《ᠨᠡᠭᠦᠳᠡᠯ ᠪᠠᠶᠠᠨ ᠪᠦᠷᠢᠳᠦ》 ᠳᠥᠭᠥᠮ ᠳᠥᠲᠡ ᠠᠮᠢᠳᠤᠷᠠᠯ᠎ᠢ ᠠᠷᠠᠳ ᠣᠯᠠᠨ᠎ᠤ ᠡᠭᠦᠳᠡᠨ ᠳ᠋ᠤ ᠬᠦᠷᠭᠡᠪᠡ
2026-08-12 10:45:21
ᠵᠣᠬᠢᠶᠠᠭ᠍ᠴᠢ᠄
​ᠯᠢ ᠭᠦᠸᠧ ᠫᠢᠩ
ᠣᠩᠱᠢᠭ᠍ᠰᠠᠨ ᠣᠳᠠᠭ᠎ᠠ᠄
★★★☆☆

ᠦᠷ᠎ᠦᠨ ᠲᠤᠶᠠᠭ᠎ᠠ ᠳᠥᠷᠪᠡᠳ ᠤ᠋ᠨ ᠲᠠᠯ᠎ᠠ ᠨᠤᠳᠤᠭ᠎ᠢ ᠭᠡᠢᠬᠦᠯᠵᠦ᠂ ᠬᠦᠳᠡᠡᠭ ᠮᠠᠨᠠᠨ ᠬᠥᠳᠡᠭᠡ  ᠵᠢᠨ ᠰᠢᠷ᠎ᠠ ᠵᠠᠮ ᠢ᠋ ᠲᠠᠭᠠᠨ ᠰᠤᠨᠤᠯᠵᠨᠨ᠎ᠠ᠃  ᠴᠡᠯ ᠨᠤᠭᠤᠭᠠᠨ ᠰᠢᠤᠳᠠᠨ᠎ᠤ ᠮᠠᠰᠢᠨ ᠲᠡᠷᠭᠡ ᠰᠤᠮᠤᠨ ᠤ᠋ ᠰᠢᠤᠳᠠᠨ᠎ᠤ  ᠶᠠᠪᠤᠳᠠᠯ᠎ᠤᠨ ᠲᠣᠣᠷᠵᠢᠯ᠎ᠤᠨ ᠴᠡᠭ᠎ᠡᠴᠡ ᠠᠯᠭᠤᠷᠬᠠᠨ ᠮᠤᠷᠳᠠᠵᠤ᠂ ᠰᠤᠷᠪᠤᠯᠵᠢᠯᠠᠭ᠍ᠴᠢ ᠰᠢᠤᠳᠠᠨ ᠬᠦᠷᠭᠡᠭᠴᠢ ᠶᠤᠸᠠᠨ ᠷᠦᠢ ᠰᠢᠶᠠᠩ᠎ᠲᠠᠢ ᠬᠠᠮᠲᠤ 8 ᠰᠠᠷ᠎ᠠ᠎ᠶᠢᠨ 2 ᠎ᠤ᠋ᠨ ᠡᠳᠦᠷ᠎ᠦᠨ ᠮᠠᠯᠵᠢᠬᠤ ᠣᠷᠣᠨ᠎ᠤ᠋ ᠲᠦᠷᠭᠡᠨ ᠬᠦᠷᠭᠡᠯᠳᠠ ᠵᠢᠨ ᠵᠠᠮ᠎ᠢ ᠡᠯᠬᠦᠪᠡ᠃

ᠥᠷᠭᠡᠨ ᠠᠭᠤᠳᠠᠮ ᠲᠠᠯ᠎ᠠ ᠨᠤᠲᠤᠭ ᠲᠸ᠋ ᠮᠠᠯᠵᠢᠬᠤ ᠡᠷᠦᠭᠡ ᠲᠠᠷᠠᠬᠠᠢ ᠪᠤᠳᠠᠷᠬᠠᠢ ᠰᠠᠭᠤᠷᠢᠰᠢᠵᠤ᠂ ᠵᠠᠷᠢᠮ ᠪᠣᠶ᠋ᠢᠳᠠ ᠪᠥᠭᠯᠡᠭᠦᠦ ᠭᠠᠵᠠᠷ᠎ᠲᠤ ᠭᠠᠷ ᠤᠲᠠᠰᠤᠨ᠎ᠤ ᠳᠣᠬᠢᠶ᠎ᠠ ᠪᠠᠢᠨ ᠪᠠᠢᠨ ᠲᠠᠰᠤᠯᠳᠠᠨ᠎ᠠ᠃ ᠡᠪᠦᠯ᠎ᠦᠨ ᠤᠯᠠᠷᠢᠯ᠎ᠳᠤ ᠵᠤᠳ ᠰᠢᠭᠤᠷᠭ᠎ᠠ ᠵᠢ ᠰᠦᠷᠦᠨ ᠤᠷᠤᠭᠰᠢᠯᠠᠵᠤ᠂ ᠪᠣᠷᠣᠭᠠᠨ᠎ᠤ ᠤᠯᠠᠷᠢᠯ᠎ᠳᠤ ᠰᠢᠪᠠᠷ ᠱᠠᠯᠴᠢᠭ᠋᠎ᠲᠤ  ᠭᠤᠯᠭᠤᠷᠢᠵᠤ ᠬᠠᠯᠲᠤᠷᠢᠬᠤ᠎ᠠᠴᠠ ᠰᠡᠷᠭᠡᠢᠯᠡᠨ᠎ᠡ᠃  ᠡᠨᠡ ᠪᠣᠯ ᠮᠠᠯᠵᠢᠬᠤ ᠣᠷᠣᠨ᠎ᠳ᠋ᠤ ᠰᠢᠤᠳᠠᠨ ᠪᠤᠭᠤᠳᠠᠯ ᠬᠦᠷᠭᠡᠭᠦ ᠠᠵᠢᠯ ᠳ᠋ᠤ ᠲᠤᠯᠭᠠᠷᠠᠳᠠᠭ ᠡᠳᠦᠷ ᠲᠤᠲᠤᠮ᠎ᠤᠨ ᠰᠢᠯᠭᠠᠯᠲᠠ ᠪᠣᠯᠣᠨ᠎ᠠ᠃ ᠡᠨᠡᠬᠦ ᠲᠠᠯ᠎ᠠ ᠨᠤᠲᠤᠭ᠎ᠤᠨ ᠭᠦᠨ᠎ᠳᠦ ᠠᠶᠠᠯᠠᠵᠤ ᠶᠠᠪᠤᠭ᠎ᠠ ᠰᠢᠤᠳᠠᠨ᠎ᠤ ᠮᠠᠰᠢᠨ ᠲᠡᠷᠭᠡ ᠨᠢ ᠮᠠᠯᠵᠢᠬᠤ ᠲᠠᠷᠢᠶᠠᠯᠠᠬᠤ ᠣᠷᠣᠨ᠎ᠤ ᠦᠢᠯᠡᠴᠢᠯᠡᠭᠡᠨ᠎ᠦ 《ᠡᠴᠦᠰ᠎ᠦᠨ ᠨᠢᠭᠡ ᠺᠢᠯᠤᠮᠸᠲᠷ》ᠢ᠋ ᠪᠠᠭ᠎ᠠ ᠪᠠᠭ᠎ᠠ᠎ᠪᠠᠷ ᠨᠠᠪᠲᠠᠷᠡᠭᠦᠯᠵᠦ᠂ ᠳᠥᠭᠥᠮ ᠳᠥᠲᠡ ᠠᠮᠢᠳᠤᠷᠠᠯ᠎ᠢ ᠤᠯᠠᠨ ᠲᠦᠮᠡᠨ᠎ᠦ ᠡᠭᠦᠳᠡᠨ᠎ᠳᠦ ᠬᠦᠷᠭᠡᠭᠰᠡᠨ ᠪᠥᠭᠡᠳ ᠬᠥᠳᠡᠭᠡ ᠲᠣᠰᠬᠣᠨ᠎ᠤ ᠠᠵᠤ ᠦᠢᠯᠡᠰ᠎ᠦᠨ ᠬᠥᠭᠵᠢᠯᠲᠡ᠎ᠳᠦ ᠠᠮᠢᠵᠢᠷᠠᠯ᠎ᠤᠨ ᠬᠦᠴᠦᠨ ᠣᠯᠭᠣᠭᠰᠠᠨ ᠪᠠᠢᠨ᠎ᠠ᠃

ᠶᠤᠸᠠᠨ ᠷᠦᠢ ᠰᠢᠶᠠᠩ ᠪᠦᠰᠡᠬᠦᠢ ᠯᠦ᠍ ᠼᠠᠢ ᠴᠢᠨ᠎ᠲᠠᠢ᠎ᠪᠡᠨ ᠬᠠᠮᠲᠤ ᠳᠥᠷᠪᠡᠳ ᠬᠣᠰᠢᠭᠤᠨ᠎ᠤ ᠪᠠᠶᠠᠨ ᠣᠪᠣᠭ᠎ᠠ ᠰᠤᠮᠤᠨ᠎ᠤ ᠰᠢᠤᠳᠠᠨ᠎ᠤ ᠭᠠᠵᠠᠷ᠎ᠢ ᠰᠠᠬᠢᠨ ᠰᠠᠭᠤᠵᠤ ᠪᠣᠶ᠂ ᠡᠨᠡ ᠬᠦ᠌ ᠵᠢᠵᠢᠭᠭᠡᠨ ᠲᠣᠣᠷᠵᠢᠯ᠎ᠤᠨ ᠴᠡᠭ ᠪᠣᠯ ᠲᠠᠯ᠎ᠠ ᠨᠤᠲᠤᠭ᠎ᠤᠨ ᠳᠤᠲᠠᠭᠳᠠᠵᠤ ᠪᠣᠯᠣᠰᠢ ᠦᠭᠡᠢ ᠠᠷᠠᠳ᠎ᠲᠤ ᠲᠥᠬᠥᠮ ᠦᠵᠡᠭᠦᠯᠬᠦ ᠥᠷᠲᠡᠭᠡ ᠪᠠᠢᠵᠤ᠂ ᠡᠷᠬᠢᠨ ᠲᠣᠭᠣᠷᠢᠨ᠎ᠤ 5 ᠭᠠᠴᠠᠭ᠎ᠠ᠂ 2 ᠬᠢᠯᠢ ᠬᠠᠪᠢᠳᠠᠬᠰᠠᠨ ᠪᠠᠢᠭᠠᠯᠢ᠎ᠶᠢᠨ ᠲᠣᠰᠬᠣᠨ᠎ᠳᠤ ᠰᠢᠤᠳᠠᠨ᠎ᠤ ᠦᠢᠯᠡᠴᠢᠯᠡᠭᠡ᠎ᠬᠠᠡᠭᠭᠠᠵᠤ ᠪᠠᠢᠳᠠᠭ᠃ 8 ᠵᠢᠯ᠎ᠦᠨ ᠬᠤᠭᠤᠴᠠᠭᠠᠨ᠎ᠳᠤ  ᠶᠤᠸᠠᠨ ᠷᠦᠢ ᠰᠢᠶᠠᠩ ᠭᠠᠷᠠᠭ ᠪᠦᠷᠢ ᠠᠳᠠᠭ᠎ᠲᠠᠭᠠᠨ ᠭᠤᠷᠪᠠ ᠤᠳᠠᠭ᠎ᠠ ᠰᠢᠤᠳᠠᠨ ᠪᠤᠭᠤᠳᠠᠯ ᠬᠦᠷᠭᠡᠵᠦ᠂ ᠤᠳᠠᠭ᠎ᠠ ᠪᠦᠷᠢ 300 ᠺᠢᠯᠤᠮᠸᠲᠷ ᠰᠢᠬᠠᠮ ᠠᠶᠠᠯᠠᠳᠠᠭ᠃

《ᠤᠤᠯ ᠨᠢ ᠡᠳ᠋ ᠪᠤᠳᠠᠰ ᠬᠤᠳᠠᠯᠳᠤᠨ ᠠᠪᠬᠤ᠂ ᠲᠦᠷᠭᠡᠨ ᠬᠦᠷᠭᠡᠯᠲᠡ ᠵᠢ ᠲᠤᠰᠤᠨ ᠠᠪᠬᠤ ᠬᠡᠵᠦ ᠲᠤᠰᠬᠠᠢᠯᠠᠨ ᠪᠠᠯᠭᠠᠰᠤᠨ᠎ᠳᠤ ᠢᠷᠡᠪᠡᠯ ᠬᠠᠭᠠᠰ ᠡᠳᠦᠷ ᠰᠢᠬᠠᠮ᠎ᠤᠨ ᠴᠠᠭ ᠬᠡᠷᠡᠭᠰᠡᠨ᠎ᠡ᠂ ᠣᠳᠣ᠌ ᠰᠢᠤᠳᠠᠨ᠎ᠢᠶᠠᠷ ᠡᠳ᠋ ᠪᠤᠳᠠᠰ ᠢ᠋ ᠰᠢᠭᠤᠳ ᠭᠡᠷ᠎ᠲᠦ ᠬᠦᠷᠭᠡᠵᠦ᠂ ᠰᠦᠯᠵᠢᠶᠡᠨ ᠳᠡᠭᠡᠷ᠎ᠡ᠎ᠡᠴᠡ ᠠᠪᠤᠭᠰᠠᠨ ᠠᠮᠢᠳᠤᠷᠠᠯ᠎ᠤᠨ ᠬᠡᠷᠡᠭᠰᠡᠯ᠂ ᠬᠡᠦᠬᠡᠳ᠎ᠦᠨ ᠢᠯᠡᠭᠡᠭᠰᠡᠨ ᠶᠠᠭᠤᠮ᠎ᠠ ᠬᠡᠦᠮ᠎ᠡ  ᠵᠢ ᠤᠳᠠᠯ ᠦᠭᠡᠢ ᠣᠯᠵᠤ ᠠᠪᠤᠨ᠎ᠠ᠂ ᠦᠨᠡᠬᠡᠷ ᠳᠥᠭᠥᠮ ᠪᠤᠯᠵᠠᠢ》ᠭᠡᠵᠦ   ᠰᠢᠤᠳᠠᠨ ᠪᠤᠭᠤᠳᠠᠯ ᠵᠢᠡᠨ ᠲᠤᠰᠴᠤ ᠠᠪᠬᠤ ᠳ᠋ᠠᠭᠠᠨ ᠬᠠᠰᠴᠢᠯᠠᠭᠤ ᠢᠨᠢᠶᠡᠮᠰᠦᠭᠯᠡᠨ ᠬᠡᠯᠡᠪᠡ᠃

ᠰᠢᠤᠳᠠᠨ ᠬᠣᠯᠪᠣᠭ᠎ᠠ ᠵᠢᠨ ᠬᠢᠨ ᠪᠣᠶ᠋ᠢᠳᠠ ᠪᠦᠭᠯᠡᠬᠦᠦ ᠠᠢᠯ ᠲᠣᠰᠬᠣᠨ᠎ᠳᠤ  ᠬᠡᠳᠦᠨ ᠠᠷᠪᠠᠨ ᠵᠢᠯ ᠵᠢᠡᠷ ᠦᠢᠯᠡᠴᠢᠯᠡᠵᠦ᠂ ᠨᠤᠲᠤᠭ᠎ᠤᠨ ᠠᠬ᠎ᠠ ᠲᠡᠭᠦᠸ᠋ ᠨᠠᠷ ᠲᠠᠢ ᠬᠦᠨ ᠵᠤᠵᠠᠭᠠᠨ ᠬᠠᠢᠷ᠎ᠠ ᠰᠡᠳᠬᠢᠯᠭᠡ ᠲᠠᠢ ᠪᠤᠯᠵᠠᠢ᠃ ᠳᠠᠯᠠᠶ᠋ᠢᠭᠠᠩ ᠭᠠᠴᠠᠭ᠎ᠠ᠎ᠳᠤ ᠵᠥᠪᠬᠡᠨ 3 ᠡᠷᠦᠬᠡ ᠮᠠᠯᠴᠢᠨ ᠰᠠᠭᠤᠵᠤ᠂ ᠬᠢᠯᠢ ᠬᠠᠮᠠᠭᠠᠯᠠᠭ᠍ᠴᠢ ᠮᠠᠨᠳᠤᠯ᠎ᠠ ᠵᠢᠯ ᠲᠤᠷᠰᠢ ᠬᠢᠯᠢ᠎ᠶᠢᠨ ᠡᠮᠦᠨ᠎ᠠ ᠵᠠᠬ᠎ᠠ ᠵᠢ ᠰᠠᠬᠢᠵᠤ᠂ ᠠᠯᠤᠰ ᠬᠣᠯᠠ᠎ᠠᠴᠠ ᠰᠢᠤᠳᠠᠨ᠎ᠤ ᠲᠡᠷᠭᠡ᠎ᠶᠢ ᠦᠵᠡᠭᠰᠡᠭᠡᠷ ᠤᠴᠢᠷ ᠶᠠᠪᠤᠳᠠᠯ ᠪᠠᠢᠬᠤ ᠡᠰᠡᠬᠦ  ᠬᠠᠮᠢᠶ᠎ᠠ ᠦᠭᠡᠢ ᠪᠦᠷ ᠬᠦᠷᠴᠦ ᠤᠴᠢᠨ ᠮᠡᠨᠳᠦᠴᠢᠯᠡᠳᠡᠭ᠃《ᠮᠢᠨᠤ ᠪᠠᠭ᠎ᠠ᠎ᠶᠢᠨ ᠦᠶ᠎ᠡ ᠳ᠋ᠤ ᠵᠠᠬᠢᠳᠠᠯ ᠪᠢᠴᠢᠵᠦ ᠬᠤᠷᠢᠶᠠᠬᠤ᠎ᠡᠴᠡ ᠤᠳᠤ ᠵᠢᠨ ᠰᠦᠯᠵᠢᠶᠡᠨ ᠳᠡᠭᠡᠷ᠎ᠡ᠎ᠡᠴᠡ ᠪᠣᠭᠣᠳᠠᠯ ᠬᠤᠷᠢᠶᠠᠨ ᠢᠯᠡᠭᠡᠬᠦ ᠪᠣᠯᠲᠠᠯ᠎ᠠ᠂ ᠰᠢᠤᠳᠠᠨ᠎ᠤ ᠶᠠᠪᠤᠳᠠᠯ᠎ᠨᠠᠳᠠ᠎ᠲᠠᠢ  50 ᠵᠢᠯ᠎ᠤᠨ ᠬᠤᠪᠢ ᠪᠠᠷᠢᠯᠳᠤᠯᠭ᠎ᠠ ᠲᠠᠢ ᠪᠣᠯᠵᠠᠢ᠃ ᠰᠠᠯᠬᠢ ᠪᠤᠷᠤᠭᠠᠨ᠂ ᠬᠠᠯᠠᠭᠤᠨ ᠬᠦᠢᠳᠡᠨ ᠳ᠋ᠤ ᠰᠢᠤᠳᠠᠨ ᠲᠡᠷᠭᠡ ᠶᠡᠷᠦ ᠡᠴᠨ ᠲᠤᠳᠠᠵᠤ ᠦᠡᠭᠭᠡᠷᠡᠭᠡ ᠦᠭᠡᠢ᠂ ᠡᠨᠡ᠎ᠬᠦ ᠪᠠᠲᠤᠯᠠᠭ᠎ᠠ᠎ᠪᠡᠷ ᠠᠮᠢᠳᠤᠷᠠᠯ ᠤᠯᠠᠮ᠎ᠠᠴᠠ ᠤᠯᠠᠮ ᠳᠥᠭᠥᠮ ᠳᠥᠲᠡ ᠪᠣᠯᠵᠠᠢ》 ᠭᠡᠵᠦ  ᠲᠡᠷᠡ ᠬᠡᠯᠡᠨ᠎ᠠ᠃

ᠮᠠᠯᠵᠢᠬᠤ ᠣᠷᠣᠨ᠎ᠤ ᠪᠤᠭᠤᠳᠠᠯ ᠪᠠᠬᠯᠠᠭ᠎ᠠ ᠬᠦᠷᠭᠡᠬᠦ᠌ ᠴᠡᠭ ᠲᠠᠷᠠᠬᠠᠶ ᠪᠤᠲᠠᠷᠬᠠᠶ᠂ ᠲᠣᠬᠢᠷᠠᠭᠤᠯᠤᠨ ᠬᠦᠷᠭᠡᠬᠦ᠌ ᠦᠷ᠎ᠡ ᠪᠦᠲᠦᠮᠵᠢ ᠳᠤᠤᠷ᠎ᠠ ᠪᠠᠶ᠋ᠢᠬᠤ ᠠᠰᠠᠭᠤᠳᠠᠯ᠎ᠢ ᠰᠢᠢᠳᠪᠦᠷᠢᠯᠡᠬᠦ᠌᠎ᠶᠢᠨ ᠲᠥᠯᠥᠭᠡ ᠳᠥᠷᠪᠡᠳ ᠬᠣᠰᠢᠭᠤᠨ᠎ᠤ ᠰᠢᠤᠳᠠᠨ᠎ᠤ  ᠶᠠᠪᠤᠳᠠᠯ᠎ᠤᠨ ᠬᠤᠪᠢᠶᠠᠷᠢ ᠺᠣᠮᠫᠠᠨᠢ ᠰᠢᠶᠠᠩ ᠪᠠᠯᠭᠠᠰᠤᠨ᠎ᠤ ᠵᠠᠮ ᠱᠤᠭᠤᠮ᠎ᠤᠨ ᠪᠡᠬᠢᠯᠡᠯᠲᠡ᠎ᠶᠢ ᠡᠪᠳᠡᠵᠦ᠍᠂ ᠲᠡᠭᠡᠭᠡᠪᠦᠷᠢ᠎ᠶᠢᠨ ᠵᠠᠮ ᠱᠤᠭᠤᠮ᠎ᠢ ᠰᠢᠯᠢᠳᠡᠭᠵᠢᠭᠦᠯᠦᠨ᠂ ᠲᠤᠬᠠᠶ᠎ᠶᠢᠨ ᠭᠠᠵᠠᠷ᠎ᠤᠨ 8 ᠠᠷᠠᠳ᠎ᠠᠴᠠ ᠡᠵᠡᠩᠨᠡᠭᠰᠡᠨ ᠲᠦᠷᠭᠡᠨ  ᠬᠦᠷᠭᠡᠯᠲᠡ᠎ᠲᠡᠶ ᠬᠣᠯᠪᠣᠭᠠᠯᠠᠨ ᠰᠢᠤᠳᠠᠨ᠎ᠤ ᠲᠦᠷᠭᠡᠨ ᠬᠦᠷᠭᠡᠯᠲᠡ᠎ᠶᠢᠨ ᠬᠠᠮᠲᠤᠷᠠᠯᠴᠠᠭ᠎ᠠ᠎ᠶᠢ ᠬᠡᠷᠡᠭᠵᠢᠭᠦᠯᠵᠦ᠍᠂ ᠲᠡᠭᠡᠭᠡᠪᠦᠷᠢ᠎ᠶᠢᠨ ᠬᠦᠴᠦᠨ᠎ᠢ  ᠨᠡᠢᠳᠭᠡᠨ ᠬᠠᠮᠵᠢᠯᠴᠠᠨ ᠲᠣᠬᠢᠷᠠᠭᠤᠯᠤᠨ ᠬᠦᠷᠭᠡᠵᠦ᠍᠂ ᠡᠳᠦᠷ ᠪᠦᠷᠢ᠎ᠶᠢᠨ ᠬᠦᠷᠭᠡᠬᠦ᠌ ᠪᠣᠭᠣᠳᠠᠯ  ᠨᠢ 1600 ᠎ᠡᠴᠡ ᠳᠡᠭᠡᠭᠰᠢ᠎ᠳᠦ ᠬᠥᠷᠪᠡ᠃ ᠮᠠᠯᠵᠢᠬᠤ ᠣᠷᠣᠨ᠎ᠳ᠋ᠤ ᠲᠣᠬᠢᠷᠠᠭᠤᠯᠤᠨ ᠬᠦᠷᠭᠡᠬᠦ᠌ ᠦᠷ᠎ᠡ ᠪᠦᠲᠦᠮᠵᠢ᠎ᠶᠢ ᠶᠡᠬᠡ᠎ᠪᠡᠷ ᠳᠡᠭᠡᠭᠰᠢᠯᠡᠭᠦᠯᠬᠦ᠌᠎ᠶᠢᠨ ᠲᠥᠯᠥᠭᠡ 2025 ᠣᠨ᠎ᠳᠤ ᠲᠤᠬᠠᠶ᠎ᠶᠢᠨ ᠭᠠᠵᠠᠷ᠎ᠤᠨ᠎ᠬᠢᠨ ᠰᠢᠤᠳᠠᠨ᠎ᠤ ᠵᠦᠢᠯ᠎ᠢ ᠰᠢᠢᠳᠪᠦᠷᠢᠯᠡᠬᠦ᠌ ᠲᠠᠯᠠᠪᠤᠷ ᠭᠠᠵᠠᠷ᠎ᠢ ᠥᠷᠭᠡᠳᠬᠡᠨ ᠪᠠᠶ᠋ᠢᠭᠤᠯᠵᠤ᠂ ᠠᠦ᠋ᠲ᠋ᠣᠴᠢᠯᠠᠭᠰᠠᠨ ᠢᠯᠭᠠᠨ ᠰᠠᠯᠭᠠᠬᠤ ᠲᠥᠬᠥᠭᠡᠷᠦᠮᠵᠢ᠎ᠶᠢ ᠨᠡᠮᠡᠵᠦ᠍ ᠤᠭᠰᠠᠷᠠᠨ᠂ ᠢᠯᠭᠠᠨ ᠰᠠᠯᠭᠠᠬᠤ  ᠳ᠋ᠤ  ᠵᠠᠷᠤᠴᠠᠭᠤᠯᠬᠤ ᠴᠠᠭ᠎ᠢ 3 ᠴᠠᠭ ᠪᠣᠭᠣᠨᠢᠰᠬᠠᠪᠠ᠃ 《ᠮᠠᠯᠵᠢᠬᠤ ᠣᠷᠣᠨ ᠳ᠋ᠦ ᠪᠤᠭᠤᠳᠠᠯ ᠪᠠᠬᠯᠠᠭ᠎ᠠ ᠬᠦᠷᠭᠡᠬᠦ᠌ ᠵᠠᠮ ᠬᠣᠯᠠ᠂ ᠨᠥᠬᠥᠴᠡᠯ ᠬᠠᠲᠠᠭᠤᠵᠢᠯᠲᠠᠶ᠂ ᠭᠡᠪᠡᠴᠦ᠍ ᠮᠠᠯᠴᠢᠳ ᠬᠡᠷᠡᠭᠴᠡᠭᠡ᠎ᠲᠡᠶ ᠯᠡ ᠶᠤᠮ ᠪᠣᠯ ᠪᠢᠳᠡᠨ᠎ᠦ ᠦᠢᠯᠡᠴᠢᠯᠡᠭᠡ ᠳᠠᠷᠤᠶ ᠨᠢᠭᠡ ᠮᠥᠴᠡ ᠴᠦ᠍ ᠲᠠᠰᠤᠯᠳᠠᠬᠤ ᠥᠬᠡᠶ》 ᠭᠡᠵᠦ᠍ ᠳᠥᠷᠪᠡᠳ ᠬᠣᠰᠢᠭᠤᠨ᠎ᠤ ᠰᠢᠦᠳᠠᠨ᠎ᠤ  ᠶᠠᠪᠤᠳᠠᠯ᠎ᠤᠨ ᠬᠤᠪᠢᠶᠠᠷᠢ ᠺᠣᠮᠫᠠᠨᠢ᠎ᠶᠢᠨ ᠶᠡᠷᠦᠩᠬᠡᠢ ᠳᠠᠭᠠᠭᠠᠮᠠᠯ ᠬᠠᠨ ᠸᠸᠨ ᠫᠢᠩ ᠬᠡᠯᠡᠪᠡ᠃

