ᠦᠪᠦᠷ ᠮᠤᠡᠭᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠲᠢᠡᠭᠬᠢᠮ ᠡᠴᠡ ᠤᠢᠯᠠᠭᠠᠭᠰᠠᠨ ᠢ᠋ᠢᠡᠷ᠂ ᠪᠦᠬᠦ ᠤᠷᠤᠨ ᠤ᠋ ᠬᠠᠮᠢᠶ᠎ᠠ ᠪᠦᠬᠦᠢ ᠭᠠᠵᠠᠷ ᠤ᠋ᠨ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠰᠢᠰᠲᠧᠮ ᠤ᠋ᠨ ᠬᠢᠨ ᠡᠯ᠎ᠡ ᠵᠦᠢᠯ ᠤ᠋ᠨ ᠠᠵᠢᠯ ᠢ᠋ ᠡᠮᠬᠢ ᠵᠢᠷᠤᠮ ᠲᠠᠶ ᠠᠬᠢᠭᠤᠯᠵᠤ᠂ ᠦᠪᠡᠷᠲᠡᠭᠡᠨ ᠵᠠᠰᠠᠬᠤ ᠤᠷᠤᠨ ᠤ᠋ ᠠᠷᠪᠠᠨ ᠵᠢᠷᠭᠤᠳᠤᠭᠠᠷ ᠬᠤᠭᠤᠴᠠᠭᠠᠨ ᠤ᠋ ᠪᠡᠶ᠎ᠡ ᠢ᠋ᠢᠨ ᠲᠠᠮᠢᠷ ᠤ᠋ᠨ ᠴᠤᠭᠯᠠᠭᠠᠨ ᠳ᠋ᠤ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠬᠦᠴᠦᠲᠡᠶ ᠪᠠᠲᠤᠯᠠᠭ᠎ᠠ ᠬᠠᠡᠭᠭᠠᠵᠤ ᠪᠠᠢᠨ᠎ᠠ᠃
ᠦᠪᠦᠷ ᠮᠤᠡᠭᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠲᠢᠩᠬᠢᠮ ᠦᠪᠡᠷᠲᠡᠭᠡᠨ ᠵᠠᠰᠠᠬᠤ ᠤᠷᠤᠨ ᠤ᠋ ᠠᠷᠪᠠᠨ ᠵᠢᠷᠭᠤᠳᠤᠭᠠᠷ ᠬᠤᠭᠤᠴᠠᠭᠠᠨ ᠤ᠋ ᠪᠡᠶ᠎ᠡ ᠢ᠋ᠢᠨ ᠲᠠᠮᠢᠷ ᠤ᠋ᠨ ᠴᠤᠭᠯᠠᠭᠠᠨ ᠤ᠋ ᠵᠠᠮ ᠬᠠᠷᠢᠯᠴᠠᠭᠠᠨ ᠤ᠋ ᠪᠠᠲᠤᠯᠠᠭ᠎ᠠ ᠢ᠋ᠢᠨ ᠠᠵᠢᠯ ᠤ᠋ᠨ ᠲᠤᠰᠬᠠᠶ ᠠᠩᠭᠢ ᠢ᠋ᠢ ᠵᠣᠬᠢᠶᠠᠨ ᠪᠠᠶ᠋ᠢᠭᠤᠯᠵᠤ᠂ ᠣᠯᠠᠨ ᠲᠠᠯ᠎ᠠ ᠢ᠋ᠢᠨ ᠬᠦᠴᠦᠨ ᠢ᠋ ᠳᠠᠶ᠋ᠢᠴᠢᠯᠠᠨ ᠬᠥᠬᠡᠬᠣᠲᠠ ᠪᠤᠭᠤᠲᠤ᠌ ᠳᠠᠭᠠᠤ ᠢ᠋ᠢᠨ G6᠂ G65᠂ G110 ᠪᠠ G210 ᠵᠡᠷᠭᠡ ᠭᠤᠤᠯᠳᠠᠯᠭ᠎ᠠ ᠲᠠᠶ ᠵᠠᠰᠠᠮᠠᠯ ᠵᠠᠮ ᠤ᠋ᠨ ᠬᠡᠮ ᠰᠣᠭᠣᠭ ᠢ᠋ ᠴᠡᠭᠴᠡᠯᠡᠨ ᠵᠠᠰᠠᠭᠰᠠᠨ ᠪᠠᠶ᠋ᠢᠳᠠᠯ ᠢ᠋ ᠳᠠᠬᠢᠨ ᠪᠠᠶ᠋ᠢᠴᠠᠭᠠᠵᠤ᠂ ᠬᠡᠮ ᠰᠣᠭᠣᠭ ᠢ᠋ ᠬᠥᠳᠡᠯᠦᠩᠭᠦᠶ ᠪᠡᠷ ᠠᠷᠢᠯᠭᠠᠬᠤ ᠢ᠋ᠢ ᠦᠨᠡᠨ ᠬᠦ᠌ ᠪᠠᠲᠤᠯᠠᠪᠠ; ᠵᠠᠮ ᠳᠠᠭᠠᠤ ᠢ᠋ᠢᠨ ᠣᠷᠴᠢᠨ ᠨᠦᠬᠦᠴᠡᠯ ᠢ᠋ ᠴᠡᠭᠴᠡᠯᠡᠨ ᠵᠠᠰᠠᠬᠤ ᠠᠵᠢᠯ ᠢ᠋ ᠦᠷᠭᠦᠯᠵᠢᠯᠡᠨ ᠭᠦᠨᠵᠡᠭᠡᠶ᠋ᠢᠷᠡᠭᠦᠯᠵᠦ᠍᠂ ᠵᠠᠮ ᠢ᠋ ᠡᠵᠡᠯᠡᠨ ᠡᠵᠡᠩᠨᠡᠬᠦ᠌᠂ ᠵᠠᠰᠠᠮᠠᠯ ᠵᠠᠮ ᠢ᠋ ᠪᠣᠬᠢᠷᠲᠤᠭᠤᠯᠬᠤ ᠦᠢᠯᠡ ᠠᠵᠢᠯᠯᠠᠭ᠎ᠠ ᠢ᠋ᠢ ᠴᠢᠩᠭ᠎ᠠ ᠪᠠᠶ᠋ᠢᠴᠠᠭᠠᠨ ᠰᠢᠢᠳᠪᠦᠷᠢᠯᠡᠪᠠ; ᠦᠢᠯᠡᠴᠢᠯᠡᠭᠡᠨ ᠤ᠋ ᠶᠠᠰᠤ ᠴᠢᠨᠠᠷ ᠦᠷ᠎ᠡ ᠪᠦᠲᠦᠮᠵᠢ ᠢ᠋ᠢ ᠳᠡᠭᠡᠭᠰᠢᠯᠡᠭᠦᠯᠤᠨ᠂ ᠤᠷᠤᠯᠳᠤᠭᠠᠨ ᠤ᠋ ᠶᠠᠪᠤᠳᠠᠯ ᠤ᠋ᠨ ᠲᠤᠰᠬᠠᠶ ᠨᠡᠪᠲᠡᠷᠡᠬᠦ᠌ ᠵᠠᠮ ᠢ᠋ ᠵᠢᠷᠤᠮᠵᠢᠭᠤᠯᠤᠨ ᠳᠣᠭᠢᠷᠠᠭᠤᠯᠵᠤ᠂ ᠦᠢᠯᠡᠴᠢᠯᠡᠭᠡᠨ ᠤ᠋ ᠲᠣᠭᠣᠷᠢᠭ ᠤ᠋ᠨ ᠰᠠᠭᠤᠷᠢ ᠲᠦᠬᠦᠭᠡᠷᠦᠮᠵᠢ ᠢ᠋ᠢ ᠪᠥᠬᠥ᠌ ᠲᠠᠯ᠎ᠠ ᠪᠠᠷ ᠪᠠᠶ᠋ᠢᠴᠠᠭᠠᠨ ᠵᠠᠰᠠᠵᠤ᠂ ᠠᠶᠤᠯᠲᠠᠶ ᠪᠣᠳᠠᠰ ᠤ᠋ᠨ ᠲᠡᠭᠡᠭᠡᠪᠦᠷᠢ ᠢ᠋ᠢᠨ ᠮᠠᠰᠢᠨ ᠲᠡᠷᠭᠡ ᠢ᠋ᠢᠨ ᠲᠤᠰᠬᠠᠶ ᠲᠡᠷᠭᠡᠨ ᠵᠣᠭᠰᠣᠭᠠᠯ ᠢ᠋ ᠬᠤᠪᠢᠶᠠᠷᠢᠯᠠᠨ ᠲᠣᠭᠲᠠᠭᠠᠪᠠ; ᠠᠶᠤᠯᠭᠦᠢ ᠦᠢᠯᠡᠳᠪᠦᠷᠢᠯᠡᠯ ᠤ᠋ᠨ ᠬᠣᠷᠢᠭ᠎ᠠ ᠱᠤᠭᠤᠮ ᠢ᠋ ᠴᠢᠩᠭ᠎ᠠ ᠰᠠᠬᠢᠵᠤ᠂ ᠪᠥᠬᠥ᠌ ᠪᠠᠲᠤᠯᠠᠭ᠎ᠠ ᠢ᠋ᠢᠨ ᠬᠥᠮᠦᠰ ᠢ᠋ ᠵᠣᠬᠢᠶᠠᠨ ᠪᠠᠶ᠋ᠢᠭᠤᠯᠤᠨ ᠠᠮᠤᠷ ᠲᠦᠪᠰᠢᠨ ᠤ᠋ ᠪᠣᠯᠪᠠᠰᠤᠷᠠᠯ ᠥᠷᠨᠢᠭᠦᠯᠵᠤ᠂ ᠪᠠᠴᠢᠮ ᠪᠠᠶ᠋ᠢᠳᠠᠯ ᠢ᠋ ᠠᠷᠭᠠᠴᠠᠭᠠᠬᠤ ᠪᠡᠯᠡᠳᠬᠡᠯ ᠲᠥᠰᠦᠯ ᠳ᠋ᠤ ᠵᠠᠰᠠᠪᠤᠷᠢ ᠣᠷᠣᠭᠤᠯᠤᠨ ᠲᠡᠭᠦᠯᠳᠡᠷᠵᠢᠭᠦᠯᠵᠦ᠍᠂ ᠭᠡᠨᠡᠳᠲᠡ ᠢ᠋ᠢᠨ ᠪᠠᠶ᠋ᠢᠳᠠᠯ ᠢ᠋ ᠲᠦᠷᠭᠡᠨ ᠰᠢᠢᠳᠪᠦᠷᠢᠯᠡᠬᠦ ᠴᠢᠳᠠᠪᠤᠷᠢ ᠢ᠋ᠢ ᠴᠢᠩᠭᠠᠳᠬᠠᠪᠠ᠃ ᠪᠠᠰᠠ ᠲᠡᠭᠡᠭᠡᠪᠦᠷᠢ ᠢ᠋ᠢᠨ ᠬᠦᠴᠦᠨ ᠤ᠋ ᠨᠥᠭᠡᠴᠡ᠂ ᠲᠣᠬᠢᠷᠠᠭᠤᠯᠬᠤ ᠲᠣᠭᠲᠠᠴᠠ ᠢ᠋ᠢᠨ ᠨᠠᠶ᠋ᠢᠳᠠᠪᠤᠷᠢᠵᠢᠭᠤᠯᠤᠯᠲᠠ᠂ ᠡᠬᠢᠯᠡᠯᠲᠡ ᠢ᠋ᠢᠨ ᠶᠣᠰᠣᠯᠠᠯ ᠤ᠋ᠨ ᠰᠢᠯᠵᠢᠭᠦᠯᠦᠨ ᠲᠡᠭᠡᠭᠡᠪᠦᠷᠢᠯᠡᠬᠦ᠌ ᠲᠥᠰᠦᠯ ᠵᠡᠷᠭᠡ ᠪᠠᠶ᠋ᠢᠳᠠᠯ ᠢ᠋ ᠬᠢᠨᠠᠨ ᠪᠠᠶ᠋ᠢᠴᠠᠭᠠᠵᠤ᠂ ᠡᠯ᠎ᠡ ᠵᠦᠢᠯ ᠤ᠋ᠨ ᠵᠠᠮ ᠬᠠᠷᠢᠯᠴᠠᠭᠠᠨ ᠤ᠋ ᠪᠠᠲᠤᠯᠠᠭ᠎ᠠ ᠢ᠋ᠢᠨ ᠠᠵᠢᠯ ᠢ᠋ ᠯᠠᠪᠳᠠᠭᠤᠨ ᠪᠠᠲᠤᠲᠠᠶ ᠠᠬᠢᠭᠤᠯᠵᠤ ᠪᠠᠢᠨ᠎ᠠ᠃
