《ᠨᠢᠰᠬᠡᠯ ᠥᠩᠭᠡᠷᠡᠮᠡᠭᠴᠡ ᠡᠭᠦᠯᠡ ᠰᠠᠷᠨᠢᠵᠤ᠂ ᠪᠣᠷᠣᠭᠠᠨ ᠣᠷᠣᠵᠤ ᠳᠡᠢᠯᠬᠦ᠌ ᠦᠭᠡᠢ ᠪᠣᠯᠵᠠᠶ》 ᠬᠡᠨ᠎ᠠ᠎ᠤᠤ? ᠣᠷᠣ ᠦᠭᠡᠢ ᠴᠤᠤᠷᠬᠠᠯ!
2026-08-14 11:32:03
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠣᠶ᠋ᠢᠷ᠎ᠠ᠎ᠳᠤ ᠵᠠᠷᠢᠮ ᠬᠤᠪᠢ᠎ᠶᠢᠨ ᠵᠠᠭᠤᠴᠢᠯᠠᠭᠤᠷ ᠣᠬᠣᠷ ᠸᠢᠳᠢᠣ᠋ ᠨᠡᠶ᠋ᠢᠲᠡᠯᠡᠵᠦ᠍᠂ ᠥᠪᠥᠷ ᠮᠣᠩᠭᠣᠯ᠎ᠤᠨ ᠮᠠᠯᠵᠢᠬᠤ ᠣᠷᠣᠨ ᠎ᠳᠦ ᠭᠠᠩ ᠬᠠᠭᠰᠠᠷᠠᠭᠠᠨ ᠲᠠᠢ᠂ ᠴᠠᠭ ᠠᠭᠤᠷ᠎ᠤᠨ ᠤᠷᠢᠳᠴᠢᠯᠠᠭᠰᠠᠨ ᠮᠡᠳᠡᠭᠡ᠎ᠳᠦ ᠭᠡᠰᠡᠭ ᠲᠡᠭᠡᠨ ᠪᠤᠷᠤᠭᠠᠨ ᠳᠠᠢ ᠭᠡᠵᠦ ᠮᠡᠳᠡᠭᠡᠯᠡᠭᠰᠡᠨ᠂ ᠣᠭᠲᠠᠷᠭᠤᠶ᠎ᠳᠤ ᠪᠠᠰᠠ ᠡᠭᠦᠯᠠ ᠭᠠᠷᠤᠭᠰᠠᠨ᠂ ᠬᠠᠷᠢᠨ ᠨᠢᠰᠬᠡᠯ ᠭᠡᠳᠦ ᠳᠤᠭᠤᠷᠢᠭᠰᠠᠨ᠎ᠤ ᠳᠠᠷᠠᠭ᠎ᠠ᠂ ᠡᠭᠦᠯᠡ ᠠᠷᠢᠯᠵᠤ᠂ ᠪᠣᠷᠣᠭᠠᠨ᠎ᠴᠦ ᠤᠷᠤᠬᠤ ᠪᠡᠨ ᠪᠤᠯᠢᠵᠠᠢ ᠬᠡᠪᠡ᠃ ᠡᠳᠡᠬᠡᠷ ᠶᠠᠷᠢᠶ᠎ᠠ ᠪᠡᠨ AI ᠪᠡᠷ ᠵᠣᠬᠢᠶᠠᠨ ᠪᠦᠲᠦᠭᠡᠭᠰᠡᠨ ᠱᠣᠭ ᠵᠢᠷᠤᠭ ᠳᠠᠢ ᠨᠡᠢᠯᠡᠭᠦᠯᠦᠨ ᠦᠨᠠᠨ ᠪᠠᠢᠳᠠᠯ᠎ᠢ ᠭᠠᠵᠢᠭᠤᠳᠠᠭᠤᠯᠵᠤ᠂ ᠨᠢᠰᠬᠡᠯ ᠨᠢ ᠴᠠᠭ ᠠᠭᠤᠷ᠎ᠢ ᠨᠥᠯᠥᠭᠡᠯᠡᠨ᠂ ᠵᠣᠷᠢᠭᠤᠳᠠ ᠡᠭᠦᠯᠡ ᠪᠣᠷᠣᠭᠠᠨ᠎ᠢ ᠰᠠᠷᠨᠢᠭᠤᠯᠵᠤ᠂ ᠭᠠᠩ ᠬᠠᠭᠰᠠᠷᠠᠭᠠᠨ᠎ᠢ ᠭᠡᠴᠡᠬᠦᠳᠡᠬᠦᠯᠵᠦ ᠪᠠᠢᠨ᠎ᠠ ᠭᠡᠮᠠᠨ ᠤᠯᠠᠨ ᠳᠦᠮᠡᠨ ᠎ᠢ ᠦᠢᠮᠡᠬᠦᠯᠵᠦ᠂ ᠶᠡᠬᠡ ᠬᠡᠮᠵᠢᠶᠡᠨ᠎ᠦ ᠡᠨᠳᠡᠭᠦᠷᠡᠯ ᠪᠠ ᠮᠠᠷᠭᠤᠯᠳᠤᠭᠠᠨ᠎ᠢ ᠡᠭᠦᠰᠭᠡᠪᠡ᠃

ᠭᠣᠣᠯ ᠡᠨᠳᠡᠭᠦᠷᠡᠯ᠎ᠦᠨ ᠲᠤᠬᠠᠢ ᠲᠣᠳᠣᠷᠬᠠᠢᠯᠠᠯᠲᠠ᠄ ᠨᠢᠰᠬᠡᠯ ᠶᠠᠭᠠᠬᠢᠭᠰᠠᠨ ᠴᠤ᠌ ᠡᠭᠦᠯᠡ ᠪᠣᠷᠣᠭᠠᠨ᠎ᠢ ᠠᠮᠠᠷᠬᠠᠨ ᠰᠠᠷᠨᠢᠭᠤᠯᠬᠤ ᠦᠭᠡᠢ