ᠣᠯᠠᠨ ᠲᠦᠮᠡᠨ᠎ᠦ ᠦᠨᠳᠦᠰᠦᠨ ᠬᠡᠷᠡᠭᠴᠡᠭᠡ᠎ᠶᠢ ᠬᠠᠩᠭᠠᠭᠰᠠᠨ ᠰᠠᠭᠤᠷᠢᠨ ᠳᠡᠭᠡᠷ᠎ᠡ ᠤᠯᠠᠭᠠᠨᠴᠠᠪ ᠬᠣᠲᠠ᠎ᠶᠢᠨ ᠰᠢᠤᠳᠠᠨ᠎ᠤ  ᠶᠠᠪᠤᠳᠠᠯ᠎ᠤᠨ ᠰᠠᠯᠠᠭ᠎ᠠ ᠮᠥᠴᠢᠷ ᠲᠠᠩ ᠭᠠᠭᠴᠠ ᠢᠯᠡᠭᠡᠨ ᠭᠤᠪᠢᠭᠤᠯᠬᠤ ᠲᠤᠬᠠᠶ᠋ᠢᠯᠠᠭᠰᠠᠨ ᠠᠵᠢᠯ᠎ᠠᠴᠠ ᠰᠠᠯᠵᠤ᠂ ᠲᠠᠷᠢᠶᠠᠯᠠᠩ᠎ᠤᠨ ᠣᠨᠴᠠ ᠭᠠᠷᠤᠯᠲᠠ᠎ᠶᠢᠨ ᠪᠦᠲᠦᠭᠡᠭᠳᠡᠬᠦᠨ᠎ᠢ ᠲᠣᠰᠬᠣᠨ᠎ᠠᠴᠠ ᠬᠣᠲᠠ᠎ᠳᠤ ᠣᠷᠣᠭᠤᠯᠵᠤ᠂ ᠠᠭᠤᠯᠠᠨ ᠲᠣᠰᠬᠣᠨ᠎ᠤ《ᠨᠤᠲᠤᠬ᠎ᠤᠨ ᠤᠨᠴᠠᠯᠢᠬᠲᠤ  ᠪᠦᠲᠦᠭᠡᠭᠳᠡᠭᠦᠨ》ᠢ᠋ ᠠᠵᠤ ᠦᠢᠯᠡᠰ᠎ᠢ ᠬᠥᠭᠵᠢᠭᠦᠯᠬᠦ 《ᠴᠢᠬᠤᠯᠠ ᠪᠦᠲᠦᠭᠡᠭᠳᠡᠭᠦᠨ》 ᠪᠤᠯᠭᠠᠨ ᠬᠤᠪᠢᠷᠠᠭᠤᠯᠬᠤ ᠳ᠋ᠦ ᠬᠦᠴᠦᠨ ᠨᠡᠮᠡᠷᠢᠯᠡᠪᠡ᠃

ᠴᠠᠬᠠᠷ ᠪᠠᠷᠠᠭᠤᠨ ᠭᠠᠷᠤᠨ ᠬᠣᠶ᠋ᠢᠲᠤ᠌ ᠬᠣᠰᠢᠭᠤᠨ᠎ᠤ ᠲᠥᠮᠥᠰᠥ᠍ ᠵᠢᠨ ᠲᠠᠷᠢᠮᠠᠯ᠎ᠤᠨ ᠰᠠᠭᠤᠷᠢᠨ᠎ᠳᠤ ᠬᠦᠷᠬᠦ᠌᠎ᠳᠦ ᠵᠠᠯᠭᠠᠯᠳᠤᠬᠰᠠᠨ ᠣᠷᠢᠶᠠᠩᠭᠤ᠎ᠶᠢᠨ ᠤᠷᠭᠤᠴᠠ ᠬᠥᠮᠦᠰ᠎ᠢ ᠪᠠᠶᠠᠰᠬᠠᠨ᠎ᠠ᠃ 《ᠬᠤᠢᠲᠤ ᠬᠤᠰᠢᠭᠤᠨ᠎ᠤ ᠤᠯᠠᠭᠠᠨ》 ᠲᠥᠮᠥᠰᠥ᠎ᠶᠢᠨ ᠶᠠᠰᠤ ᠴᠢᠨᠠᠷ ᠲᠠᠩᠳᠠ ᠤᠯᠠᠨ᠎ᠠᠴᠠ ᠣᠷᠣᠶ᠋ᠢᠯᠠᠵᠤ᠂ ᠥᠩᠭᠡᠷᠡᠭᠰᠡᠨ᠎ᠳᠦ ᠪᠣᠷᠣᠯᠠᠭᠤᠯᠭ᠎ᠠ᠎ᠶᠢᠨ ᠠᠷᠭ᠎ᠠ ᠵᠠᠮ ᠬᠢᠵᠠᠭᠠᠷ᠎ᠲᠠᠶ ᠪᠣᠯᠬᠣᠷ ᠶᠡᠬᠡ ᠬᠡᠪᠴᠢᠶ᠎ᠡ᠎ᠪᠡᠷ ᠵᠠᠬ᠎ᠠ ᠳᠡᠯᠭᠡᠭᠦᠷ᠎ᠢ ᠨᠡᠭᠡᠭᠡᠬᠦ᠌᠎ᠳᠦ ᠬᠦᠴᠢᠷ ᠪᠠᠶ᠋ᠢᠵᠠᠢ᠃ ᠲᠤᠬᠠᠶ᠎ᠶᠢᠨ ᠭᠠᠵᠠᠷ᠎ᠤᠨ ᠰᠢᠤᠳᠠᠨ᠎ᠤ  ᠶᠠᠪᠤᠳᠠᠯ᠎ᠤᠨ ᠰᠠᠯᠠᠭ᠎ᠠ ᠮᠥᠴᠢᠷ ᠪᠠᠷᠠᠭᠠᠨ᠎ᠤ ᠭᠦᠢᠯᠭᠡᠭᠡ᠂ ᠰᠦᠯᠵᠢᠶᠡᠨ ᠳᠡᠭᠡᠷᠡᠬᠢ ᠲᠠᠪᠴᠠᠩ᠂ ᠪᠤᠳᠠᠳᠤ ᠴᠤᠬᠴᠠ ᠵᠢᠨ ᠠᠷᠭ᠎ᠠ ᠵᠠᠮ ᠵᠡᠷᠭᠡ ᠣᠯᠠᠨ ᠵᠦᠢᠯ᠎ᠦᠨ ᠡᠬᠢ ᠪᠠᠶᠠᠯᠢᠭ᠎ᠢ ᠨᠡᠢᠳᠭᠡᠨ᠂ ᠲᠠᠯ᠎ᠠ ᠨᠤᠲᠤᠭ᠎ᠤᠨ ᠴᠢᠨᠠᠷ ᠰᠠᠶ᠋ᠢᠲᠠᠶ ᠲᠥᠮᠥᠰᠥ᠎ᠶᠢ ᠨᠤᠲᠤᠭ ᠤᠰᠤᠨ᠎ᠠᠴᠠ᠎ᠪᠠᠨ ᠭᠠᠷᠭᠠᠵᠤ᠂ ᠪᠥᠬᠥ᠌ ᠤᠯᠤᠰ᠎ᠤᠨ ᠡᠯ᠎ᠡ ᠭᠠᠵᠠᠷ᠎ᠲᠤ᠌ ᠪᠣᠷᠣᠯᠠᠭᠤᠯᠪᠠ᠃

