ᠲᠣᠣᠷ ᠪᠥᠮᠪᠥᠭᠡ᠎ᠶᠢᠨ ᠤᠷᠤᠯᠳᠤᠭᠠᠨ ᠶᠠᠪᠤᠭᠳᠠᠵᠤ ᠪᠠᠢᠨ᠎ᠠ
2026-08-12 09:43:44
ᠵᠣᠬᠢᠶᠠᠭ᠍ᠴᠢ᠄
ᠴᠸᠨ ᠨᠠᠷᠠᠨᠳᠤᠨᠭᠭᠠᠯᠠᠭ ᠨᠠᠮᠤᠭ ᠠᠯᠤᠰ ᠸ·ᠭᠡᠷᠡᠯᠳᠦ
ᠣᠩᠱᠢᠭ᠍ᠰᠠᠨ ᠣᠳᠠᠭ᠎ᠠ᠄
★★★☆☆

8 ᠰᠠᠷ᠎ᠠ᠎ᠶᠢᠨ 10᠎ᠤ᠋ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠲᠣᠣᠷ ᠪᠥᠮᠪᠥᠭᠡ᠎ᠶᠢᠨ ᠤᠷᠤᠯᠳᠤᠭᠠᠨ ᠪᠤᠭᠤᠳᠦ ᠬᠤᠲᠠ᠎ᠳᠦ ᠡᠬᠢᠯᠡᠪᠡ᠃᠂

ᠤᠷᠤᠯᠳᠤᠭᠠᠨ᠎ᠤ ᠲᠠᠯᠠᠪᠤᠷ᠎ᠲᠤ ᠲᠠᠮᠢᠷᠴᠢᠳ ᠪᠦᠬᠦ ᠬᠦᠴᠦᠨ᠎ᠢᠶᠡᠷ᠎ᠢᠶᠡᠨ ᠲᠡᠮᠡᠴᠡᠵᠦ ᠪᠦᠬᠦ ᠣᠷᠣᠨ᠎ᠤ ᠵᠠᠯᠠᠭᠤᠴᠤᠳ ᠪᠠᠭᠠᠴᠤᠳ᠎ᠤᠨ ᠡᠷᠡᠮᠡᠬᠡᠢᠯᠡᠨ ᠲᠡᠮᠡᠴᠡᠬᠦ ᠦᠭᠡᠳᠡᠯᠡᠨ ᠲᠠᠪᠰᠢᠬᠤ ᠳᠦᠷᠰᠦ ᠪᠠᠢᠳᠠᠯ᠎ᠢ ᠭᠦᠢᠴᠡᠳ ᠢᠯᠡᠷᠡᠭᠦᠯᠪᠡ᠃ ᠲᠣᠰ ᠤᠳᠠᠭᠠᠨ᠎ᠤ ᠤᠷᠤᠯᠳᠤᠭᠠᠨ᠎ᠳᠤ ᠨᠡᠶ᠋ᠢᠲᠡ 11 ᠲᠥᠯᠥᠭᠡᠯᠡᠭᠴᠢᠳ᠎ᠦᠨ ᠠᠩᠭᠢ᠂ 252 ᠲᠠᠮᠢᠷᠴᠢᠨ ᠣᠷᠣᠯᠴᠠᠪᠠ᠃ ᠤᠷᠤᠯᠳᠤᠭᠠᠨ᠎ᠳᠤ ᠠᠳᠠᠯᠢ ᠪᠤᠰᠤ ᠨᠠᠰᠤᠨ᠎ᠤ ᠲᠤᠭᠤᠢᠯᠠᠩ ᠬᠤᠪᠢᠶᠠᠵᠤ᠂ ᠲᠠᠩ ᠵᠦᠢᠯ᠎ᠦᠨ ᠤᠷᠤᠯᠳᠤᠭᠠᠨ᠂ ᠪᠦᠯᠬᠦᠮ᠎ᠤᠨ ᠤᠷᠤᠯᠳᠤᠭᠠᠨ᠎ᠢ ᠲᠤᠬᠢᠷᠠᠭᠤᠯᠪᠠ᠃ ᠤᠷᠤᠯᠳᠤᠭᠠᠨ᠎ᠤ ᠵᠠᠪᠰᠠᠷ᠎ᠲᠤ ᠳᠠᠰᠬᠠᠯᠵᠢᠭᠤᠯᠤᠭ᠍ᠴᠢ ᠲᠠᠮᠢᠷᠴᠢᠳ᠎ᠤᠨ ᠰᠡᠳᠬᠢᠴᠡ ᠵᠢᠨ ᠪᠠᠢᠳᠠᠯ ᠪᠠ ᠤᠷᠤᠯᠳᠤᠭᠠᠨ᠎ᠤ ᠪᠠᠢᠳᠠᠯ ᠳ᠋ᠤ ᠵᠢᠯᠤᠭᠣᠳᠤᠯᠭ᠎ᠠ ᠬᠢᠵᠦ᠂ ᠤᠷᠤᠯᠳᠤᠭᠠᠨ᠎ᠳᠤ ᠣᠷᠣᠯᠴᠠᠭᠰᠠᠳ᠎ᠤᠨ ᠡᠷᠴᠢ ᠵᠣᠷᠢᠭ᠋᠎ᠢ ᠬᠥᠪᠴᠢᠯᠡᠵᠦ ᠪᠠᠢᠯ᠎ᠠ᠃