ᠰᠦᠯᠵᠢᠶᠡᠨ ᠳᠡᠭᠡᠷ᠎ᠡ 《ᠨᠢᠰᠬᠡᠯ ᠬᠣᠶᠠᠷᠳᠠ ᠳᠤᠭᠤᠷᠢᠨ ᠨᠢᠰᠬᠦ᠎ᠳᠦ ᠡᠭᠦᠯᠡ ᠰᠠᠷᠨᠢᠵᠤ᠂ ᠪᠣᠷᠣᠭᠠᠨ ᠣᠷᠣᠬᠤ᠎ᠪᠡᠨ ᠪᠤᠯᠢᠨ᠎ᠠ》 ᠭᠡᠰᠡᠨ ᠨᠢ ᠴᠠᠭ ᠠᠭᠤᠷ᠎ᠤᠨ ᠰᠢᠨᠵᠢᠯᠡᠬᠦ᠌ ᠤᠬᠠᠭᠠᠨ᠎ᠤ ᠵᠢᠮ᠎ᠡ ᠶᠣᠰᠣ᠎ᠠᠴᠠ ᠪᠦᠷᠢᠮᠦᠰᠦᠨ ᠲᠡᠷᠰᠯᠡᠵᠦ᠍ ᠪᠠᠶ᠋ᠢᠨ᠎ᠠ᠃ ᠡᠭᠦᠯᠡᠨ ᠳᠠᠪᠬᠤᠷᠭ᠎ᠠ ᠰᠠᠷᠨᠢᠵᠤ᠂ ᠪᠣᠷᠣᠭᠠᠨ ᠣᠷᠣᠭ᠎ᠠ ᠥᠬᠡᠶ ᠪᠠᠶ᠋ᠢᠬᠤ ᠪᠣᠯ ᠠᠭᠠᠷ ᠮᠠᠨᠳᠠᠯ᠎ᠤᠨ ᠲᠣᠰ ᠪᠡᠶ᠎ᠡ᠎ᠶᠢᠨ ᠠᠭᠤᠷ ᠠᠮᠢᠰᠬᠤᠯ᠎ᠤᠨ ᠬᠤᠪᠢᠷᠠᠯᠲᠠ᠎ᠶᠢᠨ ᠦᠷ᠎ᠡ ᠳ᠋ᠦᠩ ᠪᠣᠯᠤᠨ᠎ᠠ᠂ ᠨᠢᠰᠬᠡᠯ ᠨᠢᠰᠴᠦ᠍ ᠥᠩᠭᠡᠷᠡᠬᠦ᠌᠎ᠲᠡᠶ ᠰᠢᠯᠲᠠᠭᠠᠨ ᠦᠷ᠎ᠡ ᠳ᠋ᠦᠩ᠎ᠦᠨ ᠬᠠᠷᠢᠴᠠᠭ᠎ᠠ ᠥᠬᠡᠶ ᠶᠤᠮ᠃ ᠮᠠᠨ᠎ᠤ ᠤᠯᠤᠰ᠎ᠤᠨ ᠠᠭᠠᠷ᠎ᠤᠨ ᠣᠷᠣᠨ᠎ᠳᠤ ᠠᠶᠠᠯᠠᠵᠤ ᠪᠠᠢᠭ᠎ᠠ ᠠᠷᠠᠳ᠎ᠤᠨ ᠠᠭᠠᠷ᠎ᠤᠨ ᠲᠡᠭᠡᠭᠡᠪᠦᠷᠢ᠎ᠶᠢᠨ ᠡᠭᠡᠯᠵᠢ᠎ᠶᠢᠨ ᠨᠢᠰᠬᠡᠯ᠂ ᠨᠡᠶ᠋ᠢᠳᠡᠮ ᠬᠡᠷᠡᠭᠯᠡᠬᠦ᠌ ᠠᠭᠠᠷ᠎ᠤᠨ ᠠᠶᠠᠯᠠᠯ᠎ᠤᠨ ᠨᠢᠰᠬᠡᠯ ᠲᠣᠰ ᠲᠣᠰ᠎ᠤᠨ ᠲᠣᠭᠲᠠᠭᠰᠠᠨ ᠨᠢᠰᠦᠯᠲᠡ᠎ᠶᠢᠨ ᠡᠭᠦᠷᠭᠡ᠎ᠪᠡᠨ ᠭᠦᠢᠴᠡᠳᠬᠡᠵᠦ ᠪᠠᠢᠨ᠎ᠡ᠂ ᠡᠨᠡ ᠲᠥᠷᠥᠯ᠎ᠦᠨ ᠡᠭᠡᠯᠵᠢ᠎ᠶᠢᠨ ᠨᠢᠰᠬᠡᠯ ᠨᠢ ᠴᠠᠭ ᠠᠭᠤᠷ᠎ᠤᠨ ᠰᠠᠯᠠᠭ᠎ᠠ ᠮᠥᠴᠢᠷ᠎ᠦᠨ ᠬᠥᠮᠦᠨ᠎ᠦ ᠬᠦᠴᠦ᠎ᠪᠡᠷ ᠴᠠᠭ ᠠᠭᠤᠷ᠎ᠤᠨ ᠠᠵᠢᠯ᠎ᠢ ᠨᠥᠯᠥᠭᠡᠯᠡᠬᠦ᠌᠎ᠲᠡᠶ ᠥᠴᠦᠬᠡᠨ ᠴᠦ᠍ ᠬᠣᠯᠪᠣᠭ᠎ᠠ ᠦᠭᠡᠢ᠂ ᠬᠥᠮᠦᠨ᠎ᠦ ᠬᠦᠴᠦ᠎ᠪᠡᠷ ᠴᠠᠭ ᠠᠭᠤᠷ᠎ᠢ ᠨᠥᠯᠥᠭᠡᠯᠡᠬᠦ᠌ ᠡᠭᠦᠷᠭᠡ᠎ᠶᠢ ᠬᠦᠢᠴᠡᠳᠬᠡᠬᠦ ᠲᠤᠰᠬᠠᠶ ᠨᠢᠰᠬᠡᠯ᠎ᠢ ᠨᠢᠰᠬᠡᠬᠦ᠎ᠳᠦ ᠠᠭᠠᠷ᠎ᠤᠨ ᠣᠷᠣᠨ᠎ᠤ ᠴᠢᠩᠭ᠎ᠠ ᠬᠢᠨᠠᠨ ᠵᠥᠪᠰᠢᠶᠡᠷᠡᠯ᠎ᠲᠡᠶ᠂ ᠲᠤᠰᠬᠠᠶ ᠠᠵᠢᠯ᠎ᠤᠨ ᠠᠶᠠᠯᠠᠯ᠎ᠤᠨ ᠱᠤᠭᠤᠮ᠂ ᠠᠵᠢᠯᠯᠠᠬᠤ ᠴᠠᠭ ᠲᠣᠬᠢᠶᠠᠯ᠂ ᠣᠷᠣᠨ ᠪᠦᠰᠡ᠎ᠶᠢᠨ ᠤᠷᠢᠳᠴᠢᠯᠠᠭᠰᠠᠨ ᠲᠥᠯᠥᠪᠵᠢᠭᠦᠯᠭᠡ ᠲᠠᠢ ᠪᠠᠢᠳᠠᠭ᠃ ᠡᠭᠦᠨ᠎ᠤ ᠬᠠᠮᠲᠤ᠌᠂ ᠮᠠᠨ᠎ᠤ ᠤᠯᠤᠰ᠎ᠤᠨ ᠬᠥᠮᠦᠨ᠎ᠦ ᠬᠦᠴᠦ᠎ᠪᠡᠷ ᠴᠠᠭ ᠠᠭᠤᠷ᠎ᠢ ᠨᠥᠯᠥᠭᠡᠯᠡᠬᠦ᠌ ᠪᠠᠶ᠋ᠢᠩᠭᠤ᠎ᠶᠢᠨ ᠴᠢᠨᠠᠷᠲᠠᠶ ᠶᠠᠪᠤᠭᠳᠠᠭᠤᠯᠵᠤ ᠪᠠᠶ᠋ᠢᠭ᠎ᠠ ᠭᠤᠤᠯ ᠵᠦᠢᠯᠡᠰ ᠪᠣᠯ ᠬᠥᠮᠦᠨ᠎ᠦ ᠬᠦᠴᠦ᠎ᠪᠡᠷ ᠪᠣᠷᠣᠭᠠᠨ ᠣᠷᠣᠭᠤᠯᠬᠤ ᠶᠠᠪᠤᠳᠠᠯ ᠪᠣᠯᠤᠨ᠎ᠠ᠂ ᠵᠣᠷᠢᠯᠭ᠎ᠠ ᠨᠢ ᠬᠤᠷ᠎ᠠ ᠲᠤᠨᠳᠠᠰᠤ᠎ᠶᠢ ᠨᠡᠮᠡᠭᠳᠡᠬᠦᠯᠦᠨ᠂ ᠭᠠᠩ᠎ᠤᠨ ᠪᠠᠶ᠋ᠢᠳᠠᠯ᠎ᠢ ᠨᠠᠮᠳᠠᠭᠤᠯᠬᠤ ᠶᠠᠪᠤᠳᠠᠯ ᠪᠤᠯᠤᠨ᠎ᠠ᠂ ᠲᠠᠷᠠ ᠨᠢ ᠪᠦᠷᠢᠨ ᠢᠵᠢ ᠬᠢᠨᠠᠨ ᠵᠥᠪᠰᠢᠶᠡᠷᠡᠬᠦ᠌ ᠶᠠᠪᠤᠴᠠ ᠪᠡᠷ ᠳᠠᠮᠵᠢᠨ ᠭᠦᠢᠴᠡᠳᠬᠡᠳᠡᠭ᠂ ᠶᠠᠭᠠᠬᠢᠭᠰᠠᠨ ᠴᠤ᠌ ᠴᠠᠭ ᠢᠮᠠᠭᠲᠠ ᠨᠢᠰᠴᠦ᠂ ᠭᠠᠵᠠᠷ ᠪᠣᠯᠭᠠᠨ᠎ᠳᠤ ᠬᠡᠷᠡᠭᠵᠢᠭᠦᠯᠬᠦ ᠪᠢᠰᠢ᠃

ᠰᠢᠨᠵᠢᠯᠡᠬᠦ᠌ ᠤᠬᠠᠭᠠᠨᠴᠢ ᠳᠠᠢᠯᠪᠤᠷᠢᠯᠠᠯ ᠄

ᠨᠢᠭᠡ᠂ ᠬᠥᠮᠦᠨ᠎ᠦ ᠬᠦᠴᠦ᠎ᠪᠡᠷ ᠪᠣᠷᠣᠭᠠᠨ ᠣᠷᠣᠭᠤᠯᠬᠤ ᠭᠤᠤᠯ ᠦᠨᠳᠦᠰᠦᠯᠡᠯ

ᠬᠥᠮᠦᠨ᠎ᠦ ᠬᠦᠴᠦ᠎ᠪᠡᠷ ᠪᠣᠷᠣᠭᠠᠨ ᠣᠷᠣᠭᠤᠯᠬᠤ᠎ᠳᠠᠭᠠᠨ ᠬᠡᠢ ᠬᠣᠭᠣᠰᠣᠨ᠎ᠢᠶᠠᠷ ᠪᠣᠷᠣᠭᠠᠨ ᠣᠷᠣᠭᠤᠯᠵᠤ ᠪᠣᠯᠬᠤ ᠦᠭᠡᠢ᠂ ᠵᠥᠪᠬᠡᠨ 《ᠪᠣᠷᠣᠭᠠᠨ᠎ᠤ ᠡᠬᠦᠯᠡ ᠵᠢ᠎ᠰᠢᠬᠠᠵᠤ᠂ ᠪᠣᠷᠣᠭᠠᠨ᠎ᠢ ᠨᠡᠮᠡᠭᠳᠡᠬᠦᠯᠦᠨ᠎ᠡ》᠃ ᠪᠠᠶ᠋ᠢᠭᠠᠯᠢ᠎ᠶᠢᠨ ᠨᠥᠬᠥᠴᠡᠯ ᠳᠤᠤᠷ᠎ᠠ᠂ ᠬᠡᠰᠡᠭ ᠡᠭᠦᠯᠡᠨ ᠳᠠᠪᠬᠤᠷᠭ᠎ᠠ᠎ᠶᠢᠨ ᠤᠰᠤᠨ ᠠᠭᠤᠷ ᠭᠦᠢᠴᠡᠳ᠂ ᠭᠡᠪᠡᠴᠦ᠍ ᠭᠦᠢᠴᠡᠳ ᠴᠠᠷᠴᠠᠬᠤ ᠴᠥᠮ᠎ᠡ / ᠮᠥᠰᠥᠨ ᠴᠥᠮ᠎ᠡ ᠳᠤᠲᠠᠵᠤ᠂ ᠡᠭᠦᠯᠡᠨ ᠳᠤᠰᠤᠯ ᠨᠢ ᠵᠢᠵᠢᠭ᠎ᠡᠴᠡ ᠪᠤᠯᠵᠤ ᠪᠣᠷᠣᠭᠠᠨ᠎ᠤ ᠳᠤᠰᠤᠯ ᠪᠣᠯᠤᠨ ᠬᠤᠷᠠᠵᠤ ᠴᠢᠳᠠᠬᠤ ᠥᠬᠡᠶ᠂ ᠡᠭᠦᠯᠡᠨ ᠳᠠᠪᠬᠤᠷᠭ᠎ᠠ ᠵᠥᠪᠬᠡᠨ ᠠᠭᠠᠵᠢᠮ᠎ᠢᠶᠠᠷ ᠠᠭᠤᠷᠰᠢᠵᠤ ᠰᠠᠷᠨᠢᠨ᠎ᠠ; ᠪᠣᠷᠣᠭᠠᠨ ᠨᠡᠮᠡᠬᠳᠡᠬᠦᠯᠬᠦ ᠨᠢᠰᠬᠡᠯ ᠡᠭᠦᠯᠡᠨ ᠳᠠᠪᠬᠤᠷᠭ᠎ᠠ᠎ᠳᠤ ᠤᠷᠤᠭᠰᠠᠨ᠎ᠤ ᠳᠠᠷᠠᠭ᠎ᠠ᠂ ᠢᠣᠳ᠋ᠲᠤ᠌ ᠮᠥᠩᠭᠥ᠌᠂ ᠬᠠᠭᠤᠷᠠᠶ ᠮᠥᠰᠥ᠍ ᠵᠡᠷᠭᠡ ᠲᠦᠷᠭᠡᠳᠬᠡᠭᠦᠷ ᠰᠠᠴᠤᠳᠠᠭ᠂ ᠡᠨᠡ ᠨᠢ ᠡᠭᠦᠯᠡᠨ ᠳᠠᠪᠬᠤᠷᠭ᠎ᠠ᠎ᠳᠤ 《ᠪᠣᠷᠣᠭᠠᠨ ᠣᠷᠣᠭᠤᠯᠬᠤ ᠦᠷ᠎ᠡ》 ᠰᠠᠴᠤᠭᠰᠠᠨ᠎ᠲᠠᠢ ᠠᠳᠠᠯᠢ  ᠪᠠᠢᠳᠠᠭ ᠶᠤᠮ᠄

