8 ᠰᠠᠷ᠎ᠠ᠎ᠶᠢᠨ 10᠎ᠤ᠋ ᠡᠳᠦᠷ᠎ᠡᠴᠡ 15᠎ᠤ᠋ ᠡᠳᠦᠷ ᠪᠣᠯᠲᠠᠯ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ᠎ᠶᠢᠨ ᠲᠠᠮᠢᠷ᠎ᠤᠨ ᠴᠤᠭᠯᠠᠭᠠᠨ᠎ᠤ ᠲᠣᠣᠷ ᠪᠥᠮᠪᠥᠭᠡ᠎ᠶᠢᠨ ᠲᠥᠷᠥᠯ ᠵᠦᠢᠯ᠎ᠦᠨ ᠤᠷᠤᠯᠳᠤᠭᠠᠨ ᠪᠤᠭᠤᠲᠤ ᠬᠣᠲᠠ᠎ᠶᠢᠨ ᠪᠡᠶ᠎ᠡ᠎ᠶᠢᠨ ᠲᠠᠮᠢᠷ᠎ᠤᠨ ᠲᠥᠪ᠎ᠦᠨ ᠲᠣᠣᠷ ᠪᠥᠮᠪᠥᠭᠡ᠎ᠶᠢᠨ ᠣᠷᠳᠣᠨ᠎ᠳᠦ ᠶᠠᠪᠤᠭᠳᠠᠪᠠ᠃
ᠲᠣᠰ ᠤᠳᠠᠭᠠᠨ᠎ᠤ ᠤᠷᠤᠯᠳᠤᠭᠠᠨ᠎ᠳᠤ ᠪᠥᠬᠥ ᠣᠷᠣᠨ᠎ᠤ ᠨᠡᠶ᠋ᠢᠲᠡ 252 ᠲᠠᠮᠢᠷᠴᠢᠨ᠂ 63 ᠳᠠᠭᠠᠭᠤᠯᠤᠭ᠍ᠴᠢ ᠳᠠᠰᠬᠠᠯᠵᠢᠭᠤᠯᠤᠭ᠍ᠴᠢ ᠣᠷᠣᠯᠴᠠᠵᠤ᠂ ᠤᠷᠤᠯᠳᠤᠭᠠᠨ᠎ᠳᠦ ᠬᠥᠬᠡ᠂ ᠬᠥᠬᠡᠭᠴᠢᠨ᠂ ᠤᠯᠠᠭᠠᠨ ᠭᠤᠷᠪᠠᠨ ᠳᠤᠭᠤᠢᠯᠠᠩ ᠬᠤᠪᠢᠶᠠᠵᠤ᠂ ᠨᠡᠶ᠋ᠢᠲᠡ 18 ᠤᠷᠤᠯᠳᠤᠭᠠᠨ᠎ᠤ ᠪᠠᠭ᠎ᠠ ᠲᠥᠷᠥᠯ᠎ᠢ ᠲᠣᠬᠢᠷᠠᠭᠤᠯᠪᠠ᠃ ᠪᠤᠭᠤᠲᠤ ᠬᠣᠲᠠ 8 ᠠᠯᠲᠠᠨ ᠮᠧᠳᠠᠯᠭᠠᠷᠳᠠᠵᠦ ᠲᠡᠷᠢᠭᠦᠨ᠎ᠳᠦ ᠵᠢᠭ᠍ᠰᠠᠭᠠᠭᠳᠠᠵᠤ᠂ ᠣᠷᠳᠣᠰ ᠬᠣᠲᠠ 3 ᠠᠯᠲᠠᠨ ᠮᠧᠳᠠᠯ ᠭᠠᠷᠳᠠᠵᠦ᠂ ᠬᠥᠬᠡᠬᠣᠲᠠ᠂ ᠦᠬᠠᠢ ᠬᠣᠲᠠ ᠲᠤᠰ ᠪᠦᠷᠢ 2 ᠠᠯᠲᠠᠨ ᠮᠧᠳᠠᠯ ᠭᠠᠷᠳᠠᠵᠦ᠂ ᠲᠦᠩᠯᠢᠶᠣᠣ ᠬᠣᠲᠠ᠂ ᠤᠯᠠᠭᠠᠨᠴᠠᠪ ᠬᠣᠲᠠ ᠪᠠ ᠤᠯᠠᠭᠠᠨᠬᠠᠳᠠ ᠬᠣᠲᠠ ᠲᠣᠰ ᠲᠣᠰ 1 ᠠᠯᠲᠠᠨ ᠮᠧᠳᠠᠯ ᠭᠠᠳᠠᠯᠠ᠃
ᠲᠣᠰ ᠬᠤᠭᠤᠴᠠᠭᠠᠨ᠎ᠤ ᠤᠷᠤᠯᠳᠤᠭᠠᠨ᠎ᠨᠢ ᠮᠠᠨ᠎ᠤ ᠣᠷᠣᠨ᠎ᠤ ᠲᠣᠣᠷ ᠪᠥᠮᠪᠥᠭᠡ᠎ᠶᠢᠨ ᠤᠷᠤᠯᠳᠤᠭᠠᠨ᠎ᠤ ᠬᠢᠷᠢ ᠲᠦᠪᠰᠢᠨ᠎ᠦ ᠥᠷᠨᠢᠩᠭᠦᠢ ᠬᠥᠭᠵᠢᠯᠲᠡ᠎ᠶᠢ ᠭᠦᠢᠴᠡᠳ ᠬᠠᠷᠠᠭᠤᠯᠪᠠ᠃ ᠤᠷᠤᠯᠳᠤᠭᠠᠨᠶ᠋ᠢᠡᠷ ᠳᠠᠮᠵᠢᠨ ᠡᠯ᠎ᠡ ᠭᠠᠵᠠᠷ᠎ᠤᠨ ᠲᠠᠮᠢᠷᠴᠢᠳ ᠬᠠᠷᠢᠯᠴᠠᠨ ᠲᠤᠷᠰᠢᠯᠭ᠎ᠠ ᠪᠠᠨ ᠰᠤᠯᠢᠯᠴᠠᠨ ᠮᠡᠷᠭᠡᠵᠢᠯ᠎ᠦᠨ ᠳᠤᠲᠠᠭᠤᠳᠠᠯ᠎ᠢᠶᠠᠨ ᠨᠥᠬᠥᠪᠦᠷᠢᠯᠡᠵᠦ᠂ ᠣᠷᠣᠨ᠎ᠤ ᠳᠣᠲᠣᠷᠠᠬᠢ ᠲᠣᠣᠷ ᠪᠥᠮᠪᠥᠭᠡ᠎ᠶᠢᠨ ᠤᠷᠤᠯᠳᠤᠭᠠᠨ᠎ᠤ ᠪᠡᠶ᠎ᠡ᠎ᠶᠢᠨ ᠲᠠᠮᠢᠷ᠎ᠤᠨ ᠶᠠᠰᠤ ᠴᠢᠨᠠᠷ᠎ᠢ ᠲᠣᠭᠲᠠᠭᠤᠨ᠎ᠢᠶᠠᠷ ᠳᠡᠭᠡᠭᠰᠢᠯᠡᠭᠦᠯᠬᠦ᠎ᠶᠢ ᠦᠷᠭᠦᠯᠵᠢᠯᠡᠨ ᠠᠬᠢᠭᠤᠯᠵᠤ᠂ ᠪᠥᠬᠥ ᠣᠷᠣᠨ᠎ᠤ ᠤᠷᠤᠯᠳᠤᠭᠠᠨ᠎ᠤ ᠪᠡᠶ᠎ᠡ᠎ᠶᠢᠨ ᠲᠠᠮᠢᠷ᠎ᠤᠨ ᠦᠢᠯᠡᠰ᠎ᠦᠨ ᠲᠣᠭᠲᠠᠭᠤᠨ᠎ᠢᠶᠠᠷ ᠬᠥᠭᠵᠢᠬᠦ᠎ᠶᠢ ᠲᠦᠯᠬᠢᠨ ᠠᠬᠢᠭᠤᠯᠪᠠ᠃