《ᠰᠢᠤᠳᠠᠨ᠎ᠤ ᠶᠠᠪᠤᠳᠠᠯ᠎ᠨᠢ ᠪᠠᠷᠠᠭ᠎ᠠ ᠢᠯᠡᠭᠡᠬᠦ᠌ ᠪᠠ ᠲᠡᠭᠡᠭᠡᠪᠦᠷᠢᠯᠡᠬᠦ᠌᠎ᠶᠢ ᠬᠠᠷᠢᠭᠤᠴᠠᠬᠤ᠎ᠪᠠᠷ ᠪᠠᠷᠠᠬᠤ ᠥᠬᠡᠶ᠂ ᠪᠠᠰᠠ ᠪᠣᠷᠣᠯᠠᠭᠤᠯᠬᠤ ᠵᠠᠮ᠎ᠢ ᠬᠠᠪᠰᠤᠷᠤᠨ ᠵᠣᠯᠭᠠᠭᠤᠯᠵᠤ᠂ ᠰᠦᠯᠵᠢᠶᠡᠨ ᠳᠡᠭᠡᠷ᠎ᠡ ᠲᠠᠨᠢᠯᠴᠠᠭᠤᠯᠵᠤ᠂ ᠪᠢᠳᠡᠨ᠎ᠦ ᠬᠠᠮᠤᠭ᠎ᠤᠨ ᠶᠡᠬᠡ ᠪᠣᠷᠣᠯᠠᠭᠤᠯᠭ᠎ᠠ᠎ᠶᠢᠨ ᠬᠦᠴᠢᠷ ᠠᠰᠠᠭᠤᠳᠠᠯ᠎ᠢ ᠦᠨᠡᠨ ᠬᠦ᠌ ᠰᠢᠢᠳᠪᠦᠷᠢᠯᠡᠵᠦ᠍ ᠥᠭᠴᠡᠶ》ᠬᠡᠵᠦ ᠴᠠᠬᠠᠷ ᠪᠠᠷᠠᠭᠤᠨ ᠭᠠᠷᠤᠨ ᠬᠣᠶ᠋ᠢᠲᠤ᠌ ᠬᠣᠰᠢᠭᠤᠨ᠎ᠤ ᠤᠯᠠᠭᠠᠨᠬᠠᠳᠠ ᠰᠤᠮᠤ᠎ᠶᠢᠨ ᠤᠷᠤᠬᠰᠢᠯᠠᠯᠲᠠ ᠲᠣᠰᠬᠣᠨ᠎ᠤ ᠨᠠᠮ᠎ᠤᠨ ᠡᠭᠦᠷ᠎ᠦᠨ ᠱᠦᠵᠢ᠂ ᠲᠠᠷᠢᠶᠠᠯᠠᠩ᠎ᠤᠨ ᠲᠠᠯᠠᠪᠠᠢ᠎ᠶᠢᠨ ᠬᠠᠷᠢᠭᠤᠴᠠᠯᠭᠠᠲᠠᠨ ᠭᠦᠸᠧ ᠴᠧᠨ ᠬᠤᠢ ᠰᠢᠦᠳᠠᠨ ᠎ᠤᠨ ᠶᠠᠪᠤᠳᠠᠯ᠎ᠤᠨ ᠤᠯᠠᠨ ᠵᠢᠯ ᠵᠢᠡᠷ ᠬᠠᠪᠰᠤᠷᠤᠨ ᠲᠡᠳᠬᠦᠭᠰᠡᠨ ᠠᠵᠢᠯ ᠎ᠢ᠋ ᠲᠠᠨᠢᠯᠴᠠᠭᠤᠯᠤᠯ᠎ᠠ᠃

ᠪᠦᠮᠪᠦᠷᠭᠡᠨ ᠵᠢᠵᠢᠭ ᠲᠥᠮᠥᠰᠥ᠎ᠨᠢ ᠲᠣᠰᠬᠣᠨ᠎ᠤ ᠱᠠᠲᠤᠨ᠎ᠤ ᠣᠨᠴᠠ ᠭᠠᠷᠤᠯᠲᠠ ᠪᠠᠶ᠋ᠢᠭᠰᠠᠨ᠎ᠠᠴᠠ᠎ᠪᠠᠨ ᠪᠥᠬᠥ᠌ ᠤᠯᠤᠰ᠎ᠤᠨ ᠨᠠᠷᠠᠲᠤ᠌ ᠲᠠᠷᠢᠶᠠᠯᠠᠩ᠎ᠤᠨ ᠪᠦᠲᠦᠭᠡᠭᠳᠡᠬᠦᠨ ᠪᠣᠯᠵᠣ᠂ ᠤᠷᠢᠳ ᠬᠣᠵᠢᠳ 1500 ᠭᠠᠷᠤᠶ ᠲᠤᠬᠠᠶ᠎ᠶᠢᠨ ᠭᠠᠵᠠᠷ᠎ᠤᠨ ᠣᠯᠠᠨ ᠲᠦᠮᠡᠨ᠎ᠢ ᠳᠠᠶ᠋ᠢᠴᠢᠯᠠᠨ ᠠᠵᠢᠯ ᠣᠯᠭᠣᠵᠤ ᠣᠷᠣᠯᠭ᠎ᠠ᠎ᠶᠢ᠎ᠨᠢ ᠨᠡᠮᠡᠭᠳᠡᠭᠦᠯᠪᠡ᠃

ᠰᠢᠩ ᠾᠧ ᠰᠢᠶᠠᠨ᠎ᠤ ᠾᠧ ᠣᠪᠣᠭᠲᠤ᠎ᠶᠢᠨ ᠠᠮᠤ ᠲᠣᠰᠣ ᠪᠣᠯᠪᠠᠰᠤᠷᠠᠭᠤᠯᠬᠤ ᠦᠢᠯᠡᠳᠪᠦᠷᠢ᠎ᠶᠢᠨ ᠲᠠᠰᠤᠭ ᠠᠳᠠᠯᠢᠬᠠᠨ ᠶᠠᠭᠠᠷᠠᠯᠲᠠᠶ ᠪᠠᠢᠯ᠎ᠠ᠃ 《ᠡᠳ᠋ ᠪᠠᠷᠠᠭ᠎ᠠ ᠵᠥᠭᠡᠭᠡᠪᠦᠷᠢᠯᠡᠬᠦ᠌᠂ ᠦᠢᠯᠡᠳᠬᠦᠨ᠎ᠢ ᠬᠤᠳᠠᠯᠳᠤᠬᠤ᠎ᠠᠴᠠ ᠠᠪᠤᠭᠠᠳ ᠪᠡᠯᠡ ᠮᠥᠩᠭᠥᠨ᠎ᠦ ᠡᠷᠭᠢᠯᠲᠡ᠎ᠶᠢ ᠲᠡᠳᠬᠦᠬᠦ᠌ ᠬᠦᠷᠲᠡᠯ᠎ᠡ  ᠰᠢᠦᠳᠠᠨ᠎ᠤ  ᠶᠠᠪᠤᠳᠠᠯ᠎ᠤᠨ ᠰᠠᠯᠠᠭ᠎ᠠ ᠮᠥᠴᠢᠷ᠎ᠤᠨ ᠬᠢᠨ ᠪᠦᠬᠦ ᠶᠠᠪᠤᠴᠠ ᠵᠢ ᠬᠠᠷᠢᠭᠤᠴᠠᠳᠠᠬ》 ᠭᠡᠯ᠎ᠡ᠃