1. ᠬᠦᠢᠲᠡᠨ ᠡᠭᠦᠯᠡ (ᠳᠤᠯᠠᠭᠠᠨ᠎ᠤ ᠬᠡᠮᠵᠢᠶ᠎ᠡ 0°C ᠡᠴᠠ ᠳᠤᠤᠷ᠎ᠠ)᠄ ᠶᠡᠬᠡ ᠬᠡᠮᠵᠢᠶᠡᠨ᠎ᠦ ᠮᠥᠰᠥᠨ ᠲᠠᠯᠠᠰᠲᠤ᠎ᠶᠢ ᠪᠣᠶ ᠪᠣᠯᠭᠠᠵᠤ᠂ ᠡᠭᠦᠯᠡᠨ ᠳᠣᠲᠣᠷᠠᠬᠢ ᠬᠡᠲᠦ᠍ ᠬᠦᠢᠲᠡᠨ ᠤᠰᠤᠨ ᠳᠤᠰᠤᠯ ᠲᠠᠰᠤᠷᠠᠯᠲᠠ ᠥᠬᠡᠶ ᠶᠡᠬᠡᠰᠴᠦ᠍᠂ ᠬᠦᠨᠳᠦ᠎ᠶᠢᠨ ᠬᠦᠴᠦ᠍ ᠨᠢ ᠠᠭᠠᠷ᠎ᠤᠨ ᠬᠦᠪᠪᠦᠭᠦᠯᠬᠦ᠌ ᠬᠦᠴᠦ᠎ᠡᠴᠡ ᠳᠠᠪᠠᠭᠰᠠᠨ᠎ᠤ ᠳᠠᠷᠠᠭ᠎ᠠ ᠤᠨᠠᠵᠤ ᠢᠷᠡᠭᠡᠳ ᠪᠣᠷᠣᠭᠠᠨ ᠴᠠᠰᠤ ᠪᠣᠯᠤᠨ᠎ᠠ;

2. ᠳᠤᠯᠠᠭᠠᠨ ᠡᠭᠦᠯᠡ (ᠳᠤᠯᠠᠭᠠᠨ᠎ᠤ ᠬᠡᠮᠵᠢᠶ᠎ᠡ 0°C ᠡᠴᠡ ᠳᠡᠭᠡᠭᠰᠢ)᠄ ᠴᠢᠬᠢᠭ ᠰᠢᠩᠭᠡᠭᠡᠬᠦ᠌ ᠴᠢᠨᠠᠷᠲᠠᠶ ᠮᠥᠬᠥᠯᠢᠭ᠎ᠢ ᠰᠠᠴᠤᠵᠤ᠂ ᠵᠢᠵᠢᠭ ᠡᠭᠦᠯᠡᠨ ᠳᠤᠰᠤᠯ᠎ᠢ ᠬᠠᠷᠢᠯᠴᠠᠨ ᠮᠥᠷᠭᠥᠯᠳᠦᠭᠦᠯᠵᠦ᠍ ᠨᠡᠶ᠋ᠢᠯᠡᠭᠡᠳ ᠪᠣᠷᠣᠭᠠᠨ᠎ᠤ ᠳᠤᠰᠤᠯ ᠪᠣᠯᠣᠨ᠎ᠠ᠃

ᠲᠥᠬᠥᠮ᠎ᠢᠶᠡᠷ ᠵᠦᠢᠷᠯᠡᠪᠠᠯ᠄ ᠡᠭᠦᠯᠡᠨ ᠳᠠᠪᠬᠤᠷᠭ᠎ᠠ ᠨᠢ ᠤᠰᠤ ᠰᠣᠷᠣᠵᠤ ᠬᠠᠨᠤᠭᠰᠠᠨ ᠲᠡᠯᠡᠶ᠎ᠶᠢᠨ ᠬᠥᠪᠥᠩ ᠰᠢᠭ᠂ ᠪᠠᠶ᠋ᠢᠭᠠᠯᠢ᠎ᠶᠢᠨ ᠪᠠᠶ᠋ᠢᠳᠠᠯ ᠳᠤᠤᠷᠠᠭᠢ ᠤᠰᠤ ᠤᠷᠤᠰᠤᠨ ᠭᠠᠷᠴᠤ᠌ ᠳᠡᠶ᠋ᠢᠯᠬᠦ᠌ ᠥᠬᠡᠶ᠂ ᠬᠥᠮᠦᠨ᠎ᠦ ᠬᠦᠴᠦ᠎ᠪᠡᠷ ᠪᠣᠷᠣᠭᠠᠨ ᠨᠡᠮᠡᠬᠳᠡᠬᠦᠯᠬᠦ ᠨᠢ ᠵᠥᠪᠬᠡᠨ ᠲᠡᠯᠡᠶ᠎ᠶᠢᠨ ᠬᠥᠪᠥᠩ᠎ᠳᠡᠬᠢ ᠤᠰᠤ᠎ᠶᠢ ᠰᠢᠬᠠᠨ ᠭᠠᠷᠭᠠᠵᠤ᠂ ᠲᠡᠯᠡᠶ᠎ᠶᠢᠨ ᠬᠥᠪᠥᠩ᠎ᠢ ᠶᠠᠭᠠᠬᠢᠭᠰᠠᠨ ᠴᠤ᠌ ᠤᠷᠠᠵᠤ ᠬᠡᠮᠬᠡᠯᠬᠦ᠌ ᠥᠬᠡᠶ᠂ ᠤᠰᠤ᠎ᠶᠢ ᠬᠣᠭᠣᠰᠣᠨ᠎ᠢᠶᠠᠷ ᠠᠭᠤᠷᠰᠢᠭᠤᠯᠬᠤ ᠥᠬᠡᠶ᠃

