ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠴᠠᠭ ᠠᠭᠤᠷ ᠤ᠋ᠨ ᠲᠤᠪᠴᠢᠶ᠎ᠠ ᠡᠴᠡ ᠤᠢᠯᠠᠭᠠᠭᠰᠠᠨ ᠢ᠋ᠢᠡᠷ᠂ ᠥᠪᠡᠷᠲᠡᠭᠡᠨ ᠵᠠᠰᠠᠬᠤ ᠣᠷᠣᠨ ᠤ᠋ ᠯᠠᠶ᠋ᠢᠰᠧᠷ ᠷᠠᠳᠠᠷ ᠤ᠋ᠨ ᠬᠢᠨᠠᠨ ᠡᠵᠡᠮᠳᠡᠬᠦ᠌ ᠬᠠᠮᠢᠶᠠᠷᠤᠯᠲᠠ ᠢ᠋ᠢᠨ ᠲᠠᠪᠴᠠᠩ ᠤᠢᠷ᠎ᠠ ᠳ᠋ᠤ ᠥᠪᠡᠷᠲᠡᠭᠡᠨ ᠵᠠᠰᠠᠬᠤ ᠣᠷᠣᠨ ᠤ᠋ ᠴᠠᠭ ᠠᠭᠤᠷ ᠤ᠋ᠨ ᠲᠣᠭ᠎ᠠ ᠪᠠᠷᠢᠮᠲᠠ ᠢ᠋ᠢᠨ ᠲᠥᠪ ᠲᠦ᠍ ᠠᠰᠢᠭᠯᠠᠯᠳᠠ ᠳ᠋ᠤ ᠤᠷᠤᠪᠠ᠃ ᠡᠨᠡ ᠨᠢ ᠥᠪᠥᠷ ᠮᠣᠩᠭᠣᠯ ᠤ᠋ᠨ ᠰᠠᠯᠬᠢᠨ ᠤ᠋ ᠪᠠᠢᠳᠠᠯ ᠢ᠋ ᠬᠡᠮᠵᠢᠬᠦ᠌ ᠯᠠᠶ᠋ᠢᠰᠧᠷ ᠷᠠᠳᠠᠷ ᠤ᠋ᠨ ᠲᠥᠬᠥᠭᠡᠷᠦᠮᠵᠢ ᠢ᠋ᠢᠨ ᠪᠦᠯᠦᠭᠵᠢᠯ ᠪᠥᠬᠥ᠌ ᠲᠠᠯᠠᠲᠤ ᠵᠢᠨ᠂ ᠤᠶᠤᠨᠴᠢᠯᠠᠭᠰᠠᠨ᠂ ᠡᠷᠴᠢᠮᠵᠢᠭᠰᠡᠨ ᠠᠵᠢᠯᠯᠠᠭᠤᠯᠵᠤ ᠬᠠᠮᠠᠭᠠᠯᠠᠬᠤ ᠬᠠᠮᠢᠶᠠᠷᠤᠯᠲᠠ ᠢ᠋ᠢᠨ ᠰᠢᠨ᠎ᠡ ᠱᠠᠲᠤᠨ ᠳ᠋ᠤ ᠣᠷᠣᠭᠰᠠᠨ ᠢ᠋ ᠬᠠᠷᠠᠭᠤᠯᠵᠤ ᠪᠠᠢᠨ᠎ᠠ᠃
