ᠦᠪᠦᠷ ᠮᠤᠩᠭᠤᠯ 《ᠠᠷᠪᠠᠨ ᠮᠢᠨᠦ᠋ᠲ ᠤ᠋ᠨ ᠲᠤᠳᠤᠷᠡᠬᠢ ᠲᠦᠷᠢᠮ ᠡᠴᠨ ᠵᠦᠷᠢᠴᠡᠨ ᠮᠠᠰᠢᠨ ᠲᠡᠷᠬᠡ ᠵᠤᠬᠰᠤᠭᠠᠬᠰᠠᠨ ᠠᠵᠢᠯᠯᠠᠭ᠎ᠠ ᠵᠢ ᠲᠤᠷᠭᠠᠭᠤᠯᠢ ᠡᠴᠨ ᠬᠡᠯᠳᠦᠷᠢᠬᠦᠯᠬᠦ》 ᠭᠤᠶᠤᠴᠢᠯᠠᠬᠤ ᠲᠠᠪᠴᠠᠩ᠎ᠢ ᠬᠠᠭᠠᠵᠠᠢ
2026-07-09 10:16:48
ᠵᠣᠬᠢᠶᠠᠭ᠍ᠴᠢ᠄
ᠰᠢᠨᠡᠪᠢᠯᠢᠭ
ᠣᠩᠱᠢᠭ᠍ᠰᠠᠨ ᠣᠳᠠᠭ᠎ᠠ᠄
★★★☆☆

ᠤᠢᠷ᠎ᠠ ᠵᠢᠨ ᠡᠳᠦᠷ᠂ ᠦᠪᠡᠷᠳᠡᠬᠡᠨ ᠵᠠᠰᠠᠬᠤ ᠤᠷᠤᠨ ᠤ᠋ ᠲᠤᠳᠤᠭᠠᠳᠤ ᠵᠢ ᠬᠠᠮᠠᠭᠠᠯᠠᠬᠤ ᠲᠢᠩᠬᠢᠮ ᠤ᠋ᠨ ᠵᠠᠮ ᠬᠠᠷᠢᠯᠴᠠᠭᠠᠨ ᠤ᠋ ᠬᠠᠮᠢᠶᠠᠷᠤᠯᠳᠠ ᠵᠢᠨ ᠲᠤᠪᠴᠢᠶ᠎ᠠ 《ᠠᠷᠪᠠᠨ ᠮᠢᠨᠦ᠋ᠲ ᠤ᠋ᠨ ᠲᠤᠳᠤᠷ᠎ᠠ ᠲᠦᠷᠢᠮ ᠡᠴᠨ ᠵᠦᠷᠢᠴᠡᠨ ᠮᠠᠰᠢᠨ ᠲᠡᠷᠬᠡ ᠵᠤᠬᠰᠤᠭᠠᠬᠰᠠᠨ ᠠᠵᠢᠯᠯᠠᠭ᠎ᠠ ᠵᠢ ᠲᠤᠷᠭᠠᠭᠤᠯᠢ ᠡᠴᠨ ᠬᠡᠯᠳᠦᠷᠢᠬᠦᠯᠬᠦ》 ᠭᠤᠶᠤᠴᠢᠯᠠᠬᠤ ᠲᠠᠪᠴᠠᠩ᠎ᠢ ᠬᠠᠭᠠᠬᠤ ᠲᠤᠬᠠᠢ ᠵᠠᠷᠯᠠᠯ ᠨᠡᠢᠳᠡᠯᠡᠵᠡᠢ᠃

ᠤᠢᠯᠠᠭᠠᠬᠰᠠᠨ ᠵᠢᠡᠷ᠂ 2021 ᠤᠨ ᠤ᠋ 10 ᠰᠠᠷ᠎ᠠ ᠡᠴᠨ ᠡᠬᠢᠯᠡᠨ᠂ ᠦᠪᠡᠷᠳᠡᠬᠡᠨ ᠵᠠᠰᠠᠬᠤ ᠤᠷᠤᠨ ᠤ᠋ ᠲᠤᠳᠤᠭᠠᠳᠤ ᠵᠢ ᠬᠠᠮᠠᠭᠠᠯᠠᠬᠤ ᠲᠢᠩᠬᠢᠮ ᠡᠴᠡ 《ᠠᠷᠪᠠᠨ ᠮᠢᠨᠦ᠋ᠲ ᠤ᠋ᠨ ᠲᠤᠳᠤᠷᠡᠬᠢ ᠲᠦᠷᠢᠮ ᠡᠴᠨ ᠵᠦᠷᠢᠴᠡᠨ ᠮᠠᠰᠢᠨ ᠲᠡᠷᠬᠡ ᠵᠤᠬᠰᠤᠭᠠᠬᠰᠠᠨ ᠠᠵᠢᠯᠯᠠᠭ᠎ᠠ ᠵᠢ ᠲᠤᠷᠭᠠᠭᠤᠯᠢ ᠡᠴᠨ ᠬᠡᠯᠳᠦᠷᠢᠬᠦᠯᠬᠦ》 ᠠᠷᠠᠳ ᠲᠦ᠍ ᠲᠦᠬᠦᠮ ᠦᠵᠡᠬᠦᠯᠬᠦ ᠠᠷᠭ᠎ᠠ ᠬᠡᠮᠵᠢᠶ᠎ᠡ ᠵᠢ ᠬᠡᠷᠡᠭᠵᠢᠬᠦᠯᠦᠭᠰᠡᠨ ᠪᠦᠬᠡᠳ ᠲᠤᠰᠬᠠᠢ ᠭᠤᠶᠤᠴᠢᠯᠠᠬᠤ ᠲᠠᠪᠴᠠᠩ ᠭᠠᠷᠭᠠᠪᠠ᠃ ᠵᠢᠯᠤᠭᠤᠴᠢ ᠡᠴᠡ 《ᠦᠪᠦᠷ ᠮᠤᠩᠭᠤᠯ ᠤ᠋ᠨ ᠵᠠᠮ ᠬᠠᠷᠢᠯᠴᠠᠭᠠᠨ ᠤ᠋ ᠴᠠᠬᠳᠠᠭ᠎ᠠ ᠵᠢᠨ ᠦᠢᠯᠡᠴᠢᠯᠡᠬᠡᠨ ᠤ᠋ ᠳ᠋ᠤᠭᠠᠷ》 ᠲᠤᠰᠬᠠᠢ ᠨᠡᠪᠳᠡᠷᠡᠬᠦ ᠵᠠᠮ ᠵᠢᠡᠷ ᠲᠠᠮᠵᠢᠨ᠂ ᠭᠤᠶᠤᠴᠢᠯᠠᠯ ᠵᠢᠡᠨ ᠳᠡᠪᠰᠢᠬᠦᠯᠵᠦ ᠪᠤᠯᠤᠨ᠎ᠠ᠃ ᠵᠠᠮ ᠬᠠᠷᠢᠯᠴᠠᠭ᠎ᠠ᠎ᠳᠦ ᠨᠦᠯᠦᠬᠡ ᠭᠠᠷᠭᠠᠬᠰᠠᠨ ᠦᠬᠡᠢ ᠲᠦᠷ ᠴᠠᠬ ᠵᠤᠬᠰᠤᠬᠤ ᠮᠠᠰᠢᠨ ᠲᠡᠷᠬᠡᠨ ᠳ᠋ᠸ᠋ ᠬᠠᠨᠳᠤᠭᠤᠯᠤᠨ᠂ 10 ᠮᠢᠨᠦ᠋ᠲ ᠤ᠋ᠨ ᠳᠤᠳᠤᠷ᠎ᠠ ᠵᠢᠯᠤᠭᠤᠳᠴᠤ ᠶᠠᠪᠤᠬᠤ ᠴᠠᠭ ᠬᠤᠭᠤᠴᠠᠭ᠎ᠠ ᠤᠯᠭᠤᠵᠠᠢ᠃ ᠲᠤᠰ ᠠᠷᠭ᠎ᠠ ᠬᠡᠮᠵᠢᠶ᠎ᠡ ᠵᠢ ᠬᠡᠷᠡᠭᠵᠢᠬᠦᠯᠦᠭᠰᠡᠨ ᠡᠴᠨ ᠨᠠᠭᠠᠰᠢ᠂ ᠮᠠᠰᠢᠨ ᠲᠡᠷᠬᠡ ᠵᠢ ᠲᠦᠷ ᠴᠠᠭ ᠵᠤᠬᠰᠤᠭᠠᠬᠤ ᠬᠦᠴᠢᠷ ᠠᠰᠠᠭᠤᠳᠠᠯ᠎ᠢ ᠨᠠᠮᠳᠠᠭᠤᠯᠬᠤ᠂ ᠬᠦᠮᠦᠯᠢᠭ ᠬᠠᠮᠢᠶᠠᠷᠤᠯᠳᠠ ᠵᠢ ᠬᠡᠷᠡᠭᠵᠢᠬᠦᠯᠬᠦ ᠲᠠᠯ᠎ᠠ ᠪᠡᠷ ᠢᠳᠡᠪᠬᠢᠳᠡᠢ ᠦᠢᠯᠡᠳᠦᠯ᠎ᠢ ᠪᠠᠳᠠᠷᠠᠭᠤᠯᠵᠠᠢ᠃ ᠪᠦᠬᠦ ᠤᠯᠤᠰ ᠤ᠋ᠨ 《ᠵᠠᠮ ᠬᠠᠷᠢᠯᠴᠠᠭᠠᠨ ᠤ᠋ ᠬᠠᠮᠢᠶᠠᠷᠤᠯᠳᠠ ᠵᠢᠨ 12123》 ᠭᠠᠷ ᠤᠳᠠᠰᠤᠨ ᠤ᠋ APP᠂ ᠢᠨᠲᠸᠷ ᠰᠦᠯᠵᠢᠶᠡᠨ ᠤ᠋ ᠵᠠᠮ ᠬᠠᠷᠢᠯᠴᠠᠭᠠᠨ ᠤ᠋ ᠠᠮᠤᠷ ᠲᠦᠪᠰᠢᠨ ᠤ᠋ ᠶᠡᠷᠦᠩᠬᠡᠢᠯᠡᠭᠰᠡᠨ ᠦᠢᠯᠡᠴᠢᠯᠡᠬᠡᠨ ᠤ᠋ ᠬᠠᠮᠢᠶᠠᠷᠤᠯᠳᠠ ᠵᠢᠨ ᠲᠠᠪᠴᠠᠩ᠎ᠢ ᠲᠡᠰ ᠲᠡᠪᠰᠢᠬᠦᠯᠦᠨ ᠦᠬᠡᠷᠡᠴᠢᠯᠡᠭᠰᠡᠨ ᠤ᠋ ᠲᠠᠷᠠᠭ᠎ᠠ᠂ ᠲᠦᠷᠢᠮ ᠡᠴᠨ ᠵᠦᠷᠢᠴᠡᠨ ᠮᠠᠰᠢᠨ ᠲᠡᠷᠬᠡ ᠵᠤᠬᠰᠤᠭᠠᠬᠰᠠᠨ ᠠᠵᠢᠯᠯᠠᠭ᠎ᠠ ᠵᠢ ᠮᠡᠳᠡᠭᠳᠡᠬᠦ ᠴᠢᠳᠠᠮᠵᠢ ᠲᠠᠢ ᠪᠤᠯᠤᠬᠰᠠᠨ ᠲᠤᠯᠠ ᠤᠯᠠᠨ ᠰᠢᠰᠲᠸᠮ ᠎ᠢ ᠲᠠᠬᠢᠨ ᠲᠠᠪᠳᠠᠨ ᠬᠡᠷᠡᠭᠯᠡᠬᠦ ᠡᠴᠨ ᠵᠠᠢᠯᠠᠰᠬᠢᠬᠦ ᠵᠢᠨ ᠲᠦᠯᠦᠬᠡ ᠲᠤᠰ ᠲᠠᠪᠴᠠᠩ᠎ᠢ ᠬᠠᠭᠠᠬᠤ ᠪᠡᠷ ᠪᠤᠯᠵᠠᠢ᠃