ᠠᠵᠤ ᠠᠬᠤᠢᠯᠠᠯ᠎ᠤᠨ ᠬᠠᠷᠢᠭᠤᠴᠠᠯᠭᠠᠲᠠᠨ ᠵᠠᠩ ᠼᠦᠢ ᡁᠢ  ᠰᠡᠳᠬᠢᠯ ᠳᠣᠭᠳᠣᠯᠤᠨ ᠶᠠᠷᠢᠵᠤ ᠪᠠᠢᠯ᠎ᠠ᠃ ᠠᠵᠤ ᠠᠬᠤᠢᠯᠠᠯ᠎ᠤᠨ ᠥᠩᠭᠡᠷᠡᠭᠰᠡᠨ᠎ᠦ ᠭᠠᠳᠠᠭ᠍ᠰᠢ ᠪᠣᠷᠣᠯᠠᠭᠤᠯᠬᠤ ᠵᠠᠮ ᠬᠢᠵᠠᠭᠠᠷ᠎ᠲᠠᠢ ᠪᠠᠢᠵᠤ᠂ ᠲᠦᠷᠦᠯ ᠲᠠᠮᠳᠡᠭ ᠨᠢ ᠲᠣᠰ ᠭᠠᠵᠠᠷ᠎ᠤᠨ ᠵᠠᠬ᠎ᠠ ᠳᠡᠯᠭᠡᠭᠦᠷ ᠎ᠡᠴᠡ ᠭᠠᠳᠠᠭᠰᠢ ᠭᠠᠷᠬᠤ ᠳ᠋ᠤ ᠬᠦᠴᠢᠷ ᠪᠠᠢᠲᠠᠯ᠎ᠲᠠᠢ ᠤᠶᠠᠯᠳᠤᠭᠤᠯᠤᠨ ᠲᠤᠬᠠᠢ᠎ᠶᠢᠨ ᠭᠠᠵᠠᠷ᠎ᠤᠨ ᠰᠢᠤᠳᠠᠨ᠎ᠤ ᠰᠠᠯᠠᠭ᠎ᠠ ᠮᠥᠴᠢᠷ ᠤ᠋ᠨ ᠬᠢᠨ ᠦᠢᠯᠡᠴᠢᠯᠡᠭᠡᠨ᠎ᠦ ᠲᠥᠰᠥᠯ ᠭᠠᠷᠭᠠᠨ᠂ ᠠᠵᠤ ᠠᠬᠤᠢᠯᠠᠯ᠎ᠢ ᠰᠦᠯᠵᠢᠶᠡᠨ ᠳᠡᠭᠡᠷᠡᠬᠢ ᠡᠯᠧᠺᠲᠷᠣᠨ ᠬᠤᠳᠠᠯᠳᠤᠭᠠᠨ᠎ᠤ ᠲᠠᠪᠴᠠᠩ᠎ᠳᠤ ᠣᠷᠣᠭᠤᠯᠵᠤ᠂ ᠪᠥᠬᠥ ᠬᠣᠲᠠ᠎ᠶᠢᠨ ᠰᠢᠤᠳᠠᠨ᠎ᠤ ᠲᠣᠣᠷ ᠴᠡᠭ ᠵᠢᠴᠢ ᠲᠣᠰᠬᠣᠨ᠎ᠤ ᠲᠠᠰ᠎ᠤᠨ ᠡᠯᠧᠺᠲᠷᠣᠨ ᠬᠤᠳᠠᠯᠳᠤᠭᠠᠨ᠎ᠤ ᠥᠷᠲᠡᠭᠡ ᠴᠡᠭ᠎ᠲᠤ ᠲᠦᠰᠢᠭᠯᠡᠨ ᠪᠤᠲᠠᠲᠤ ᠴᠤᠭᠴᠠ ᠵᠢᠨ ᠪᠣᠷᠤᠯᠠᠭᠤᠯᠭ᠎ᠠ᠎ᠶᠢᠨ ᠲᠣᠣᠷ ᠰᠦᠯᠵᠢᠶ᠎ᠡ᠎ᠶᠢ ᠪᠠᠢᠭᠤᠯᠵᠤ᠂ ᠵᠠᠰᠠᠭ ᠪᠠ ᠠᠵᠤ ᠠᠬᠤᠢᠯᠠᠯ᠎ᠤᠨ ᠲᠦᠪᠯᠡᠷᠠᠬᠦᠯᠤᠨ ᠬᠤᠲᠠᠯᠲᠤᠨ ᠠᠪᠬᠤ ᠵᠠᠮ ᠮᠥᠷ᠎ᠢ ᠵᠣᠯᠭᠠᠭᠤᠯᠵᠤ᠂ ᠦᠢᠯᠡᠳᠬᠦᠨ᠎ᠦ ᠪᠣᠷᠤᠯᠠᠭᠤᠯᠭ᠎ᠠ᠎ᠶᠢᠨ ᠵᠠᠮ᠎ᠢ ᠪᠥᠬᠥ ᠲᠠᠯ᠎ᠠ᠎ᠪᠠᠷ ᠥᠷᠭᠡᠳᠬᠡᠨ᠂ ᠠᠮᠤ ᠲᠣᠰᠣᠨ᠎ᠤ ᠪᠣᠬᠢᠷᠲᠤᠯ ᠦᠭᠡᠢ ᠲᠡᠭᠡᠭᠡᠪᠦᠷᠢ᠎ᠶᠢᠨ ᠲᠤᠰᠬᠠᠢ ᠱᠤᠭᠤᠮ᠎ᠢ ᠵᠡᠷᠭᠡ ᠪᠡᠷ ᠨᠠᠪᠲᠠᠷᠡᠭᠦᠯᠵᠦ᠂ ᠪᠠᠰᠠ ᠠᠵᠤ ᠠᠬᠤᠢᠯᠠᠯ᠎ᠤᠨ ᠦᠢᠯᠡᠳᠪᠦᠷᠢ᠎ᠶᠢᠨ ᠲᠣᠭᠣᠷᠢᠭ᠋᠎ᠲᠤ ᠲᠤᠰᠬᠠᠢᠯᠠᠨ ᠪᠣᠭᠣᠳᠠᠯᠯᠠᠵᠤ ᠬᠠᠳᠠᠭᠠᠯᠠᠬᠤ ᠲᠣᠭᠣᠷᠢᠭ᠋ ᠪᠠᠢᠭᠤᠯᠵᠤ᠂ ᠪᠠᠷᠠᠭ᠎ᠠ ᠶᠠᠪᠤᠭᠤᠯᠬᠤ ᠦᠷ᠎ᠡ ᠪᠦᠲᠦᠮᠵᠢ᠎ᠶᠢ ᠢᠯᠡᠳᠲᠡ ᠳᠡᠭᠡᠭᠰᠢᠯᠡᠭᠦᠯᠪᠡ᠃