ᠲᠣᠰ ᠲᠠᠪᠴᠠᠩ ᠨᠢ ᠲᠤᠨᠤᠭ ᠲᠥᠬᠥᠭᠡᠷᠦᠮᠵᠢ ᠢ᠋ᠢ ᠴᠠᠭ ᠲᠤᠬᠠᠶ ᠳ᠋ᠤᠨᠢ ᠬᠢᠨᠠᠨ ᠡᠵᠡᠮᠳᠡᠬᠦ᠌᠂ ᠲᠣᠭ᠎ᠠ ᠪᠠᠷᠢᠮᠲᠠ ᠢ᠋ᠢ ᠭᠦᠨᠵᠡᠭᠡᠶ ᠠᠭᠤᠳᠠᠯᠬᠤ᠂ ᠪᠥᠬᠥ᠌ ᠶᠠᠪᠤᠴᠠ ᠢ᠋ᠢ ᠠᠵᠢᠯᠯᠠᠭᠤᠯᠵᠤ ᠬᠠᠮᠠᠭᠠᠯᠠᠬᠤ ᠵᠡᠷᠭᠡ 3 ᠶᠡᠬᠡ ᠭᠤᠤᠯᠯᠠᠬᠤ ᠴᠢᠳᠠᠪᠤᠷᠢ ᠲᠠᠢ ᠪᠠᠢᠵᠤ᠂ ᠷᠠᠳᠠᠷ ᠲᠠᠢ ᠵᠠᠯᠭᠠᠵᠤ ᠣᠷᠣᠭᠤᠯᠤᠭᠰᠠᠨ ᠪᠣᠶ ᠪᠥᠬᠥᠶ ᠠᠵᠢᠯᠯᠠᠭᠠᠨ ᠤ᠋ ᠪᠠᠶ᠋ᠢᠳᠠᠯ ᠢ᠋ ᠬᠥᠳᠡᠯᠦᠩᠭᠦᠶ ᠪᠡᠷ ᠳᠡᠯᠭᠡᠨ ᠦᠵᠡᠭᠦᠯᠵᠦ᠍᠂ ᠲᠠᠰ ᠬᠤᠪᠢᠶᠠᠬᠤ ᠡᠷᠬᠡ ᠢ᠋ᠢᠨ ᠬᠡᠪᠴᠢᠶ᠎ᠡ ᠪᠡᠷ ᠳᠠᠮᠵᠢᠨ ᠲᠤᠨᠤᠭ ᠲᠥᠬᠥᠭᠡᠷᠦᠮᠵᠢ ᠢ᠋ᠢᠨ ᠠᠵᠢᠯᠯᠠᠭᠠᠨ ᠬᠢᠭᠡᠳ ᠲᠣᠭ᠎ᠠ ᠪᠠᠷᠢᠮᠲᠠ ᠢ᠋ᠢᠨ ᠠᠮᠤᠷ ᠲᠦᠪᠰᠢᠨ ᠢ᠋ ᠪᠠᠲᠤᠯᠠᠬᠤ ᠪᠤᠯᠤᠨ᠎ᠠ᠃ ᠲᠡᠷᠡ ᠮᠦᠷᠳᠡᠬᠡᠨ ᠲᠣᠭ᠎ᠠ ᠪᠠᠷᠢᠮᠲᠠ ᠢ᠋ᠢᠨ ᠬᠡᠷᠡᠭᠯᠡᠭᠡᠨ ᠤ᠋ ᠳᠠᠪᠬᠤᠷᠭ᠎ᠠ ᠳ᠋ᠤ ᠲᠤᠬᠠᠶ ᠢ᠋ᠢᠨ ᠴᠠᠭ ᠪᠤᠯᠤᠨ ᠲᠡᠦᠬᠡ ᠢ᠋ᠢᠨ ᠲᠣᠭ᠎ᠠ ᠪᠠᠷᠢᠮᠲᠠ ᠢ᠋ᠢᠨ ᠬᠤᠤᠰ ᠵᠠᠭᠪᠤᠷ ᠢ᠋ ᠰᠣᠯᠢᠵᠤ ᠲᠡᠢᠯᠬᠦ ᠪᠤᠯᠵᠤ᠂ ᠬᠡᠷᠡᠭᠴᠡᠭᠡ ᠱᠠᠭᠠᠷᠳᠠᠯᠭ᠎ᠠ ᠢ᠋ᠢ ᠦᠨᠳᠦᠰᠦᠯᠡᠨ ᠠᠳᠠᠯᠢ ᠪᠤᠰᠤ ᠲᠣᠭ᠎ᠠ ᠪᠠᠷᠢᠮᠲᠠ ᠤᠯᠬᠤ ᠨᠣᠷᠮ᠎ᠠ᠂ ᠰᠠᠯᠬᠢᠨ ᠤ᠋ ᠥᠲᠥᠯᠢᠭ ᠵᠢᠷᠤᠭ᠂ ᠡᠭᠴᠡ ᠰᠠᠯᠬᠢᠨ ᠤ᠋ ᠲᠠᠯᠠᠪᠤᠷ ᠵᠡᠷᠭᠡ ᠭᠤᠤᠯᠯᠠᠬᠤ ᠦᠢᠯᠡᠳᠬᠦᠨ ᠢ᠋ ᠰᠢᠭᠰᠢᠨ ᠰᠣᠩᠭᠣᠵᠤ᠂ ᠰᠠᠯᠬᠢᠨ ᠤ᠋ ᠬᠡᠮᠵᠢᠯᠲᠠ ᠢ᠋ᠢᠨ ᠲᠣᠭ᠎ᠠ ᠪᠠᠷᠢᠮᠲᠠ ᠢ᠋ᠢᠨ ᠬᠡᠷᠡᠭᠯᠡᠬᠦ᠌ ᠦᠷ᠎ᠡ ᠪᠦᠲᠦᠮᠵᠢ ᠢ᠋ᠢ ᠶᠡᠬᠡ ᠪᠡᠷ ᠳᠡᠭᠡᠭᠰᠢᠯᠡᠭᠦᠯᠪᠠ᠃ ᠣᠳᠣᠬᠠᠨ ᠳ᠋ᠤ ᠲᠤᠰ ᠲᠠᠪᠴᠠᠩ ᠢ᠋ ᠨᠢᠭᠡᠨᠲᠡ ᠥᠪᠥᠷ ᠮᠣᠩᠭᠣᠯ ᠤ᠋ᠨ ᠡᠨᠧᠷᠭᠢ ᠢ᠋ᠢᠨ ᠪᠦᠯᠦᠭᠯᠡᠯ ᠤ᠋ᠨ ᠰᠠᠯᠬᠢᠨ ᠤ᠋ ᠪᠠᠢᠳᠠᠯ ᠢ᠋ ᠬᠡᠮᠵᠢᠬᠦ᠌ ᠯᠠᠶ᠋ᠢᠰᠧᠷ ᠷᠠᠳᠠᠷ ᠤ᠋ᠨ 76 ᠥᠷᠲᠡᠭᠡ ᠴᠡᠭ ᠲᠤ᠌ ᠵᠠᠯᠭᠠᠨ ᠤᠷᠤᠭᠤᠯᠵᠤ᠂ ᠶᠡᠬᠡ ᠬᠡᠪᠴᠢᠶᠡᠨ ᠤ᠋ ᠠᠵᠢᠭᠯᠠᠯᠲᠠ ᠢ᠋ᠢᠨ ᠡᠬᠢ ᠪᠠᠶᠠᠯᠢᠭ ᠢ᠋ ᠨᠢᠭᠡᠳᠦᠯᠲᠡᠶ ᠲᠣᠬᠢᠷᠠᠭᠤᠯᠬᠤ ᠪᠠ ᠲᠥᠪᠯᠡᠷᠡᠭᠦᠯᠦᠨ ᠬᠠᠮᠢᠶᠠᠷᠬᠤ ᠢ᠋ᠢ ᠪᠡᠶᠡᠯᠡᠭᠦᠯᠵᠠᠢ᠃