2026 ᠤᠨ ᠤ᠋ 7 ᠰᠠᠷ᠎ᠠ ᠵᠢᠨ 1 ᠡᠴᠨ ᠡᠬᠢᠯᠡᠨ᠂ ᠦᠪᠡᠷᠳᠡᠬᠡᠨ ᠵᠠᠰᠠᠬᠤ ᠤᠷᠤᠨ ᠤ᠋ ᠲᠤᠰ ᠱᠠᠳᠤᠨ ᠤ᠋ ᠠᠷᠪᠠᠨ ᠮᠢᠨᠦ᠋ᠲ ᠤ᠋ᠨ ᠲᠤᠳᠤᠷᠡᠬᠢ ᠲᠦᠷᠢᠮ ᠡᠴᠨ ᠵᠦᠷᠢᠴᠡᠨ ᠮᠠᠰᠢᠨ ᠲᠡᠷᠬᠡ ᠵᠤᠬᠰᠤᠭᠠᠬᠰᠠᠨ ᠠᠵᠢᠯᠯᠠᠭ᠎ᠠ ᠵᠢ ᠲᠤᠷᠭᠠᠭᠤᠯᠢ ᠡᠴᠨ ᠬᠡᠯᠳᠦᠷᠢᠬᠦᠯᠬᠦ ᠭᠤᠶᠤᠴᠢᠯᠠᠬᠤ ᠲᠠᠪᠴᠠᠩ᠎ᠢ ᠵᠢᠩᠬᠢᠨᠢ ᠪᠡᠷ ᠬᠠᠭᠠᠵᠦ᠂ ᠲᠤᠳᠤᠭᠠᠳᠤ ᠵᠢ ᠬᠠᠮᠠᠭᠠᠯᠠᠬᠤ ᠶᠠᠮᠤᠨ ᠤ᠋ ᠵᠠᠮ ᠬᠠᠷᠢᠯᠴᠠᠭᠠᠨ ᠤ᠋ ᠬᠠᠮᠢᠶᠠᠷᠤᠯᠳᠠ ᠵᠢᠨ ᠲᠤᠪᠴᠢᠶ᠎ᠠ ᠵᠢᠨ 《ᠮᠠᠰᠢᠨ ᠲᠡᠷᠬᠡ ᠵᠢᠨ ᠲᠦᠷᠢᠮ ᠡᠴᠨ ᠵᠦᠷᠢᠴᠡᠨ ᠵᠤᠬᠰᠤᠭᠠᠬᠤ ᠠᠵᠢᠯᠯᠠᠭ᠎ᠠ ᠵᠢ ᠪᠠᠢᠴᠠᠭᠠᠨ ᠰᠢᠢᠳᠪᠦᠷᠢᠯᠡᠬᠦ ᠠᠵᠢᠯ ᠤ᠋ᠨ ᠵᠢᠷᠤᠮᠵᠢᠯ (ᠲᠤᠷᠰᠢᠨ ᠬᠡᠷᠡᠭᠵᠢᠬᠦᠯᠬᠦ)》 ᠢ᠋ ᠬᠡᠷᠡᠭᠵᠢᠬᠦᠯᠦᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号