ᠬᠣᠶᠠᠷ᠂ ᠪᠠᠢᠭᠠᠯᠢᠯᠢᠭ ᠪᠣᠷᠣᠭᠠᠨ ᠨᠢ ᠭᠤᠷᠪᠠᠨ ᠶᠡᠬᠡ ᠨᠥᠬᠥᠴᠡᠯ᠎ᠢ ᠪᠦᠷᠢᠯᠳᠦᠭᠦᠯᠬᠦ᠌ ᠬᠡᠷᠡᠭᠲᠡᠶ ᠃ (ᠨᠢᠭᠡ ᠨᠢ  ᠴᠤ᠌ ᠳᠤᠳᠠᠬᠳᠠᠵᠦ  ᠪᠤᠯᠬᠤ ᠦᠬᠡᠢ)

ᠣᠭᠲᠠᠷᠭᠤᠶ ᠎ᠳᠦ ᠡᠭᠦᠯᠡ᠎ᠲᠡᠶ ᠪᠤᠯ ᠯᠠᠪᠲᠠᠶ ᠪᠣᠷᠣᠭᠠᠨ ᠣᠷᠣᠨ᠎ᠠ ᠭᠡᠰᠡᠨ ᠦᠭᠡ ᠪᠢᠰᠢ᠂ ᠪᠣᠷᠣᠭᠠᠨ ᠣᠷᠣᠬᠤ ᠳᠤᠤᠷᠠᠭᠢ ᠨᠦᠭᠦᠴᠠᠯ᠎ᠢ ᠬᠠᠮᠳᠦ᠎ᠳᠤᠨᠢ ᠪᠦᠷᠢᠯᠳᠦᠭᠦᠯᠭᠦ ᠭᠡᠷᠡᠭᠳᠠᠢ ᠪᠠᠢᠳᠠᠭ᠄

1. ᠤᠰᠤᠨ ᠠᠭᠤᠷ᠎ᠤᠨ ᠭᠦᠢᠴᠡᠳ ᠬᠠᠩᠭᠠᠯᠭ᠎ᠠ᠄ ᠦᠷᠭᠦᠯᠵᠢᠯᠡᠨ ᠤᠰᠤᠨ ᠠᠭᠤᠷ᠎ᠢ ᠬᠦᠷᠭᠡᠬᠦ᠌ ᠴᠢᠬᠤᠯᠠᠲᠠᠶ᠂ ᠤᠰᠤᠨ ᠠᠭᠤᠷ ᠲᠠᠰᠤᠷᠠᠪᠠᠯ᠂ ᠡᠭᠦᠯᠡᠨ ᠳᠠᠪᠬᠤᠷᠭ᠎ᠠ ᠳᠠᠷᠤᠶ ᠲᠦᠷᠭᠡᠨ ᠨᠢᠮᠭᠡᠷᠡᠨ ᠰᠠᠷᠨᠢᠨ᠎ᠠ;

2. ᠦᠷᠭᠦᠯᠵᠢᠯᠡᠭᠰᠡᠨ ᠳᠡᠭᠡᠭᠰᠢᠯᠡᠬᠦ᠌ ᠠᠭᠠᠷ᠎ᠤᠨ ᠤᠷᠤᠰᠬᠠᠯ᠄ ᠤᠰᠤᠨ ᠠᠭᠤᠷ ᠨᠢ ᠳᠡᠭᠡᠭᠰᠢᠯᠡᠬᠦ᠌ ᠬᠥᠳᠡᠯᠭᠡᠭᠡᠨ᠎ᠳᠡᠭᠡᠨ ᠲᠦᠰᠢᠭᠯᠡᠨ ᠭᠦᠷᠦᠵᠦ᠍ ᠴᠠᠷᠴᠠᠭᠠᠳ ᠡᠭᠦᠯᠡᠨ ᠳᠤᠰᠤᠯ ᠪᠣᠯᠵᠣ᠂ ᠠᠭᠠᠷ᠎ᠤᠨ ᠤᠷᠤᠰᠬᠠᠯ ᠨᠢ ᠪᠠᠭᠤᠷᠠᠭᠠᠳ᠂ ᠳᠣᠷᠣᠭᠰᠢ ᠵᠢᠪᠬᠦ᠌ ᠦᠶ᠎ᠡ᠎ᠳᠦ᠂ ᠡᠭᠦᠯᠡᠨ ᠳᠠᠪᠬᠤᠷᠭ᠎ᠠ ᠨᠢ ᠠᠭᠠᠵᠢᠮ᠎ᠢᠶᠠᠷ ᠵᠠᠳᠠᠷᠠᠳᠠᠭ ᠪᠠᠶ᠋ᠢᠨ᠎ᠠ;

3 . ᠭᠦᠢᠴᠡᠳ ᠴᠠᠷᠴᠠᠬᠤ ᠴᠥᠮ᠎ᠡ / ᠮᠥᠰᠥᠨ ᠴᠥᠮ᠎ᠡ᠄ ᠤᠰᠤᠨ ᠠᠭᠤᠷ ᠨᠢ ᠴᠠᠷᠴᠠᠬᠤ ᠴᠥᠮ᠎ᠡ᠎ᠲᠡᠶ ᠨᠡᠶ᠋ᠢᠯᠡᠪᠡᠯ ᠰᠠᠶᠢ ᠪᠣᠷᠣᠭᠠᠨ᠎ᠤ ᠳᠤᠰᠤᠯ ᠪᠣᠯᠵᠣ ᠪᠦᠷᠢᠯᠳᠦᠨ᠎ᠡ᠂ ᠴᠠᠷᠴᠠᠬᠤ ᠴᠥᠮ᠎ᠡ ᠳᠤᠲᠠᠭᠳᠠᠪᠠᠯ ᠡᠭᠦᠯᠡ ᠪᠠᠶ᠋ᠢᠭᠰᠠᠨ ᠴᠤ᠌ ᠪᠣᠷᠣᠭᠠᠨ ᠣᠷᠣᠬᠤ᠎ᠳᠤ ᠬᠦᠴᠢᠷ᠃

