ᠥᠪᠥᠷ ᠮᠣᠩᠭᠣᠯ ᠵᠠᠷ ᠮᠡᠳᠡᠭᠡᠨ ᠤ᠋ ᠬᠡᠯᠡᠯᠭᠡ ᠶ᠋ᠢᠨ ᠵᠢᠷᠤᠮᠵᠢᠯ ᠥᠬᠡᠶ ᠠᠰᠠᠭᠤᠳᠠᠯ ᠢ᠋ ᠣᠨᠣᠴᠠᠲᠠᠢ ᠴᠡᠭᠴᠡᠯᠡᠨ ᠵᠠᠰᠠᠵᠤ ᠪᠣᠶ
2026-08-18 10:52:58
ᠵᠣᠬᠢᠶᠠᠭ᠍ᠴᠢ᠄
ᠤᠷᠠᠨ᠎ᠠ
ᠣᠩᠱᠢᠭ᠍ᠰᠠᠨ ᠣᠳᠠᠭ᠎ᠠ᠄
★★★☆☆

ᠡᠨᠡ ᠵᠢᠯ ᠡᠴᠡ ᠨᠠᠭᠠᠰᠢ ᠦᠪᠡᠷᠳᠡᠭᠡᠨ ᠵᠠᠰᠠᠬᠤ ᠤᠷᠤᠨ᠎ᠤ ᠵᠠᠬ᠎ᠠ ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠶ᠋ᠢᠨ ᠰᠠᠯᠠᠭ᠎ᠠ ᠮᠥᠴᠢᠷ᠎ᠤᠨ ᠬᠢᠨ ᠵᠠᠷ ᠮᠡᠳᠡᠭᠡ ᠶ᠋ᠢᠨ ᠠᠨᠭᠬᠠᠷᠤᠭᠤᠯᠬᠤ ᠴᠢᠨᠠᠷᠲᠠᠶ ᠬᠡᠯᠡ ᠬᠡᠯᠡᠯᠭᠡ ᠶ᠋ᠢᠨ ᠵᠢᠷᠤᠮᠵᠢᠯ ᠥᠬᠡᠶ ᠪᠠᠶ᠋ᠢᠬᠤ ᠠᠰᠠᠭᠤᠳᠠᠯ ᠳ᠋ᠤ ᠠᠩᠬᠠᠷᠤᠯ ᠢ᠋ᠶ᠋ᠡᠨ ᠲᠥᠪᠯᠡᠷᠡᠭᠦᠯᠵᠦ᠍᠂ ᠬᠠᠨᠳᠤᠯᠭᠠᠲᠤ᠌ ᠴᠡᠭᠴᠡᠯᠡᠨ ᠵᠠᠰᠠᠯᠲᠠ ᠵᠢ ᠥᠷᠨᠢᠭᠦᠯᠵᠦ᠍᠂ ᠬᠡᠷᠡᠭᠯᠡᠭᠴᠢᠳ ᠤ᠋ᠨ ᠬᠠᠤᠯᠢ ᠶᠣᠰᠣᠨ ᠤ᠋ ᠡᠷᠬᠡ ᠠᠰᠢᠭ ᠢ᠋ ᠪᠥᠬᠥ᠌ ᠬᠦᠴᠦᠨ ᠢ᠋ᠶ᠋ᠡᠷ ᠢ᠋ᠶ᠋ᠡᠨ ᠬᠠᠮᠠᠭᠠᠯᠠᠵᠤ ᠪᠤᠢ᠃