ᠲᠤᠰ ᠤᠳᠠᠭᠠᠨ᠎ᠤ ᠤᠷᠤᠯᠳᠤᠭᠠᠨ᠎ᠨᠢ ᠲᠣᠣᠷ ᠪᠥᠮᠪᠥᠭᠡ᠎ᠶᠢᠨ ᠲᠠᠮᠢᠷᠴᠢᠳ᠎ᠲᠤ ᠤᠷ᠎ᠠ ᠮᠡᠷᠭᠡᠵᠢᠯ ᠢ᠋ᠢᠡᠨ ᠰᠣᠯᠢᠯᠴᠠᠬᠤ᠂ ᠡᠷᠲᠡᠮ ᠴᠢᠳᠠᠪᠤᠷᠢ᠎ᠪᠠᠨ ᠳᠠᠪᠲᠠᠨ ᠪᠣᠯᠪᠠᠰᠤᠷᠠᠭᠤᠯᠬᠤ᠂ ᠥᠪᠡᠷ᠎ᠢ᠎ᠪᠡᠨ ᠢᠯᠡᠷᠡᠭᠦᠯᠬᠦ ᠰᠠᠢᠨ ᠰᠠᠢᠬᠠᠨ ᠲᠠᠪᠴᠠᠩ ᠬᠠᠨᠭᠭᠠᠵᠦ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠤᠷᠤᠯᠳᠤᠭᠠᠨ᠎ᠤ ᠨᠥᠯᠥᠭᠡᠯᠡᠬᠦ ᠬᠦᠴᠦᠨ᠎ᠢ ᠠᠰᠢᠭ᠍ᠯᠠᠨ ᠲᠣᠣᠷ ᠪᠥᠮᠪᠥᠭᠡ᠎ᠶᠢᠨ ᠬᠥᠳᠡᠯᠭᠡᠭᠡᠨ᠎ᠢ ᠤᠯᠠᠮ ᠲᠦᠭᠡᠮᠡᠯᠵᠢᠭᠦᠯᠵᠦ᠂ ᠮᠠᠨ᠎ᠤ ᠣᠷᠣᠨ᠎ᠤ ᠲᠣᠣᠷ ᠪᠥᠮᠪᠥᠭᠡ᠎ᠶᠢᠨ ᠲᠦᠷᠦᠯ ᠵᠦᠢᠯ᠎ᠦᠨ ᠪᠡᠯᠡᠳᠬᠡᠯ ᠴᠢᠳᠠᠪᠤᠷᠢᠲᠠᠨ᠎ᠤ ᠰᠠᠭᠤᠷᠢ᠎ᠶᠢ ᠦᠷᠭᠦᠯᠵᠢᠯᠡᠨ ᠪᠠᠲᠤᠳᠬᠠᠵᠤ᠂ ᠤᠯᠠᠨ ᠲᠦᠮᠡᠨᠴᠢ ᠪᠡᠶ᠎ᠡ᠎ᠶᠢᠨ ᠲᠠᠮᠢᠷ ᠪᠣᠯᠣᠨ ᠵᠠᠯᠠᠭᠤᠴᠤᠳ ᠪᠠᠭᠠᠴᠤᠳ᠎ᠤᠨ ᠤᠷᠤᠯᠳᠤᠭᠠᠨ᠎ᠤ ᠪᠡᠶ᠎ᠡ᠎ᠶᠢᠨ ᠲᠠᠮᠢᠷ᠎ᠤᠨ ᠠᠭᠤᠰᠤᠯᠴᠠᠨ ᠬᠥᠭᠵᠢᠬᠦ᠎ᠶᠢ ᠠᠬᠢᠭᠤᠯᠬᠤ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号