢᠨ ᠬᠣᠷᠣᠬᠠᠶ ᠶ᠋ᠢᠨ ᠬᠥᠨᠥᠭᠡᠯ ᠢ᠋ ᠰᠡᠷᠭᠡᠶ᠋ᠢᠯᠡᠨ ᠵᠠᠰᠠᠬᠤ ᠮᠡᠳᠤ ᠵᠢᠨ ᠨᠠᠷᠢᠯᠢᠬᠵᠢᠭᠤᠯᠤᠭᠰᠠᠨ ᠬᠠᠮᠢᠶᠠᠷᠤᠯᠲᠠ ᠶ᠋ᠢᠨ ᠠᠵᠢᠯ ᠢ᠋ ᠯᠠᠪᠳᠠᠭᠤᠨ ᠪᠠᠲᠤᠲᠠᠶ ᠰᠠᠶ᠋ᠢᠲᠤᠷ ᠬᠢᠬᠦ ᠵᠢᠨ ᠬᠠᠮᠳᠤ ᠲᠠᠵᠢᠬᠡᠯ ᠪᠤᠷᠳᠤᠭ᠎ᠠ ᠵᠢᠨ  ᠲᠠᠷᠢᠮᠠᠯ ᠤ᠋ᠨ ᠤᠷᠭᠤᠯᠲᠠ ᠶ᠋ᠢᠨ ᠪᠠᠶ᠋ᠢᠳᠠᠯ ᠳ᠋ᠦ ᠦᠷᠬᠦᠯᠵᠢᠯᠡᠨ ᠮᠦᠷᠳᠡᠯᠲᠡ ᠬᠢᠵᠦ᠂ ᠲᠤᠷᠰᠢᠯᠲᠠ ᠶ᠋ᠢᠨ ᠲᠣᠭ᠎ᠠ ᠪᠠᠷᠢᠮᠲᠠ ᠵᠢ ᠰᠢᠰᠲ᠋ᠧᠮ ᠲᠡᠶ ᠴᠤᠭᠯᠠᠭᠤᠯᠤᠨ᠂ 《ᠡᠪᠦᠯ ᠤ᠋ᠨ ᠬᠠᠷ᠎ᠠ ᠪᠣᠭᠣᠳᠠᠶ +  ᠲᠡᠵᠢᠭᠡᠯ ᠪᠤᠷᠳᠤᠭ᠎ᠠ》 ᠵᠢᠨ ᠰᠡᠯᠬᠦᠨ ᠲᠠᠷᠢᠬᠤ ᠮᠡᠷᠭᠡᠵᠢᠯ ᠤ᠋ᠨ ᠰᠢᠰᠲ᠋ᠧᠮ ᠢ᠋ ᠲᠠᠰᠤᠷᠠᠯᠲᠠ ᠥᠬᠡᠶ ᠲᠡᠭᠦᠯᠳᠡᠷᠵᠢᠭᠦᠯᠵᠦ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号