ᠬᠠᠮᠠᠭᠠᠯᠠᠯᠲᠠ ᠳ᠋ᠤ ᠬᠠᠮᠳᠤᠷᠠᠯ ᠬᠦᠴᠦᠨ ᠴᠢᠬᠤᠯᠠᠳᠠᠢ
2026-08-03 12:09:02
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠠᠮᠢ ᠠᠬᠤᠢ ᠎ᠵᠢ ᠬᠠᠮᠠᠭᠠᠯᠠᠬᠤ ᠳᠦᠷᠢᠮ ᠤ᠋ᠨ ᠭᠡᠷᠡᠭᠵᠢᠬᠦᠯᠤᠯᠳᠠ ᠵᠢᠴᠢ ᠤᠯᠠᠨ ᠲᠦᠮᠡᠨ᠎ᠤ ᠤᠬᠠᠮᠰᠠᠷᠳᠤ ᠠᠵᠢᠯᠯᠠᠭ᠎ᠠ ᠵᠢ ᠴᠢᠡᠭᠭᠠᠳᠬᠠᠨ᠎ᠠ


ᠣᠢᠷ᠎ᠠ ᠳ᠋ᠤ᠌᠂ ᠦᠪᠦᠷ ᠮᠤᠩᠭᠤᠯ 2026 ᠣᠨ ᠤ᠋ 2 ᠳ᠋ᠤᠭᠠᠷ ᠳᠤᠭᠠᠳᠤ ᠣᠢ ᠰᠢᠭᠤᠢ ᠵᠢᠨ ᠶᠡᠷᠦᠩᠬᠡᠢ ᠳᠠᠷᠤᠭ᠎ᠠ ᠵᠢᠨ ᠵᠠᠷᠯᠢᠭ 《ᠰᠢᠪᠠᠭᠤᠨ ᠤ᠋ ᠲᠦᠷᠦᠯ ᠵᠡᠷᠭᠡ ᠬᠡᠭᠡᠷ᠎ᠡ ᠵᠢᠨ ᠠᠮᠢᠳᠠᠨ ᠤᠷᠭᠤᠮᠠᠯ ᠢ᠋ ᠬᠠᠮᠠᠭᠠᠯᠠᠬᠤ ᠠᠵᠢᠯ ᠢ᠋ ᠪᠦᠬᠦ ᠳᠠᠯ᠎ᠠ ᠪᠡᠷ ᠴᠢᠩᠭᠠᠳᠬᠠᠬᠤ ᠳᠤᠬᠠᠢ ᠵᠡᠷᠯᠢᠬ》 ᠢ᠋ ᠨᠡᠢᠲᠡᠯᠡᠵᠦ᠂ ᠬᠠᠷᠢᠭᠤᠴᠠᠯᠭ᠎ᠠ ᠵᠢ ᠨᠠᠢᠳᠠᠪᠤᠷᠢᠵᠢᠭᠤᠯᠵᠤ ᠂ ᠭᠡᠭᠡᠷ᠎ᠡ ᠵᠢᠨ ᠠᠮᠢᠲᠠᠨ ᠤᠷᠭᠤᠮᠠᠯ ᠢ᠋ ᠬᠠᠮᠠᠭᠠᠯᠠᠵᠤ ᠬᠠᠮᠢᠶᠠᠷᠬᠤ ᠠᠵᠢᠯ ᠢ᠋ ᠪᠠᠢᠷᠢᠯᠠᠭᠤᠯᠵᠤ᠂ ᠤᠮᠠᠷᠠᠲᠤ ᠵᠢᠨ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠵᠢ ᠬᠠᠮᠠᠭᠠᠯᠠᠬᠤ ᠳ᠋ᠤ᠌ ᠵᠠᠪᠠᠯ ᠭᠦᠢᠴᠡᠳᠬᠡᠬᠦ ᠬᠠᠲᠠᠭᠤ ᠴᠢᠩᠭ᠎ᠠ ᠶᠣᠰᠣ ᠳᠦᠷᠢᠮ ᠢ᠋ ᠲᠣᠭᠲᠠᠭᠠᠵᠤ᠂ ᠪᠦᠬᠦ ᠣᠷᠣᠨ ᠪᠦᠰᠡ ᠵᠢᠨ ᠠᠮᠢᠳᠤ ᠪᠣᠳᠠᠰ ᠤ᠋ᠨ ᠣᠯᠠᠨ ᠶᠠᠩᠵᠤᠲᠤ ᠴᠢᠨᠠᠷ ᠢ᠋ ᠬᠠᠮᠠᠭᠠᠯᠠᠬᠤ ᠡᠷᠴᠢ ᠵᠣᠷᠢᠭ ᠢ᠋ ᠬᠦᠪᠴᠢᠯᠡᠵᠡᠢ᠃

ᠥᠪᠥᠷ ᠮᠣᠩᠭᠣᠯ ᠪᠣᠯ ᠨᠡᠭᠦᠳᠡᠯ ᠤ᠋ᠨ ᠰᠢᠪᠠᠭᠤ ᠵᠢᠨ ᠨᠡᠭᠦᠳᠡᠯᠯᠡᠬᠦ ᠵᠠᠩᠭᠢᠯᠠᠭ᠎ᠠ ᠵᠢᠨ ᠵᠠᠮ ᠱᠤᠭᠤᠮ ᠪᠤᠯᠤᠨ᠎ᠠ᠂ ᠦᠪᠦᠷ ᠮᠤᠩᠭᠤᠯ ᠤ᠋ᠨ ᠲᠠᠯ᠎ᠠ ᠨᠤᠲᠤᠭ ᠨᠤᠭᠤ ᠭᠠᠵᠠᠷ ᠨᠢ ᠲᠦᠮᠡ ᠮᠢᠩᠭᠠᠨ ᠠᠮᠢᠳᠤ ᠪᠣᠳᠠᠰ ᠢ᠋ ᠠᠴᠢᠶᠠᠯᠠᠵᠤ ᠪᠤᠢ᠃ ᠳᠤᠰ ᠤᠳᠠᠭ᠎ᠠ ᠵᠢᠨ ᠣᠢ ᠰᠢᠭᠤᠢ ᠵᠢᠨ ᠶᠡᠷᠦᠩᠬᠡᠢ ᠳᠠᠷᠤᠭ᠎ᠠ ᠵᠢᠨ ᠵᠠᠷᠯᠢᠭ ᠲᠦ᠍ ᠬᠠᠮᠠᠭᠠᠯᠠᠯᠲᠠ ᠵᠢ ᠠᠵᠢᠯ ᠤ᠋ᠨ ᠠᠮᠵᠢᠯᠲᠠ ᠪᠦᠲᠦᠮᠵᠢ ᠵᠢᠨ ᠬᠢᠨᠠᠨ ᠰᠢᠯᠭᠠᠯᠲᠠ ᠳ᠋ᠤ᠌ ᠣᠷᠣᠭᠤᠯᠵᠤ᠂ ᠣᠢ ᠰᠢᠭᠤᠢ ᠵᠢᠨ ᠳᠠᠷᠤᠭ᠎ᠠ ᠨᠢᠭᠡᠳᠦᠭᠡᠷ ᠬᠠᠷᠢᠭᠤᠴᠠᠯᠭ᠎ᠠ ᠵᠢ ᠡᠭᠦᠷᠭᠡᠯᠡᠵᠤ᠂ ᠲᠣᠭᠲᠠᠭᠰᠠᠨ ᠬᠥᠮᠦᠨ ᠲᠣᠭᠲᠠᠭᠰᠠᠨ ᠬᠠᠷᠢᠭᠤᠴᠠᠯᠭ᠎ᠠ ᠪᠦᠬᠦᠢ ᠲᠣᠤᠷᠵᠢᠭᠤᠯᠤᠭᠰᠠᠨ ᠲᠣᠭᠣᠷᠢᠨ ᠬᠠᠮᠠᠭᠠᠯᠠᠬᠤ ᠰᠢᠰᠲ᠋ᠧᠮ ᠢ᠋ ᠪᠠᠢᠭᠤᠯᠵᠤ᠂ ᠨᠡᠭᠦᠳᠡᠯ ᠤ᠋ᠨ ᠰᠢᠪᠠᠭᠤ ᠵᠢᠨ ᠠᠮᠠᠷᠠᠵᠤ ᠦᠷᠡᠵᠢᠬᠦ ᠭᠠᠵᠠᠷ᠂ ᠨᠡᠭᠦᠳᠡᠯᠯᠡᠬᠦ ᠵᠠᠮ ᠱᠤᠭᠤᠮ ᠢ᠋ ᠴᠢᠩᠭ᠎ᠠ ᠠᠩᠬᠠᠷᠬᠤ ᠨᠢᠭᠡᠳᠦᠭᠡᠷ ᠹᠷᠣᠨᠲ ᠤ᠋ᠨ ᠰᠡᠷᠭᠡᠢᠯᠡᠯᠲᠡ ᠵᠢᠨ ᠱᠤᠭᠤᠮ ᠢ᠋ ᠪᠠᠲᠤ ᠴᠣᠭᠴᠠᠯᠠᠪᠠ᠃ ᠡᠭᠦᠨ ᠤ᠋ ᠰᠠᠭᠤᠷᠢᠨ ᠳ᠋ᠤ ᠦᠪᠦᠷ ᠮᠤᠩᠭᠤᠯ ᠪᠠᠢᠩᠭᠤᠵᠢᠭᠤᠯᠤᠭᠰᠠᠨ ᠲᠤᠰᠬᠠᠢ ᠠᠵᠢᠯᠯᠠᠭ᠎ᠠ ᠵᠢ ᠦᠷᠨᠢᠭᠦᠯᠵᠤ᠂ ᠬᠤᠯᠠᠭᠠᠢᠯᠠᠨ ᠠᠩᠨᠠᠬᠤ ᠳᠠᠯᠳᠠ ᠭᠡᠮ ᠢ᠋ ᠠᠷᠢᠯᠭᠠᠬᠤ ᠵᠢᠨ ᠬᠠᠮᠳᠤ ᠨᠤᠭᠤ ᠭᠠᠵᠠᠷ ᠨᠤᠲᠤᠭ ᠪᠡᠯᠴᠢᠭᠡᠷ ᠤ᠋ᠨ ᠠᠮᠢ ᠠᠬᠤᠢ ᠵᠢ ᠰᠡᠷᠭᠦᠭᠡᠬᠦ ᠵᠢ ᠠᠬᠢᠭᠤᠯᠵᠤ ᠂ ᠬᠡᠭᠡᠷ᠎ᠡ ᠵᠢᠨ ᠠᠮᠢᠲᠠᠨ ᠵᠢᠭᠦᠷᠳᠡᠨ ᠤ᠋ ᠣᠷᠣᠰᠢᠨ ᠠᠮᠢᠳᠤᠷᠠᠬᠤ ᠣᠷᠴᠢᠨ ᠲᠣᠭᠣᠷᠢᠨ ᠢ᠋ ᠡᠬᠢ ᠡᠭᠦᠰᠦᠯ ᠡᠴᠡ ᠨᠢ ᠰᠠᠢᠵᠢᠷᠠᠭᠤᠯᠬᠤ ᠵᠢ ᠴᠢᠬᠤᠯᠠᠴᠢᠯᠠᠵᠠᠢ᠃

ᠬᠠᠮᠠᠭᠠᠯᠠᠯᠲᠠ ᠵᠢ ᠰᠠᠢᠳᠤᠷ ᠬᠢᠭᠦ᠎ᠳᠤ ᠬᠠᠮᠳᠤᠷᠠᠯ ᠬᠦᠴᠦᠨ ᠴᠢᠬᠤᠯᠠᠳᠠᠢ᠃ ᠦᠪᠦᠷ ᠮᠤᠩᠭᠤᠯ ᠤ᠋ᠨ ᠡᠯ᠎ᠡ ᠭᠠᠵᠠᠷ ᠤ᠋ᠨ ᠬᠢᠨ ᠬᠠᠤᠯᠢ ᠬᠡᠷᠡᠭᠵᠢᠭᠦᠯᠬᠦ ᠬᠡᠯᠬᠢᠶ᠎ᠠ ᠵᠢ ᠤᠷᠳᠤᠳᠬᠠᠵᠤ᠂ ᠬᠠᠤᠯᠢ ᠪᠤᠰᠤ ᠠᠷᠠᠯᠵᠢᠶ᠎ᠠ ᠵᠢ ᠴᠢᠩᠭ᠎ᠠ ᠴᠠᠭᠠᠵᠠᠯᠠᠵᠤ᠂ ᠵᠠᠰᠠᠭ ᠵᠠᠬᠢᠷᠭᠠᠨ ᠤ᠋ ᠬᠠᠤᠯᠢ ᠬᠡᠷᠡᠭᠵᠢᠭᠦᠯᠦᠯᠲᠡ ᠪᠠ ᠡᠷᠡᠭᠦᠦ ᠵᠢᠨ ᠬᠡᠷᠡᠭ ᠤ᠋ᠨ ᠬᠠᠤᠯᠢ ᠴᠠᠭᠠᠵᠠ ᠵᠢᠨ ᠬᠣᠯᠪᠣᠭᠠᠯᠠᠨ ᠬᠥᠳᠡᠯᠦᠯᠴᠡᠬᠦ ᠵᠢ ᠠᠬᠢᠭᠤᠯᠵᠤ ᠂ ᠬᠡᠭᠡᠷ᠎ᠡ ᠵᠢᠨ ᠠᠮᠢᠲᠠᠨ ᠵᠢᠭᠦᠷᠳᠡᠨ ᠢ᠋ ᠬᠠᠮᠠᠭᠠᠯᠠᠵᠤ ᠬᠠᠮᠢᠶᠠᠷᠬᠤ ᠬᠠᠤᠯᠢ ᠲᠦᠷᠢᠮ ᠤ᠋ᠨ ᠴᠢᠩᠭ᠎ᠠ ᠬᠦᠯᠢᠶᠡᠰᠦᠯᠡᠯ ᠪᠦᠬᠦᠢ ᠬᠠᠮᠳᠤ ᠵᠢᠨ ᠪᠡᠬᠢᠯᠡᠯᠳᠡ ᠵᠢ ᠪᠤᠢ ᠪᠤᠯᠭᠠᠪᠠ᠃ ᠡᠭᠦᠨ ᠤ᠋ ᠬᠠᠮᠲᠤ ᠬᠥᠲᠥᠯᠦᠨ ᠵᠢᠯᠣᠭᠣᠳᠬᠤ ᠵᠢ ᠴᠢᠬᠤᠯᠠᠴᠢᠯᠠᠵᠤ᠂ ᠪᠣᠯᠪᠠᠰᠤᠨ ᠵᠢᠠᠷ ᠰᠢᠪᠠᠭᠤ ᠰᠣᠨᠢᠷᠬᠠᠵᠤ ᠰᠢᠪᠠᠭᠤ ᠰᠡᠭᠦᠳᠡᠷᠯᠡᠬᠦ ᠵᠢ ᠰᠠᠨᠠᠭᠠᠴᠢᠯᠠᠨ᠂ ᠣᠯᠠᠨ ᠲᠦᠮᠡᠨ ᠤ᠋ ᠢᠯᠡᠴᠢᠯᠡᠨ ᠮᠡᠳᠡᠭᠦᠯᠬᠦ ᠠᠷᠭ᠎ᠠ ᠵᠠᠮ ᠢ᠋ ᠰᠢᠯᠤᠭᠤᠳᠬᠠᠵᠤ᠂ ᠰᠠᠢᠨ ᠳᠤᠷ᠎ᠠ ᠵᠢᠨ ᠠᠵᠢᠯᠯᠠᠭᠰᠠᠳ ᠵᠢᠴᠢ ᠨᠡᠢᠭᠡᠮ ᠤ᠋ᠨ ᠬᠦᠴᠦᠨ ᠢ᠋ ᠳᠠᠢᠴᠢᠯᠠᠨ ᠬᠢᠨᠠᠯᠲᠠ ᠲᠠᠯᠪᠢᠬᠤ ᠳ᠋ᠤ᠌ ᠣᠷᠣᠯᠴᠠᠭᠤᠯᠵᠤ᠂ ᠪᠦᠬᠦ ᠠᠷᠠᠳ ᠤ᠋ᠨ ᠣᠷᠣᠰᠢᠨ ᠠᠮᠢᠳᠤᠷᠠᠬᠤ ᠬᠠᠮᠲᠤ ᠵᠢᠨ ᠲᠠᠨᠢᠯᠲᠠ ᠵᠢ ᠨᠢᠭᠲᠠᠷᠠᠭᠤᠯᠵᠦ ᠪᠤᠢ᠃