ᠴᠡᠭᠴᠡᠯᠡᠨ ᠵᠠᠰᠠᠬᠤ ᠠᠵᠢᠯ ᠢ᠋ ᠠᠬᠢᠭᠤᠯᠬᠤ ᠠᠬᠢᠴᠠ᠎ᠳᠤ᠂ ᠵᠠᠬ᠎ᠠ ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠶ᠋ᠢᠨ ᠰᠠᠯᠠᠭ᠎ᠠ ᠮᠥᠴᠢᠷ ᠡᠴᠡ 《ᠵᠠᠷ ᠮᠡᠳᠡᠭᠡ ᠶ᠋ᠢᠨ ᠡᠰᠢᠯᠡᠬᠦ ᠠᠭᠤᠯᠭ᠎ᠠ ᠶ᠋ᠢᠨ ᠬᠠᠤᠯᠢ ᠬᠡᠷᠡᠭᠵᠢᠭᠦᠯᠬᠦ᠌ ᠵᠦᠭᠯᠡᠭᠦᠷ》 ᠤ᠋ᠨ ᠬᠠᠮᠢᠶ᠎ᠠ ᠪᠥᠬᠥᠶ ᠵᠢᠷᠤᠮᠵᠢᠯ ᠢ᠋ ᠬᠠᠤᠯᠢ ᠬᠡᠷᠡᠭᠵᠢᠭᠦᠯᠬᠦ᠌ ᠪᠥᠬᠥ᠌ ᠶᠠᠪᠤᠴᠠ ᠳ᠋ᠤ ᠨᠠᠶ᠋ᠢᠳᠠᠪᠤᠷᠢᠵᠢᠭᠤᠯᠵᠤ᠂ ᠰᠦᠯᠵᠢᠶᠡᠨ ᠳᠡᠭᠡᠷ᠎ᠡ ᠪᠠ ᠪᠤᠳᠠᠲᠤ ᠲᠠᠯᠠᠪᠤᠷ ᠲᠦ᠍ ᠵᠠᠷ ᠮᠡᠳᠡᠭᠡ ᠶ᠋ᠢᠨ ᠬᠠᠤᠯᠢ ᠡᠴᠡ ᠵᠥᠷᠢᠴᠡᠭᠰᠡᠨ ᠰᠦᠪᠡᠭᠴᠢ ᠵᠢ ᠪᠠᠢᠴᠠᠭᠠᠨ ᠵᠢᠭᠰᠠᠭᠠᠵᠤ᠂ ᠭᠤᠤᠯᠳᠠᠯᠭ᠎ᠠ ᠲᠠᠢ ᠬᠢᠨᠠᠨ ᠪᠠᠢᠴᠠᠭᠠᠬᠤ ᠵᠠᠩᠭᠢᠯᠠᠭ᠎ᠠ ᠶ᠋ᠢᠨ ᠦᠭᠡ ᠵᠢ ᠬᠤᠪᠢᠶᠠᠷᠢᠯᠠᠨ ᠲᠣᠭᠲᠠᠭᠠᠵᠤ᠂ ᠵᠠᠷ ᠮᠡᠳᠡᠭᠡ ᠶ᠋ᠢᠨ ᠲᠦᠭᠰᠢᠭᠦᠷᠢ ᠵᠢ ᠤᠨᠤᠴᠠᠲᠠᠢ ᠪᠠᠷ ᠡᠵᠡᠮᠳᠡᠬᠦ᠌ ᠵᠢ ᠪᠡᠶᠡᠯᠡᠭᠦᠯᠪᠡ᠃ ᠣᠳᠣᠬᠠᠨ ᠪᠣᠯᠲᠠᠯ᠎ᠠ᠂ ᠥᠪᠥᠷ ᠮᠣᠩᠭᠣᠯ ᠨᠡᠶ᠋ᠢᠲᠡ 170.7 ᠲᠦᠮᠡᠨ ᠵᠤᠷᠪᠤᠰ ᠵᠠᠷ ᠮᠡᠳᠡᠭᠡ ᠶ᠋ᠢᠨ ᠬᠢᠨᠠᠨ ᠪᠠᠢᠴᠠᠭᠠᠯᠲᠠ ᠵᠢ ᠪᠡᠶᠡᠯᠡᠭᠦᠯᠵᠦ᠍᠂ 2802 ᠡᠵᠡᠩᠨᠡᠯᠲᠡ ᠶ᠋ᠢᠨ ᠭᠤᠤᠯ ᠴᠣᠭᠴᠠ ᠵᠢ ᠲᠤᠬᠠᠶ ᠶ᠋ᠢᠨ ᠭᠠᠵᠠᠷ ᠲᠤᠨᠢ ᠲᠣᠭᠣᠷᠢᠨ ᠪᠠᠶ᠋ᠢᠴᠠᠭᠠᠵᠤ᠂ ᠳᠤᠤᠷᠠᠳᠤ ᠱᠠᠲᠤᠨ ᠤ᠋ ᠠᠶ᠋ᠢᠮᠠᠭ ᠬᠣᠲᠠ ᠳ᠋ᠤ ᠬᠠᠤᠯᠢ ᠲᠣᠭᠲᠠᠭᠠᠯ ᠡᠴᠡ ᠵᠥᠷᠢᠴᠡᠭᠰᠡᠨ ᠵᠠᠷ ᠮᠡᠳᠡᠭᠡ ᠶ᠋ᠢᠨ ᠰᠦᠪᠡᠭᠴᠢ ᠵᠢ 33 ᠵᠤᠷᠪᠤᠰ ᠲᠤᠰᠢᠶᠠᠨ ᠰᠢᠢᠳᠪᠦᠷᠢᠯᠡᠭᠦᠯᠪᠡ᠃

ᠵᠠᠬ᠎ᠠ ᠳᠡᠯᠭᠡᠭᠦᠷ ᠳᠡᠭᠡᠷᠡᠬᠢ ᠤᠬᠠᠭᠤᠯᠭ᠎ᠠ ᠶ᠋ᠢᠨ ᠬᠡᠯᠡ ᠬᠡᠯᠡᠯᠭᠡ ᠵᠢ ᠳᠤᠷ᠎ᠠ ᠪᠡᠷ ᠢ᠋ᠶ᠋ᠡᠨ ᠬᠡᠷᠡᠭᠯᠡᠬᠦ᠌ ᠵᠡᠷᠭᠡ ᠠᠰᠠᠭᠤᠳᠠᠯ ᠳ᠋ᠤ ᠴᠢᠭᠯᠡᠭᠦᠯᠦᠨ᠂ ᠬᠠᠤᠯᠢ ᠬᠡᠷᠡᠭᠵᠢᠭᠦᠯᠬᠦ᠌ ᠰᠠᠯᠠᠭ᠎ᠠ ᠮᠥᠴᠢᠷ ᠬᠠᠤᠯᠢ ᠴᠠᠭᠠᠵᠠ ᠲᠦᠷᠢᠮ ᠲᠣᠭᠲᠠᠭᠠᠯ ᠢ᠋ ᠴᠢᠩᠭ᠎ᠠ ᠵᠢᠷᠤᠮᠯᠠᠨ ᠲᠠᠰᠤᠯᠤᠯᠲᠠ ᠬᠢᠵᠦ᠍ ᠰᠢᠢᠳᠪᠦᠷᠢᠯᠡᠨ᠂ ᠬᠠᠤᠯᠢ ᠡᠴᠡ ᠵᠥᠷᠢᠴᠡᠭᠰᠡᠨ ᠵᠠᠷ ᠮᠡᠳᠡᠭᠡ ᠶ᠋ᠢᠨ ᠬᠡᠷᠡᠭ ᠢ᠋ ᠨᠡᠶ᠋ᠢᠲᠡ 17 ᠪᠠᠶ᠋ᠢᠴᠠᠭᠠᠨ ᠰᠢᠢᠳᠪᠦᠷᠢᠯᠡᠵᠦ᠂ ᠬᠠᠮᠢᠶ᠎ᠠ ᠪᠥᠬᠥᠶ ᠡᠵᠡᠩᠨᠡᠯᠲᠡ ᠶ᠋ᠢᠨ ᠭᠤᠤᠯ ᠴᠣᠭᠴᠠ ᠵᠢ 24 ᠡᠷᠦᠬᠡ ᠤᠳᠠᠭ᠎ᠠ ᠴᠡᠭᠴᠡᠯᠡᠨ ᠰᠠᠶ᠋ᠢᠵᠢᠷᠠᠭᠤᠯᠪᠠ᠃ ᠡᠭᠦᠨ ᠤ᠋ ᠬᠠᠮᠲᠤ᠌᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠬ᠎ᠠ ᠳᠡᠯᠭᠡᠭᠦᠷ ᠤ᠋ᠨ ᠬᠢᠨᠠᠯᠲᠠ ᠬᠠᠮᠢᠶᠠᠷᠤᠯᠲᠠ ᠶ᠋ᠢᠨ ᠲᠣᠪᠴᠢᠶ᠎ᠠ ᠶ᠋ᠢᠨ ᠬᠢᠨ 《ᠵᠠᠷ ᠮᠡᠳᠡᠭᠡ ᠶ᠋ᠢᠨ ᠲᠣᠭᠲᠠᠭᠠᠯ ᠳ᠋ᠤ ᠨᠡᠶ᠋ᠢᠴᠡᠬᠦᠯᠬᠦ ᠰᠠᠨᠠᠭᠤᠯᠤᠮᠵᠢ ᠶ᠋ᠢᠨ ᠭᠠᠷ ᠳᠡᠪᠲᠡᠷ》 ᠢ᠋ ᠨᠠᠶ᠋ᠢᠷᠠᠭᠤᠯᠤᠨ ᠳᠠᠷᠤᠮᠠᠯᠯᠠᠨ ᠲᠠᠷᠬᠠᠭᠠᠵᠤ᠂ ᠡᠯ᠎ᠡ ᠠᠶ᠋ᠢᠮᠠᠭ ᠬᠣᠲᠠ ᠵᠢ ᠵᠢᠯᠣᠭᠣᠳᠤᠨ ᠬᠡᠷᠡᠭᠯᠡᠭᠡᠨ ᠤ᠋ ᠰᠡᠷᠡᠮᠵᠢᠯᠡᠭᠦᠯᠦᠯ᠂ ᠡᠵᠡᠩᠨᠡᠯᠲᠡ ᠶ᠋ᠢᠨ ᠲᠣᠭᠲᠠᠭᠠᠯ ᠳ᠋ᠤ ᠨᠡᠶ᠋ᠢᠴᠡᠬᠦᠯᠬᠦ ᠵᠢᠯᠣᠭᠣᠳᠤᠮᠵᠢ ᠵᠢ ᠨᠡᠢᠲᠡᠯᠡᠵᠦ᠂ ᠬᠤᠳᠠᠯᠳᠤᠭᠠᠨ ᠤ᠋ ᠡᠷᠦᠬᠡ᠎ᠳᠦ ᠬᠠᠨᠳᠤᠭᠤᠯᠤᠨ ᠵᠠᠰᠠᠭ ᠵᠠᠬᠢᠷᠭᠠᠨ ᠤ᠋ ᠵᠢᠯᠣᠭᠣᠳᠣᠯᠭ᠎ᠠ ᠵᠢ ᠨᠡᠶ᠋ᠢᠲᠡ 278 ᠤᠳᠠᠭ᠎ᠠ ᠦᠷᠨᠢᠭᠦᠯᠦᠨ᠂ ᠬᠠᠤᠯᠢ ᠲᠦᠭᠡᠮᠡᠯᠵᠢᠭᠦᠯᠬᠦ᠌ ᠤᠬᠠᠭᠤᠯᠭ᠎ᠠ ᠵᠢ ᠨᠡᠶ᠋ᠢᠲᠡ 718 ᠤᠳᠠᠭ᠎ᠠ ᠥᠷᠨᠢᠭᠦᠯᠵᠦ᠍᠂ ᠡᠵᠡᠩᠨᠡᠯᠲᠡ ᠶ᠋ᠢᠨ ᠭᠤᠤᠯ ᠴᠣᠭᠴᠠ ᠵᠢ ᠰᠠᠨᠠᠭᠠᠴᠢᠯᠠᠭ᠎ᠠ ᠡᠴᠡ ᠪᠠᠨ ᠬᠠᠪᠰᠤᠷᠤᠨ ᠬᠠᠤᠯᠢ ᠲᠣᠭᠲᠠᠭᠠᠯ ᠡᠴᠡ ᠵᠥᠷᠢᠴᠡᠭᠰᠡᠨ ᠲᠦᠭᠰᠢᠭᠦᠷᠢ ᠵᠢ ᠡᠬᠢ ᠡᠭᠦᠰᠦᠯ ᠡᠴᠡ ᠨᠢ ᠰᠡᠷᠭᠡᠶ᠋ᠢᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号