ᠵᠣᠨ᠎ᠤ ᠤᠯᠠᠷᠢᠯ᠎ᠳᠤ ᠥᠪᠥᠷ ᠮᠣᠩᠭᠣᠯ᠎ᠤᠨ ᠰᠣᠯᠢᠭ ᠤᠷᠤᠰᠬᠠᠯ᠎ᠤᠨ ᠰᠢᠷᠦᠭᠦᠨ ᠪᠣᠷᠣᠭᠠᠨ ᠨᠢ ᠠᠯᠠᠭᠯᠠᠵᠦ ᠤᠷᠤᠬᠤ ᠭᠠᠵᠠᠷ ᠵᠦᠶ᠎ᠶᠢᠨ ᠴᠢᠨᠠᠷ᠎ᠢᠶᠠᠷ ᠲᠤᠶ᠋ᠢᠯ᠎ᠤᠨ ᠴᠢᠩᠭ᠎ᠠ᠂ ᠣᠷᠣᠨ ᠵᠠᠶ᠎ᠶᠢᠨ ᠵᠥᠷᠢᠶ᠎ᠡ ᠨᠢ ᠲᠤᠶ᠋ᠢᠯ᠎ᠤᠨ ᠶᠡᠬᠡ ᠪᠠᠶ᠋ᠢᠵᠤ᠂ ᠦᠷᠭᠦᠯᠵᠢ ᠬᠡᠳᠦᠨ ᠺᠢᠯᠣᠮᠧᠲ᠋ᠷ ᠠᠯᠤᠰᠯᠠᠭᠠᠳ ᠨᠢᠭᠡ ᠲᠠᠯ᠎ᠠ᠎ᠨᠢ ᠪᠣᠷᠣᠭᠠᠨ ᠣᠷᠣᠵᠤ᠂ ᠨᠥᠭᠥᠭᠡ ᠲᠠᠯ᠎ᠠ᠎ᠨᠢ ᠴᠡᠯᠮᠡᠭ ᠲᠤᠩᠭᠠᠯᠠᠭ ᠪᠠᠶ᠋ᠢᠳᠠᠭ᠂ ᠤᠷᠢᠳᠴᠢᠯᠠᠨ ᠮᠡᠳᠡᠭᠡᠯᠡᠬᠦ᠌᠎ᠳᠦ ᠲᠦᠷ ᠴᠠᠭ᠎ᠤᠨ ᠪᠣᠷᠣᠭᠠᠨ ᠲᠠᠢ ᠬᠡᠳᠡᠭ ᠨᠢ ᠵᠥᠪᠬᠡᠨ ᠶᠡᠬᠡ ᠲᠥᠯᠥᠪ ᠮᠠᠭᠠᠳᠯᠠᠯ ᠲᠡᠳᠦᠶ ᠪᠠᠶ᠋ᠢᠵᠤ᠂ ᠳᠤᠨᠳᠠᠰᠦ ᠪᠠᠭᠤᠬᠤ ᠴᠡᠭ ᠪᠠ ᠴᠠᠭ᠎ᠤᠨ ᠣᠷᠳᠣ᠎ᠶᠢ ᠣᠨᠣᠪᠴᠢᠲᠠᠶ ᠲᠣᠭᠲᠠᠭᠠᠵᠤ ᠳᠡᠶ᠋ᠢᠯᠬᠦ᠌ ᠥᠬᠡᠶ ᠪᠠᠶ᠋ᠢᠳᠠᠭ᠃

ᠲᠡᠷᠡᠴᠢᠯᠡᠨ ᠲᠠᠯ᠎ᠠ ᠨᠤᠲᠤᠭ᠎ᠤᠨ ᠣᠭᠲᠠᠷᠭᠤᠶ ᠨᠢ ᠨᠡᠯᠢᠶᠡᠳ ᠬᠠᠭᠤᠷᠠᠶ ᠮᠥᠷᠲᠡᠭᠡᠨ ᠠᠭᠠᠷ ᠨᠢ ᠨᠡᠯᠢᠶᠡᠳ ᠴᠡᠪᠡᠷ ᠪᠠᠶ᠋ᠢᠵᠤ᠂ ᠡᠭᠦᠯᠡ᠎ᠶᠢᠨ ᠲᠣᠰ ᠪᠡᠶ᠎ᠡ ᠨᠢ ᠨᠡᠯᠢᠶᠡᠳ ᠲᠦᠷᠭᠡᠨ ᠰᠠᠷᠨᠢᠳᠠᠭ᠂ ᠬᠡᠳᠦᠨ ᠨᠢᠰᠬᠡᠯ ᠥᠩᠭᠡᠷᠡᠮᠡᠭᠴᠡ ᠬᠤᠪᠢᠷᠠᠴᠢᠬᠠᠳᠠᠭ ᠪᠢᠰᠢ ᠶᠤᠮ᠃

ᠭᠤᠷᠪᠠ᠂ ᠬᠥᠮᠦᠨ᠎ᠦ ᠬᠦᠴᠦ᠎ᠪᠡᠷ ᠪᠣᠷᠣᠭᠠᠨ ᠣᠷᠣᠭᠤᠯᠬᠤ ᠬᠠᠲᠠᠭᠤ ᠴᠢᠩᠭ᠎ᠠ ᠤᠷᠢᠲᠠᠯ ᠨᠥᠬᠥᠴᠡᠯ (ᠨᠦᠭᠦᠴᠡᠯ ᠪᠦᠷᠢᠯᠳᠦᠭᠦ ᠦᠭᠡᠢ ᠪᠤᠯ ᠶᠠᠭᠠᠬᠢᠭᠰᠠᠨ ᠴᠤ᠌ ᠠᠵᠢᠯᠯᠠᠬᠤ ᠥᠬᠡᠶ)

ᠴᠠᠭ ᠠᠭᠤᠷ᠎ᠤᠨ ᠰᠠᠯᠠᠭ᠎ᠠ ᠮᠥᠴᠢᠷ ᠳᠠᠭᠠᠭᠤᠯᠢ ᠣᠲᠣ᠂ ᠷᠠᠳᠠᠷ ᠵᠡᠷᠭᠡ᠎ᠶᠢ ᠠᠰᠢᠭᠯᠠᠨ ᠨᠠᠷᠢᠨ ᠨᠢᠭᠲᠠ ᠬᠠᠶ᠋ᠢᠨ ᠬᠡᠮᠵᠢᠯᠲᠡ ᠬᠢᠵᠦ᠍᠂ ᠵᠥᠪᠬᠡᠨ ᠡᠭᠦᠯᠡᠨ ᠳᠠᠪᠬᠤᠷᠭ᠎ᠠ᠎ᠶᠢᠨ ᠨᠥᠬᠥᠴᠡᠯ ᠨᠢ ᠪᠦᠬᠦᠨ᠎ᠢᠶᠡᠷ᠎ᠢᠶᠡᠨ ᠪᠠᠷᠢᠮᠵᠢᠶ᠎ᠠ᠎ᠳᠤ ᠨᠡᠶ᠋ᠢᠴᠡᠪᠡᠯ ᠰᠠᠶᠢ ᠬᠥᠮᠦᠨ᠎ᠦ ᠬᠦᠴᠦ᠎ᠪᠡᠷ ᠪᠣᠷᠣᠭᠠᠨ ᠣᠷᠣᠭᠤᠯᠬᠤ ᠠᠵᠢᠯ᠎ᠢ ᠵᠣᠬᠢᠶᠠᠨ ᠪᠠᠶ᠋ᠢᠭᠤᠯᠤᠨ ᠥᠷᠨᠢᠭᠦᠯᠵᠦ᠍ ᠪᠣᠯᠤᠨ᠎ᠠ᠄

1. ᠡᠭᠦᠯᠡᠨ ᠳᠠᠪᠬᠤᠷᠭ᠎ᠠ᠎ᠶᠢᠨ ᠵᠤᠵᠠᠭᠠᠨ᠎ᠤ ᠬᠡᠮᠵᠢᠶ᠎ᠡ 2000 ᠮᠧᠲ᠋ᠷ ᠪᠤᠶᠤ 2000 ᠮᠸᠲᠷ ᠡᠴᠡ ᠳᠡᠭᠡᠭᠰᠢ ᠪᠠᠢᠬᠤ᠂ ᠡᠭᠦᠯᠡᠨ ᠴᠣᠭᠴᠠ ᠵᠤᠵᠠᠭᠠᠨ ᠪᠥᠭᠡᠳ ᠤᠰᠤᠨ᠎ᠤ ᠡᠬᠢ ᠪᠠᠶᠠᠯᠢᠭ᠎ᠢ ᠭᠦᠢᠴᠡᠳ ᠬᠠᠳᠠᠭᠠᠯᠠᠭᠰᠠᠨ ᠪᠠᠢᠬᠤ;

2. ᠡᠭᠦᠯᠡᠨ ᠳᠤᠮᠳᠠᠬᠢ ᠤᠰᠤᠨ ᠠᠭᠤᠷ ᠲᠠᠰᠤᠷᠠᠯᠲᠠ ᠦᠭᠡᠢ ᠨᠥᠬᠥᠪᠥᠷᠢᠯᠡᠬᠳᠡᠵᠦ᠍᠂ ᠳᠡᠭᠡᠭᠰᠢᠯᠡᠬᠦ᠌ ᠠᠭᠠᠷ᠎ᠤᠨ ᠤᠷᠤᠰᠬᠠᠯ᠎ᠤᠨ ᠨᠥᠬᠥᠴᠡᠯ ᠨᠢ ᠰᠠᠶ᠋ᠢᠨ ᠪᠠᠶ᠋ᠢᠬᠤ ᠬᠡᠷᠡᠭᠲᠡᠶ;

3. ᠬᠦᠢᠲᠡᠨ ᠡᠭᠦᠯᠠᠡ᠎ᠳᠦ ᠶᠡᠬᠡ ᠬᠡᠮᠵᠢᠶᠡᠨ᠎ᠦ ᠬᠡᠲᠦ᠍ ᠬᠦᠢᠲᠡᠨ ᠤᠰᠤ᠎ᠲᠠᠶ ᠪᠠᠶ᠋ᠢᠵᠤ᠂ ᠮᠥᠰᠥᠨ ᠲᠠᠯᠠᠰᠲᠤ᠎ᠶᠢᠨ ᠲᠣᠭ᠎ᠠ ᠬᠡᠮᠵᠢᠶ᠎ᠡ ᠬᠦᠷᠦᠯᠴᠡᠬᠦ᠌ ᠥᠬᠡᠶ; ᠳᠤᠯᠠᠭᠠᠨ ᠡᠭᠦᠯᠡᠨ᠎ᠦ ᠳᠤᠰᠤᠯ ᠨᠢ ᠵᠢᠭᠳᠡ ᠮᠥᠷᠲᠡᠭᠡᠨ ᠪᠠᠭ᠎ᠠ᠂ ᠮᠥᠷᠭᠥᠯᠳᠦᠬᠦ᠌ ᠨᠡᠮᠡᠭᠳᠡᠯ᠎ᠦᠨ ᠳᠠᠯᠳᠠ ᠬᠦᠴᠦᠨ᠎ᠲᠡᠶ ᠪᠠᠢᠬᠤ;

ᠳᠥᠷᠪᠡ ᠂ ᠬᠥᠮᠦᠨ᠎ᠦ ᠬᠦᠴᠦ᠎ᠪᠡᠷ ᠪᠣᠷᠣᠭᠠᠨ ᠣᠷᠣᠭᠤᠯᠬᠤ ᠠᠵᠢᠯ᠎ᠤᠨ ᠦᠢᠯᠡᠴᠢᠯᠡᠬᠦ᠌ ᠵᠣᠷᠢᠯᠭ᠎ᠠ

ᠬᠥᠮᠦᠨ᠎ᠦ ᠬᠦᠴᠦ᠎ᠪᠡᠷ ᠪᠣᠷᠣᠭᠠᠨ ᠣᠷᠣᠭᠤᠯᠬᠤ᠎ᠶᠢᠨ ᠭᠤᠤᠯ ᠵᠣᠷᠢᠯᠭ᠎ᠠ ᠪᠣᠯ ᠮᠠᠯᠵᠢᠬᠤ ᠲᠠᠷᠢᠶᠠᠯᠠᠬᠤ ᠣᠷᠣᠨ᠎ᠤ ᠭᠠᠩ᠎ᠤᠨ ᠪᠠᠶ᠋ᠢᠳᠠᠯ᠎ᠢ ᠨᠠᠮᠳᠠᠭᠤᠯᠵᠤ᠂ ᠲᠠᠷᠢᠶᠠᠯᠠᠩ ᠮᠠᠯ ᠠᠵᠤ ᠠᠬᠤᠶ᠎ᠶᠢᠨ ᠦᠢᠯᠡᠳᠪᠦᠷᠢᠯᠡᠯ᠎ᠢ ᠪᠠᠲᠤᠯᠠᠬᠤ᠎ᠶᠢᠨ ᠬᠠᠮᠲᠤ᠌ ᠨᠤᠲᠤᠭ ᠪᠡᠯᠴᠢᠭᠡᠷ ᠣᠶ ᠰᠢᠭᠤᠶ᠎ᠶᠢᠨ ᠭᠠᠯ᠎ᠤᠨ ᠠᠶᠤᠯ᠎ᠤᠨ ᠵᠡᠷᠭᠡ ᠳᠡᠰ᠎ᠢ ᠪᠠᠭᠤᠷᠠᠭᠤᠯᠵᠤ᠂ ᠠᠮᠢ ᠠᠬᠤᠶ᠎ᠶᠢᠨ ᠣᠷᠴᠢᠨ ᠲᠣᠭᠣᠷᠢᠨ᠎ᠢ ᠰᠠᠶ᠋ᠢᠵᠢᠷᠠᠭᠤᠯᠬᠤ ᠶᠠᠪᠤᠳᠠᠯ ᠪᠣᠯᠤᠨ᠎ᠠ᠃

ᠣᠳᠣᠬᠠᠨ᠎ᠳᠤ ᠰᠦᠯᠵᠢᠶᠡᠨ ᠳᠡᠭᠡᠷ᠎ᠡ ᠣᠬᠣᠷ ᠸᠢᠳᠢᠣ᠋᠎ᠪᠠᠷ ᠴᠤᠤᠷᠬᠠᠯ ᠶᠠᠷᠢᠶ᠎ᠠ ᠎ᠵᠣᠬᠢᠶᠠᠵᠤ᠂ ᠰᠦᠯᠵᠢᠶᠡᠴᠢᠳ᠎ᠢ ᠦᠳᠦᠬᠡᠨ᠂ ᠪᠡᠶᠡᠴᠢ ᠲᠠᠭᠠᠮᠠᠭᠯᠠᠯ ᠬᠢᠯᠭᠡᠨ᠂ ᠵᠤᠷᠢᠭᠤᠳᠠ ᠳᠠᠮᠵᠢᠭᠤᠯᠵᠦ ᠪᠠᠢᠨ᠎ᠠ᠂ ᠠᠯᠪᠠ᠎ᠪᠠᠷ ᠡᠭᠦᠯᠡᠨ ᠳᠠᠪᠬᠤᠷᠭ᠎ᠠ᠎ᠶᠢ ᠰᠠᠷᠨᠢᠭᠤᠯᠤᠨ᠎ᠠ ᠭᠡᠳᠡᠭ ᠨᠢ ᠮᠥᠨ ᠴᠢᠨᠠᠷ ᠳᠡᠭᠡᠷ᠎ᠡ᠎ᠪᠡᠨ ᠵᠥᠪᠬᠡᠨ ᠴᠠᠭ᠎ᠤᠨ ᠲᠠᠯ᠎ᠠ᠎ᠪᠠᠷ ᠬᠢ ᠲᠣᠬᠢᠶᠠᠯᠳᠤᠯ᠂ ᠨᠡᠶ᠋ᠢᠲᠡᠯᠢᠭ ᠪᠡᠶᠡᠴᠢ ᠲᠠᠭᠠᠮᠠᠭᠯᠠᠯ᠎ᠳᠤ ᠲᠣᠭᠠᠴᠠᠭᠳᠠᠨ᠎ᠠ᠃ ᠦᠭᠡ ᠥᠭᠦᠯᠡᠪᠦᠷᠢ᠎ᠶᠢ ᠲᠠᠰᠤᠳᠠᠨ ᠤᠳᠬ᠎ᠠ᠎ᠶᠢ ᠭᠠᠵᠢᠭᠤᠳᠠᠭᠤᠯᠤᠭᠰᠠᠨ ᠰᠢᠨᠵᠢᠯᠡᠬᠦ᠌ ᠤᠬᠠᠭᠠᠨᠴᠢ ᠪᠤᠰᠤ ᠳᠠᠭᠠᠮᠠᠭᠯᠠᠯ᠂ ᠵᠣᠷᠢᠭᠤᠳᠠ ᠴᠤᠤᠷᠬᠠᠯ ᠳᠡᠭᠳᠡᠬᠡᠭᠰᠡᠨ ᠣᠬᠣᠷ ᠸᠢᠳᠢᠣ᠋᠎ᠵᠢ ᠪᠢᠳᠡᠬᠡᠢ ᠢᠲᠡᠭᠡᠭᠡᠷᠡᠢ᠂ ᠬᠠᠮᠢᠶ᠎ᠠ ᠪᠥᠬᠥᠶ ᠴᠠᠭ ᠠᠭᠤᠷ᠎ᠤᠨ ᠮᠡᠳᠡᠯᠭᠡ᠎ᠶᠢ ᠴᠠᠭ ᠠᠭᠤᠷ᠎ᠤᠨ ᠰᠠᠯᠠᠭ᠎ᠠ ᠮᠥᠴᠢᠷ᠎ᠦᠨ ᠠᠯᠪᠠᠨ᠎ᠤ ᠲᠠᠯ᠎ᠠ᠎ᠵᠢᠨ ᠨᠡᠶ᠋ᠢᠲᠡᠯᠡᠯ ᠪᠡᠷ ᠪᠠᠷᠢᠮᠵᠢᠶ᠎ᠠ ᠪᠣᠯᠭᠠᠬᠤ ᠬᠡᠷᠡᠭᠲᠡᠶ᠃

ᠢᠷᠡᠯᠲᠡ᠄ 《ᠥᠪᠥᠷ ᠮᠣᠩᠭᠣᠯ᠎ᠤᠨ ᠴᠠᠭ ᠠᠭᠤᠷ》 ᠳᠠᠪᠴᠠᠡᠭ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号