ᠣᠢᠷ᠎ᠠ᠎ᠶᠢᠨ ᠵᠢᠯ᠎ᠦᠳ᠎ᠲᠦ  ᠥᠪᠥᠷ ᠮᠣᠩᠭᠣᠯ᠎ᠤᠨ ᠰᠢᠤᠳᠠᠨ᠎ᠤ ᠶᠠᠪᠤᠳᠠᠯ ᠦᠢᠯᠡᠴᠢᠯᠡᠭᠡᠨ᠎ᠦ ᠬᠦᠴᠦᠨ᠎ᠢᠶᠡᠨ ᠲᠠᠰᠤᠷᠠᠯᠳᠠ ᠦᠭᠡᠢ ᠰᠢᠯᠢᠳᠡᠭᠵᠢᠬᠦᠯᠵᠦ᠂ ᠬᠥᠳᠡᠭᠡ ᠲᠣᠰᠬᠣᠨ᠎ᠤ ᠪᠠᠷᠠᠭᠠᠨ᠎ᠤ ᠭᠦᠢᠯᠭᠡᠭᠡᠨ᠎ᠦ ᠲᠣᠣᠷ ᠰᠦᠯᠵᠢᠶ᠎ᠡ᠎ᠶᠢ ᠲᠡᠭᠦᠯᠳᠡᠷᠵᠢᠭᠦᠯᠦᠨ᠂ ᠬᠥᠳᠡᠭᠡ ᠲᠣᠰᠬᠣᠨ᠎ᠤ  ᠪᠣᠶ᠋ᠢᠳᠠ ᠪᠥᠭᠯᠡᠭᠦᠦ ᠭᠠᠵᠠᠷ ᠣᠷᠣᠨ᠎ᠤ ᠦᠢᠯᠡᠴᠢᠯᠡᠭᠡᠨ᠎ᠦ ᠳᠤᠲᠠᠭᠤᠳᠠᠯ᠎ᠢ ᠨᠥᠬᠥᠪᠦᠷᠢᠯᠡᠵᠠᠢ᠃ ᠣᠳᠣᠬᠠᠨ᠎ᠳᠤ᠂ ᠥᠪᠥᠷ ᠮᠣᠩᠭᠣᠯ᠎ᠤᠨ 11064 ᠪᠠᠶ᠋ᠢᠭᠤᠯᠤᠮᠵᠢᠳᠤ ᠲᠣᠰᠬᠣᠨ᠎ᠳᠤ ᠴᠥᠮ ᠰᠢᠤᠳᠠᠨ ᠨᠡᠪᠲᠡᠷᠡᠵᠦ᠂ ᠨᠢᠭᠡ ᠭᠠᠷᠠᠭ᠎ᠲᠤ ᠭᠤᠷᠪᠠᠨ ᠤᠳᠠᠭ᠎ᠠ ᠡᠴᠡ ᠳᠡᠭᠡᠭᠰᠢ ᠬᠦᠷᠭᠡᠬᠦ ᠪᠦᠷᠬᠦᠴᠡ᠎ᠶᠢᠨ ᠨᠣᠷᠮ᠎ᠠ  ᠨᠢ 100% ᠎ᠳ᠋ᠤ ᠬᠦᠷᠴᠡᠢ᠃ ᠨᠢᠭᠡ ᠲᠠᠯ᠎ᠠ ᠪᠠᠷ ᠲᠦᠭ ᠲᠦᠮᠡᠨ ᠠᠢᠯ ᠡᠷᠦᠬᠡ ᠲᠠᠢ ᠬᠤᠯᠪᠤᠯᠳᠤᠵᠤ᠂ ᠨᠦᠬᠦᠬᠡ ᠲᠠᠯ᠎ᠠ ᠪᠠᠷ ᠬᠥᠳᠡᠭᠡ ᠲᠣᠰᠬᠣᠨ᠎ᠤ ᠠᠵᠤ ᠦᠢᠯᠡᠰ᠎ᠦᠨ ᠣᠷᠣᠯᠭ᠎ᠠ᠎ᠶᠢ ᠨᠡᠮᠡᠭᠳᠡᠭᠦᠯᠬᠦ ᠬᠦᠰᠡᠯ ᠡᠷᠡᠮᠡᠯᠵᠡᠯ᠎ᠢ ᠠᠴᠢᠶᠠᠯᠠᠵᠤ᠂ ᠭᠤᠷᠪᠠᠨ ᠱᠠᠲᠤᠨ᠎ᠤ ᠪᠠᠷᠠᠭᠠᠨ᠎ᠤ ᠭᠦᠢᠯᠭᠡᠭᠡᠨ᠎ᠦ ᠰᠢᠰᠲᠧᠮ ᠦᠷᠭᠦᠯᠵᠢᠯᠡᠨ ᠰᠢᠯᠢᠳᠡᠭᠵᠢᠵᠦ᠂ ᠳᠥᠷᠪᠡᠨ ᠵᠦᠭ ᠨᠠᠢ᠍ᠮᠠᠨ ᠵᠣᠪᠬᠢᠰ᠎ᠲᠤ ᠨᠡᠪᠲᠡᠷᠡᠭᠰᠡᠨ ᠲᠠᠯ᠎ᠠ ᠨᠤᠲᠤᠭ᠎ᠤᠨ ᠰᠢᠤᠳᠠᠨ᠎ᠤ ᠵᠠᠮ ᠨᠢ ᠥᠪᠥᠷ ᠮᠣᠩᠭᠣᠯ᠎ᠤᠨ ᠬᠥᠳᠡᠭᠡ ᠲᠣᠰᠬᠣᠨ᠎ᠤ ᠠᠷᠠᠳ ᠲᠦᠮᠡᠨ ᠳ᠋ᠤ ᠲᠥᠬᠥᠮ ᠦᠵᠡᠭᠦᠯᠵᠦ ᠠᠷᠠᠳ᠎ᠲᠤ ᠠᠰᠢᠭ᠋ ᠬᠦᠷᠲᠡᠭᠡᠬᠦ᠂ ᠬᠦᠳᠡᠭᠡ ᠲᠤᠰᠬᠤᠨ᠎ᠢ ᠬᠥᠭᠵᠢᠭᠦᠯᠦᠨ ᠮᠠᠨᠳᠤᠭᠤᠯᠬᠤ ᠵᠣᠯ ᠵᠢᠷᠭᠠᠯᠲᠤ ᠵᠠᠮ᠎ᠢ ᠨᠡᠭᠡᠭᠡᠵᠦ ᠥᠭᠪᠡ᠃


[ᠰᠤᠷᠪᠤᠯᠵᠢᠯᠠᠭ᠍ᠴᠢ᠎ᠶᠢᠨ ᠡᠪᠦᠷ ᠲᠡᠮᠳᠡᠭᠯᠡᠯ]

ᠰᠢᠤᠳᠠᠨ᠎ᠤ ᠲᠡᠷᠭᠡ᠎ᠶᠢ ᠳᠠᠭᠠᠵᠤ ᠲᠠᠯ᠎ᠠ ᠨᠤᠲᠤᠭ  ᠮᠠᠯᠵᠢᠬᠤ ᠣᠷᠣᠨ ᠵᠢᠡᠷ ᠰᠤᠷᠪᠤᠯᠵᠢᠯᠠᠵᠤ ᠶᠠᠪᠤᠬᠤ᠎ᠳᠤ  ᠭᠠᠵᠠᠷ  ᠨᠤᠳᠤᠭ ᠠᠭᠤᠳᠠᠮ ᠬᠥᠮᠥᠨ ᠠᠮᠠ ᠴᠥᠭᠡᠨ ᠪᠠᠢᠳᠠᠭ ᠤᠷᠤᠨ ᠨᠤᠳᠤᠭ᠎ᠤᠨ ᠤᠨᠴᠠᠯᠢᠭ ᠪᠠ  ᠬᠥᠳᠡᠭᠡ ᠨᠤᠲᠤᠭ᠎ᠤᠨ ᠤᠷᠲᠤ ᠡᠴᠡ ᠤᠷᠳᠤ ᠠᠶᠠᠨ ᠵᠠᠮ ᠨᠢ ᠦᠨᠳᠦᠰᠦᠨ ᠱᠠᠲᠤᠨ᠎ᠤ ᠬᠦᠷᠭᠡᠯᠲᠠ ᠵᠢᠨ ᠠᠵᠢᠯ᠎ᠤᠨ ᠬᠢᠯᠪᠠᠷ ᠪᠤᠰᠤ ᠵᠢ  ᠦᠨᠡᠨ ᠬᠦ᠌ ᠮᠡᠳᠡᠷᠡᠭᠦᠯᠦᠨ᠎ᠡ᠃ ᠳᠥᠷᠪᠡᠨ ᠤᠯᠠᠷᠢᠯ ᠵᠢᠡᠷ ᠰᠠᠯᠬᠢ ᠪᠣᠷᠣᠭᠠᠨ᠎ᠳᠤ ᠰᠠᠭᠠᠲᠠᠯ ᠦᠭᠡᠢ ᠪᠠᠷ ᠲᠠᠯ᠎ᠠ ᠨᠤᠲᠤᠭ᠎ᠤᠨ ᠭᠦᠨ᠎ᠳᠦ ᠰᠦᠯᠵᠢᠯᠳᠦᠭᠰᠡᠨ ᠨᠤᠭᠤᠭᠠᠨ ᠦᠡᠭᠬᠡ ᠵᠢᠨ ᠰᠢᠤᠳᠠᠨ᠎ᠤ ᠲᠡᠷᠭᠡ ᠪᠣᠯ ᠮᠠᠯᠴᠢᠨ ᠲᠠᠷᠢᠶᠠᠴᠢᠨ᠎ᠳᠤ ᠦᠢᠯᠡᠴᠢᠯᠡᠬᠦ《ᠨᠡᠭᠦᠳᠡᠯ ᠨᠣᠭᠣᠭᠠᠨ ᠪᠦᠷᠢᠳᠦ》ᠮᠥᠨ᠃