ᠬᠡᠭᠡᠷ᠎ᠡ ᠵᠢᠨ ᠠᠮᠢᠳᠠᠨ ᠤᠷᠭᠤᠮᠠᠯ ᠪᠤᠯ ᠡᠭᠡ ᠪᠠᠢᠭᠠᠯᠢ ᠵᠢᠨ ᠠᠮᠢᠳᠤ ᠪᠤᠳᠠᠰ ᠤ᠋ᠨ ᠤᠯᠠᠨ ᠶᠠᠩᠵᠤᠳᠤ ᠴᠢᠨᠠᠷ ᠤ᠋ᠨ ᠴᠢᠬᠤᠯᠠ ᠪᠦᠷᠢᠯᠳᠦᠭᠦᠨ ᠬᠡᠰᠡᠭ ᠮᠦᠨ᠃ ᠡᠭᠡ ᠪᠠᠢᠭᠠᠯᠢ ᠵᠢᠨ ᠠᠮᠢᠳᠠᠨ ᠤᠷᠭᠤᠮᠠᠯ ᠤ᠋ᠨ ᠠᠮᠢ ᠠᠬᠤᠢ ᠵᠢᠨ ᠳᠡᠩᠴᠡᠭᠦᠷᠢ ᠵᠢ ᠪᠠᠳᠤᠯᠠᠪᠠᠯ ᠰᠠᠶᠢ ᠠᠮᠢ ᠠᠬᠤᠢ ᠵᠢᠨ ᠦᠷᠬᠦᠯᠵᠢᠯᠡᠬᠦ ᠬᠦᠭᠵᠢᠯᠳᠠ ᠵᠢ ᠪᠠᠳᠤᠯᠠᠵᠤ ᠴᠢᠳᠠᠬᠤ ᠪᠤᠯᠤᠨ᠎ᠠ᠃ ᠬᠡᠭᠡᠷ᠎ᠡ ᠵᠢᠨ ᠠᠮᠢᠳᠠᠨ ᠤᠷᠭᠤᠮᠠᠯ ᠢ᠋ ᠬᠠᠮᠠᠭᠠᠯᠠᠬᠤ ᠳᠦᠷᠢᠮ ᠤ᠋ᠨ ᠭᠡᠷᠡᠭᠵᠢᠬᠦᠯᠤᠯᠳᠠ ᠵᠢᠴᠢ ᠤᠯᠠᠨ ᠲᠦᠮᠡᠨ᠎ᠤ ᠤᠬᠠᠮᠰᠠᠷᠳᠤ ᠠᠵᠢᠯᠯᠠᠭ᠎ᠠ ᠵᠢ ᠴᠢᠡᠭᠭᠠᠳᠬᠠᠵᠤ᠂ ᠬᠡᠭᠡᠷ᠎ᠡ ᠵᠢᠨ ᠠᠮᠢᠳᠠᠨ ᠤᠷᠭᠤᠮᠠᠯ ᠢ᠋ ᠬᠠᠮᠠᠭᠠᠯᠠᠵᠤ ᠬᠠᠮᠢᠶᠠᠷᠬᠤ ᠠᠵᠢᠯ ᠢ᠋ ᠪᠦᠬᠦ ᠳᠠᠯ᠎ᠠ ᠪᠡᠷ ᠴᠢᠩᠭᠠᠳᠬᠠᠪᠠᠯ ᠲᠦᠮᠡᠨ ᠪᠤᠳᠠᠰ ᠡᠶ᠎ᠡ ᠵᠤᠬᠢᠴᠠᠩᠭᠤᠢ ᠬᠠᠮᠳᠤ ᠤᠷᠤᠰᠢᠬᠰᠠᠨ ᠦᠵᠡᠰᠭᠦᠯᠡᠩᠳᠤ ᠰᠠᠢᠬᠠᠨ ᠭᠡᠷ ᠤᠷᠤᠨ ᠢ᠋ ᠪᠦᠳᠦᠭᠡᠨ ᠪᠠᠢᠭᠤᠯᠵᠤ ᠂ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠵᠢ ᠨᠠᠡᠭ ᠪᠡᠳᠤ ᠪᠠᠬᠢ ᠴᠤᠭᠴᠠᠯᠠᠵᠤ ᠴᠢᠳᠠᠬᠤ ᠶᠤᠮ ᠃

ᠬᠡᠰᠢᠭ᠌ᠳᠠᠨ ᠬᠤᠰᠢᠭᠤᠨ᠎ᠤ ᠲᠠᠯᠠᠢᠨᠠᠭᠤᠷ ᠡᠴᠨ ᠪᠠᠷᠠᠭᠤᠨ ᠦᠵᠦᠮᠦᠴᠢᠨ᠎ᠤ ᠳ᠋ᠠᠴᠢ ᠶ᠋ᠢᠨ ᠮᠠᠯᠵᠢᠯ ᠤ᠋ᠨ ᠲᠠᠯᠠᠪᠠᠢ ᠬᠦᠷᠬᠦ  ᠵᠠᠰᠠᠮᠠᠯ ᠵᠠᠮ ᠤ᠋ᠨ ᠬᠡᠰᠢᠭ᠌ᠳᠠᠨ ᠬᠤᠰᠢᠭᠤᠨ᠎ᠤ ᠬᠡᠪᠴᠢᠶᠠᠨ ᠳ᠋ᠠᠬᠢ ᠲᠠᠯᠠᠢᠨᠠᠭᠤᠷ ᠤ᠋ᠨ ᠦᠵᠡᠮᠵᠢ ᠶ᠋ᠢᠨ ᠤᠷᠤᠨ ᠡᠴᠨ ᠠᠰᠬᠠᠳᠦ ᠶ᠋ᠢᠨ ᠴᠢᠯᠠᠭᠤᠨ ᠤᠢ ᠶ᠋ᠢᠨ ᠦᠵᠡᠮᠵᠢ ᠶ᠋ᠢᠨ ᠤᠷᠤᠨ ᠬᠦᠷᠬᠦ ᠵᠠᠰᠠᠮᠠᠯ ᠵᠠᠮ ᠨᠢ 2024 ᠤᠨ ᠳ᠋ᠥ ᠤᠯᠤᠰ ᠤ᠋ᠨ ᠵᠠᠮ ᠲᠠᠭᠡᠭᠡᠪᠦᠷᠢ ᠶ᠋ᠢᠨ ᠶᠠᠮᠤᠨ᠂ ᠰᠤᠶᠤᠯ ᠪᠠ ᠵᠢᠭᠤᠯᠴᠢᠯᠡᠯ ᠤ᠋ᠨ ᠶᠠᠮᠤᠨ ᠳ᠋ᠦ 《ᠳᠤᠮᠳᠠᠳᠤ ᠤᠯᠤᠰ᠎ᠤᠨ ᠬᠠᠮᠤᠭ᠎ᠤᠨ ᠭᠣᠶᠤ ᠲᠠᠯ᠎ᠠ ᠨᠤᠲᠤᠭ᠎ᠤᠨ ᠵᠠᠰᠠᠮᠠᠯ ᠵᠠᠮ 》᠂  《ᠤᠯᠤᠰ᠎ᠤᠨ ᠲᠡᠰ᠎ᠤᠨ ᠦᠵᠡᠮᠵᠢ᠎ᠶᠢᠨ ᠶᠡᠬᠡ ᠵᠠᠮ 》 ᠭᠡᠬᠦ ᠰᠠᠶ᠋ᠢᠬᠠᠨ ᠠᠯᠳᠠᠷ ᠢ᠋ ᠬᠦᠷᠳᠡᠭ᠌ᠰᠠᠨ ᠡᠴᠨ ᠨᠠᠭᠠᠰᠢ ᠂ ᠪᠦᠬᠦ ᠣᠯᠣᠰ᠎ᠤᠨ ᠡᠯ᠎ᠠ ᠭᠠᠵᠠᠷ ᠡᠴᠡ ᠬᠦᠷᠦᠯᠴᠡᠨ ᠢᠷᠡᠭᠰᠡᠨ ᠵᠢᠭᠣᠯᠴᠢᠯᠠᠭᠰᠠᠳ ᠤ᠋ᠨ ᠲᠣᠭᠣᠷᠢᠨ ᠵᠣᠭᠠᠯᠠᠬᠣ ᠦᠵᠡᠮᠵᠢᠲᠦ ᠣᠷᠣᠨ ᠪᠣᠯᠣᠬᠰᠠᠨ ᠪᠠᠢᠨ᠎ᠠ᠃

ᠲᠠᠯᠠᠢᠨᠠᠭᠤᠷ ᠤ᠋ᠨ ᠦᠵᠡᠮᠵᠢ ᠶ᠋ᠢᠨ ᠤᠷᠤᠨ ᠡᠴᠨ ᠠᠰᠠᠬ᠍ᠳᠦ ᠶ᠋ᠢᠨ ᠴᠢᠯᠠᠭᠤᠨ ᠤᠢ ᠶ᠋ᠢᠨ ᠦᠵᠡᠮᠵᠢ ᠶ᠋ᠢᠨ ᠤᠷᠤᠨ ᠬᠦᠷᠬᠦ ᠵᠠᠰᠠᠮᠠᠯ ᠵᠠᠮ ᠲᠠᠭᠠᠤ ᠤᠯᠤᠰ ᠤ᠋ᠨ ᠲᠡᠰ ᠤ᠋ᠨ ᠪᠠᠢᠭᠠᠯᠢ ᠶ᠋ᠢᠨ ᠬᠠᠮᠠᠭᠠᠯᠠᠯᠳᠠ ᠵᠢᠨ ᠤᠷᠤᠨ ᠪᠠ ᠤᠯᠤᠰ ᠤ᠋ᠨ 4A ᠲᠡᠰ ᠤ᠋ᠨ ᠦᠵᠡᠮᠵᠢ ᠶ᠋ᠢᠨ ᠤᠷᠤᠨ ᠪᠤᠯᠬᠤ ᠲᠠᠯᠠᠢᠨᠠᠭᠤᠷ ᠬᠠᠷᠠᠭᠠᠨ ᠳ᠋ᠥ ᠲᠤᠳᠤᠷᠠᠵᠤ ᠂ ᠡᠨᠳᠡᠬᠢ ᠡᠪᠤᠯ ᠤ᠋ᠨ ᠤᠯᠠᠷᠢᠯ ᠤ᠋ᠨ ᠵᠢᠭᠠᠰᠤ ᠠᠩᠨᠠᠬᠤ ᠨᠠᠢᠷ᠂ ᠬᠠᠪᠤᠷ ᠤ᠋ᠨ ᠤᠯᠠᠷᠢᠯ ᠤ᠋ᠨ ᠴᠠᠭᠠᠯᠵᠢ ᠵᠢᠭᠠᠰᠤᠨ ᠤ᠋ ᠤᠷᠤᠰᠬᠠᠯ ᠰᠦᠷᠦᠨ ᠤᠷᠤᠬ᠍ᠰᠢᠯᠠᠬᠤ ᠬᠠᠴᠢᠨ ᠭᠠᠢᠬᠠᠮᠰᠢᠬ᠍ᠳᠦ ᠦᠵᠡᠭ᠌ᠳᠠᠯ ᠵᠢᠴᠢ ᠬᠤᠪᠤᠷ ᠴᠤᠬᠠᠭ ᠨᠡᠭᠦᠳᠠᠯ ᠤ᠋ᠨ ᠰᠢᠪᠠᠭᠤᠳ ᠨᠢ ᠬᠡᠷᠡᠯ ᠵᠢᠷᠤᠬ᠍ᠴᠢᠳ ᠤ᠋ᠨ ᠬᠠᠷᠠᠭ᠎ᠠ᠎ᠶᠢ ᠪᠣᠯᠢᠶᠠᠬᠰᠠᠨ ᠦᠵᠡᠮᠵᠢ ᠪᠤᠯᠵᠠᠢ᠃ ᠬᠤᠸᠠᠷ ᠴᠡᠴᠡᠭ ᠠᠯᠠᠬ᠍ᠯᠠᠵᠤ ᠬᠠᠷᠠᠭ᠎ᠠ ᠠᠯᠳᠠᠮ᠎ᠠ ᠦᠷᠭᠦᠯᠵᠢᠯᠡᠭᠰᠡᠨ ᠬᠦᠩᠭᠡᠷ ᠤ᠋ᠨ ᠲᠠᠯ᠎ᠠ᠂ ᠲᠠᠯᠡᠭᠡᠢ ᠳ᠋ᠥ ᠭᠠᠬ᠍ᠴᠠᠬᠠᠨ ᠪᠠᠶᠠᠠᠠᠤᠪᠤᠭ᠎ᠠ ᠶ᠋ᠢᠨ ᠡᠯᠡᠰᠤᠨ ᠭᠠᠴᠤᠷ᠎ᠠ ᠶ᠋ᠢᠨ ᠤᠢ᠂ ᠲᠦᠷᠪᠠᠳᠡᠭᠴᠢ ᠭᠠᠯᠪᠠ ᠶ᠋ᠢᠨ  ᠭᠠᠢᠬᠠᠮᠰᠢᠬ᠍ᠳᠦ ᠪᠦᠳᠦᠭᠡᠯ ᠪᠤᠯᠬᠤ ᠠᠰᠬᠠᠳᠦ ᠶ᠋ᠢᠨ ᠴᠢᠯᠠᠭᠤᠨ ᠤᠢ᠂ ᠬᠤᠯᠠᠨ ᠰᠢᠷᠭ᠎ᠠ ᠲᠠᠭ᠎ᠠ ᠶ᠋ᠢᠨ ᠰᠢᠷᠭᠠᠯ ᠡᠯᠡᠰᠤ ᠨᠢ ᠲᠦᠷᠪᠡᠨ ᠴᠠᠭ ᠤ᠋ᠨ ᠴᠢᠮᠩ ᠪᠤᠯᠵᠦ᠂ ᠲᠦᠮᠡᠨ ᠤᠯᠠᠨ᠎ᠤ ᠬᠠᠷᠠᠭ᠎ᠠ ᠰᠤᠨᠤᠷ ᠢ᠋ ᠪᠠᠶᠠᠰᠬᠠᠵᠤ᠂ ᠬᠠᠴᠢᠨ ᠭᠠᠢᠬᠠᠮᠰᠢᠬ᠍ᠳᠦ ᠬᠤᠪᠤᠷ ᠴᠤᠬᠠᠭ ᠪᠠᠢᠭᠠᠯᠢ ᠶ᠋ᠢᠨ ᠦᠩᠭᠡ ᠦᠵᠡᠮᠵᠢ᠂ ᠡᠯᠳᠡᠪ ᠵᠦᠢᠯ ᠤ᠋ᠨ ᠭᠡᠭᠡᠷ᠎ᠠ ᠶ᠋ᠢᠨ ᠠᠮᠢᠳᠠᠨ ᠪᠣᠯᠣᠨ ᠦᠪᠡᠷᠮᠢᠴᠡ ᠣᠨᠴᠠᠯᠢᠬᠲᠣ ᠮᠠᠯᠵᠢᠬᠤ ᠲᠠᠷᠢᠶᠠᠯᠠᠬᠤ ᠰᠤᠶᠤᠯ ᠢᠷᠭᠡᠨᠰᠢᠯ ᠨᠢ ᠦᠵᠡᠭᠰᠡᠨ ᠪᠦᠬᠦᠨ᠎ᠢ ᠭᠠᠢᠬᠠᠰᠢ ᠠᠯᠲᠠᠭᠣᠯᠵᠦ᠂ ᠤᠷᠤᠨ ᠨᠤᠳᠤᠭ ᠤ᠋ᠨ ᠰᠣᠶᠣᠯ ᠵᠢᠭᠣᠯᠴᠢᠯᠠᠯ᠎ᠤᠨ ᠨᠡᠷᠡᠲᠦ ᠦᠵᠡᠮᠵᠢ ᠪᠣᠯᠣᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号