ᠳᠤᠮᠳᠠᠳᠤ ᠤᠯᠤᠰ ᠤ᠋ᠨ ᠴᠠᠭ ᠠᠭᠤᠷ ᠤ᠋ᠨ ᠲᠣᠪᠴᠢᠶ᠎ᠠ ᠵᠢᠨ 《ᠡᠨᠧᠷᠭᠢ ᠢ᠋ᠢᠨ ᠴᠠᠭ ᠠᠭᠤᠷ ᠤ᠋ᠨ ᠦᠢᠯᠡᠴᠢᠯᠡᠭᠡᠨ ᠤ᠋ ᠠᠵᠢᠯᠯᠠᠭᠠᠨ ᠤ᠋ ᠲᠥᠯᠥᠪᠯᠡᠭᠡ(2024 — 2027 ᠣᠨ)》 ᠢ᠋ᠢᠨ ᠴᠢᠬᠤᠯᠠ ᠦᠢᠯᠡᠳᠦᠯᠭᠡ ᠪᠣᠯᠤᠭᠰᠠᠨ ᠤ᠋ ᠬᠤᠪᠢ ᠳ᠋ᠤ᠂ ᠲᠣᠰ ᠲᠠᠪᠴᠠᠩ ᠨᠢ ᠡᠨᠧᠷᠭᠢ ᠢ᠋ᠢᠨ ᠴᠠᠭ ᠠᠭᠤᠷ ᠤ᠋ᠨ ᠲᠣᠭ᠎ᠠ ᠪᠠᠷᠢᠮᠲᠠ ᠢ᠋ᠢ ᠵᠢᠷᠤᠮᠵᠢᠭᠤᠯᠵᠤ ᠡᠮᠬᠢᠳᠬᠡᠨ ᠰᠣᠯᠢᠯᠴᠠᠬᠤ᠂ ᠶᠠᠰᠤ ᠴᠢᠨᠠᠷ ᠢ᠋ ᠨᠢᠭᠡᠳᠦᠯᠲᠡᠶ ᠡᠵᠡᠮᠳᠡᠬᠦ᠌ ᠪᠠ ᠬᠦᠷᠢᠶ᠎ᠡ ᠠᠯᠤᠰᠯᠠᠨ ᠬᠠᠮᠲᠤ ᠪᠡᠷ ᠡᠳ᠋ᠯᠡᠬᠦ᠌ ᠢ᠋ᠢ ᠠᠬᠢᠭᠤᠯᠤᠨ᠂ ᠡᠨᠧᠷᠭᠢ ᠢ᠋ᠢᠨ ᠴᠠᠭ ᠠᠭᠤᠷ ᠢ᠋ ᠠᠵᠢᠭᠯᠠᠨ ᠬᠡᠮᠵᠢᠬᠦ᠌ ᠲᠥᠬᠥᠭᠡᠷᠦᠮᠵᠢ ᠬᠢᠭᠡᠳ ᠥᠷᠲᠡᠭᠡ ᠴᠡᠭ ᠤ᠋ᠨ ᠪᠥᠲᠥᠭᠡᠨ ᠪᠠᠶ᠋ᠢᠭᠤᠯᠤᠯᠲᠠ ᠢ᠋ᠢ ᠴᠠᠭ ᠠᠭᠤᠷ ᠤ᠋ᠨ ᠠᠵᠢᠯ ᠲᠥᠷᠥᠯ ᠤ᠋ᠨ ᠬᠢᠨᠠᠯᠲᠠ ᠬᠠᠮᠢᠶᠠᠷᠤᠯᠲᠠ ᠳ᠋ᠤ ᠣᠷᠣᠭᠤᠯᠬᠤ ᠢ᠋ᠢ ᠠᠬᠢᠭᠤᠯᠵᠤ᠂ ᠡᠨᠧᠷᠭᠢ ᠢ᠋ᠢᠨ ᠠᠵᠤ ᠦᠢᠯᠡᠰ ᠤ᠋ᠨ ᠠᠮᠤᠷ ᠲᠦᠪᠰᠢᠨ ᠴᠢᠨᠠᠷ ᠰᠠᠶ᠋ᠢᠲᠠᠶ ᠬᠥᠭᠵᠢᠯᠲᠡ ᠳ᠋ᠤ ᠴᠠᠭ ᠠᠭᠤᠷ ᠤ᠋ᠨ ᠬᠥᠳᠡᠯᠭᠡᠬᠦ᠌ ᠬᠦᠴᠦᠨ ᠨᠡᠮᠡᠷᠢᠯᠡᠪᠡ᠃