ᠦᠵᠡᠬᠦ᠎ᠳᠦ ᠡᠭᠡᠯ ᠵᠢᠷ᠎ᠦᠨ ᠬᠦᠷᠭᠡᠯᠲᠠ ᠵᠢᠨ ᠠᠵᠢᠯ ᠪᠤᠯᠪᠠᠴᠤ ᠠᠷᠠᠳ ᠲᠦᠮᠡᠨ᠎ᠦ ᠡᠳᠦᠷ ᠲᠤᠲᠤᠮ᠎ᠤᠨ ᠠᠮᠢᠳᠤᠷᠠᠯ᠎ᠢ ᠠᠴᠢᠶᠠᠯᠠᠵᠤ ᠪᠠᠢᠲᠠᠭ᠃ ᠠᠮᠢᠳᠤᠷᠠᠯ᠎ᠤᠨ ᠡᠳ᠋ ᠪᠣᠳᠠᠰ ᠵᠢᠴᠢ ᠲᠦᠷᠭᠡᠨ ᠬᠦᠷᠭᠡᠯᠲᠡ ᠵᠢᠨ ᠪᠣᠭᠣᠳᠠᠯ᠎ᠢ ᠮᠠᠯᠴᠢᠨ ᠲᠠᠷᠢᠶᠠᠴᠢᠨ᠎ᠤ ᠭᠡᠷ᠎ᠦᠨ ᠡᠭᠦᠳᠡᠨ᠎ᠳᠦ  ᠠᠷᠢᠯᠢᠭ ᠣᠨᠣᠴᠠᠲᠠᠢ ᠬᠦᠷᠭᠡᠵᠦ᠂ ᠮᠠᠯᠵᠢᠬᠤ ᠲᠠᠷᠢᠶᠠᠯᠠᠬᠤ ᠣᠷᠣᠨ᠎ᠤ ᠪᠠᠷᠠᠭ᠎ᠠ ᠪᠠᠨ ᠲᠤᠰᠤᠨ ᠠᠪᠬᠤ᠎ᠳᠤ ᠬᠦᠴᠢᠷ ᠪᠠᠢᠬᠤ ᠪᠠ ᠪᠠᠷᠠᠭ᠎ᠠ ᠬᠤᠳᠠᠯᠳᠤᠨ ᠠᠪᠬᠤ᠎ᠳᠤ ᠬᠦᠴᠢᠷ ᠪᠠᠢᠬᠤ ᠠᠰᠠᠭᠤᠳᠠᠯ᠎ᠢ ᠰᠢᠢᠳᠪᠦᠷᠢᠯᠡᠨ ᠦᠭᠴᠦ᠂ ᠪᠣᠶ᠋ᠢᠳᠠ ᠪᠥᠭᠯᠡᠭᠦᠦ ᠬᠥᠳᠡᠭᠡ ᠲᠣᠰᠬᠣᠨ ᠳ᠋ᠤ  ᠳᠥᠭᠥᠮ ᠳᠥᠲᠡ ᠣᠲᠣ᠌ ᠦᠶ᠎ᠡ᠎ᠶᠢᠨ ᠠᠮᠢᠳᠤᠷᠠᠯ᠎ᠤᠨ ᠨᠦᠬᠦᠴᠡᠯ ᠬᠠᠩᠭᠠᠵᠠᠢ ᠃ ᠨᠣᠭᠣᠭᠠᠨ ᠦᠩᠭᠡ ᠵᠢᠨ ᠰᠢᠤᠳᠠᠨ᠎ᠤ  ᠵᠠᠮ ᠪᠣᠯ ᠪᠠᠰᠠ ᠴᠤ᠌ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠪᠠᠶᠠᠵᠢᠯ᠎ᠤᠨ ᠵᠠᠮ ᠮᠥᠨ᠂  ᠬᠥᠳᠡᠭᠡ ᠲᠣᠰᠬᠣᠨ᠎ᠤ  ᠪᠠᠷᠠᠭᠠᠨ᠎ᠤ ᠭᠦᠢᠯᠭᠡᠭᠡᠨ᠎ᠦ  ᠲᠣᠣᠷ ᠰᠦᠯᠵᠢᠶ᠎ᠡ ᠪᠠ ᠰᠢᠤᠳᠠᠨ᠎ᠤ ᠦᠢᠯᠡᠴᠢᠯᠡᠭᠡ᠎ᠳᠦ ᠲᠦᠰᠢᠭᠯᠡᠨ ᠲᠠᠷᠢᠶᠠᠯᠠᠩ᠎ᠤᠨ ᠣᠨᠴᠠ ᠭᠠᠷᠤᠯᠲᠠ ᠲᠣᠰᠬᠣᠨ᠎ᠠᠴᠠ ᠭᠠᠷᠴᠤ ᠬᠣᠲᠠ᠎ᠳᠤ ᠣᠷᠣᠵᠤ᠂ ᠪᠥᠬᠥ ᠤᠯᠤᠰ᠎ᠲᠤ ᠪᠣᠷᠣᠯᠠᠭᠤᠯᠤᠭᠳᠠᠬᠤ᠎ᠳᠤ ᠬᠦᠴᠦᠨ ᠨᠡᠮᠡᠷᠢᠯᠡᠵᠦ᠂ ᠮᠠᠯᠴᠢᠨ ᠲᠠᠷᠢᠶᠠᠴᠢᠨ᠎ᠢ ᠦᠨᠡᠨ ᠬᠦ᠌ ᠳᠠᠶ᠋ᠢᠴᠢᠯᠠᠨ ᠣᠷᠣᠯᠭ᠎ᠠ᠎ᠶᠢ ᠨᠢ ᠨᠡᠮᠡᠭᠳᠡᠭᠦᠯᠦᠨ ᠪᠠᠶᠠᠵᠢᠭᠤᠯᠪᠠ᠃

ᠨᠢᠭᠡ ᠲᠡᠷᠭᠡ ᠲᠦᠮᠡᠨ ᠡᠷᠦᠬᠡ᠎ᠶᠢ ᠬᠣᠯᠪᠣᠵᠤ᠂ ᠨᠢᠭᠡ ᠵᠠᠮ ᠠᠷᠠᠳ᠎ᠤᠨ ᠰᠡᠳᠬᠢᠯ᠎ᠢ ᠨᠡᠪᠲᠡᠷᠡᠭᠦᠯᠪᠡ᠃ ᠥᠪᠥᠷ ᠮᠣᠩᠭᠣᠯ᠎ᠤᠨ ᠲᠠᠯ᠎ᠠ ᠨᠤᠲᠤᠭ᠎ᠲᠤ ᠲᠦᠭᠡᠭᠰᠡᠨ ᠰᠢᠤᠳᠠᠨ ᠤ᠋ ᠶᠠᠪᠤᠲᠠᠯ ᠤ᠋ᠨ ᠨᠤᠭᠤᠭᠠᠨ ᠦᠡᠭᠬᠡ ᠨᠢ ᠦᠨᠳᠦᠰᠦᠨ ᠱᠠᠲᠤᠨ᠎ᠤ ᠦᠢᠯᠡᠴᠢᠯᠡᠭᠡᠨ᠎ᠦ ᠳᠤᠲᠠᠭᠤᠳᠠᠯ᠎ᠢ ᠨᠥᠬᠥᠪᠦᠷᠢᠯᠡᠠ᠂ ᠠᠷᠠᠳ᠎ᠤᠨ ᠠᠮᠢᠳᠤᠷᠠᠯ᠎ᠤᠨ ᠡᠳᠦᠷ ᠲᠤᠳᠤᠮ᠂  ᠠᠵᠤ ᠦᠢᠯᠡᠰ᠎ᠤᠨ ᠲᠡᠰ ᠲᠡᠪᠰᠢᠬᠦ ᠵᠢ ᠬᠤᠯᠪᠤᠭᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号