ᠣᠳᠣᠬᠠᠨᠳᠤ ᠥᠪᠥᠷ ᠮᠣᠩᠭᠣᠯ ᠤ᠋ᠨ ᠵᠠᠮ ᠬᠠᠷᠢᠯᠴᠠᠭᠠᠨ ᠤ᠋ ᠪᠦᠯᠦᠭᠯᠡᠯ ᠨᠢᠭᠡᠨᠲᠡ G6 ᠪᠡᠭᠡᠵᠢᠩ — ᠲᠥᠪᠡᠳ ᠬᠥᠷᠬᠥ᠌ ᠲᠦᠷᠭᠡᠨ ᠤ᠋ ᠵᠠᠰᠠᠮᠠᠯ ᠵᠠᠮ᠂ G110 ᠤᠯᠤᠰ ᠤ᠋ᠨ ᠵᠠᠰᠠᠮᠠᠯ ᠵᠠᠮ ᠵᠡᠷᠭᠡ ᠭᠤᠤᠯ ᠵᠠᠰᠠᠮᠠᠯ ᠵᠠᠮ ᠤ᠋ᠨ ᠬᠡᠮ ᠰᠣᠭᠣᠭ ᠢ᠋ ᠵᠢᠭᠰᠠᠭᠠᠨ ᠪᠠᠶ᠋ᠢᠴᠠᠭᠠᠵᠤ᠂ 20 ᠬᠠᠯᠬᠠᠪᠴᠢ ᠬᠡᠷᠡᠰᠬᠡ ᠢ᠋ᠢ ᠰᠤᠯᠢᠵᠤ ᠵᠠᠰᠠᠪᠠ; ᠬᠥᠬᠡᠬᠣᠲᠠ ᠪᠤᠯᠤᠨ ᠪᠤᠭᠤᠲᠤ ᠢ᠋ᠢᠨ ᠰᠦᠢᠳᠬᠡᠯ ᠬᠤᠷᠢᠶᠠᠬᠤ ᠥᠷᠲᠡᠭᠡ ᠳ᠋ᠤ 11 ᠵᠤᠷᠪᠤᠰ ᠤᠷᠤᠯᠳᠤᠭᠠᠨ ᠤ᠋ ᠶᠠᠪᠤᠳᠠᠯ ᠤ᠋ᠨ ᠲᠤᠰᠬᠠᠶ ᠨᠡᠪᠲᠡᠷᠡᠬᠦ᠌ ᠵᠠᠮ ᠲᠣᠬᠢᠷᠠᠭᠤᠯᠵᠤ᠂ ᠪᠤᠭᠤᠲᠤ᠌᠂ ᠵᠢᠦᠶᠤᠸᠠᠨ᠂ ᠴᠢᠩ ᠱᠠᠨ 3 ᠰᠦᠢᠳᠬᠡᠯ ᠬᠤᠷᠢᠶᠠᠬᠤ ᠥᠷᠲᠡᠭᠡ ᠳ᠋ᠤ 6 ᠵᠤᠷᠪᠤᠰ ᠤᠷᠤᠯᠳᠤᠭᠠᠨ ᠤ᠋ ᠶᠠᠪᠤᠳᠠᠯ ᠤ᠋ᠨ ᠲᠤᠰᠬᠠᠶ ᠲᠦᠷᠭᠡᠨ ᠨᠡᠪᠲᠡᠷᠡᠬᠦ᠌ ᠵᠠᠮ ᠲᠣᠬᠢᠷᠠᠭᠤᠯᠵᠤ᠂ ᠬᠥᠬᠡᠬᠣᠲᠠ᠂ ᠬᠥᠬᠡᠬᠣᠲᠠ ᠢ᠋ᠢᠨ ᠪᠠᠷᠠᠭᠤᠨ᠂ ᠬᠥᠬᠡᠬᠣᠲᠠ ᠢ᠋ᠢᠨ ᠵᠡᠭᠦᠨ᠂ ᠬᠥᠬᠡᠬᠣᠲᠠ ᠢ᠋ᠢᠨ ᠡᠮᠦᠨ᠎ᠡ᠂ ᠵᠡᠭᠦᠨ ᠬᠣᠶᠠᠳᠤᠭᠠᠷ ᠲᠣᠭᠣᠷᠢᠯ ᠵᠠᠮ ᠵᠡᠷᠬᠡ 5 ᠰᠦᠢᠳᠬᠡᠯ ᠬᠤᠷᠢᠶᠠᠬᠤ ᠥᠷᠲᠡᠭᠡ ᠳ᠋ᠤ ᠪᠦᠷ ᠤᠷᠤᠯᠳᠤᠭᠠᠨ ᠤ᠋ ᠶᠠᠪᠤᠳᠠᠯ ᠤ᠋ᠨ ᠲᠦᠷᠭᠡᠨ ᠨᠡᠪᠲᠡᠷᠡᠬᠦ᠌ ᠵᠠᠮ ᠲᠣᠬᠢᠷᠠᠭᠤᠯᠵᠤ᠂ ᠤᠷᠤᠯᠳᠤᠭᠠᠨ ᠤ᠋ ᠶᠠᠪᠤᠳᠠᠯ ᠤ᠋ᠨ ᠲᠡᠷᠭᠡᠨ ᠤ᠋ ᠤᠷᠤᠰᠬᠠᠯ ᠢ᠋ ᠣᠨᠣᠪᠴᠢᠲᠠᠶ ᠰᠠᠯᠭᠠᠨ᠂ ᠨᠡᠪᠲᠡᠷᠡᠬᠦ᠌ ᠦᠷ᠎ᠡ ᠪᠦᠲᠦᠮᠵᠢ ᠢ᠋ᠢ ᠳᠡᠭᠡᠭᠰᠢᠯᠡᠭᠦᠯᠵᠤ ᠪᠤᠢ᠃ ᠪᠠᠰᠠ ᠪᠠᠴᠢᠮ ᠪᠠᠶ᠋ᠢᠳᠠᠯ ᠢ᠋ ᠠᠷᠭᠠᠴᠠᠭᠠᠬᠤ 3 ᠰᠠᠯᠠᠭ᠎ᠠ ᠡᠩᠨᠡᠭᠡ ᠢ᠋ᠢ ᠵᠣᠬᠢᠶᠠᠨ ᠪᠠᠶ᠋ᠢᠭᠤᠯᠵᠤ᠂ 41 ᠠᠵᠢᠯᠴᠢᠨ ᠪᠤᠯᠤᠨ 9 ᠪᠠᠲᠤᠯᠠᠭ᠎ᠠ ᠢ᠋ᠢᠨ ᠲᠡᠷᠭᠡ ᠲᠣᠬᠢᠷᠠᠭᠤᠯᠵᠤ᠂ ᠤᠷᠤᠯᠳᠤᠭᠠᠨ ᠤ᠋ ᠤᠷᠤᠭᠰᠢᠲᠠᠶ ᠶᠠᠪᠤᠭᠳᠠᠬᠤ ᠳ᠋ᠤ ᠪᠠᠲᠤ᠌ ᠪᠠᠬᠢ ᠪᠠᠲᠤᠯᠠᠭ᠎ᠠ ᠬᠠᠩᠭᠠᠵᠤ ᠪᠠᠢᠨ᠎ᠠ᠃
ᠪᠤᠭᠤᠲᠤ᠌ ᠬᠣᠲᠠ ᠢ᠋ᠢᠨ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠲᠣᠪᠴᠢᠶ᠎ᠠ ᠡᠯ᠎ᠡ ᠲᠥᠷᠥᠯ ᠤ᠋ᠨ ᠪᠠᠲᠤᠯᠠᠭ᠎ᠠ ᠢ᠋ᠢᠨ 230 ᠲᠡᠷᠭᠡ ᠪᠠ 30 ᠪᠡᠯᠡᠳᠬᠡᠯ ᠲᠡᠷᠭᠡ ᠲᠤᠬᠢᠷᠠᠭᠤᠯᠵᠤ᠂ ᠠᠮᠤᠷ ᠲᠦᠪᠰᠢᠨ ᠤ᠋ ᠮᠡᠷᠭᠡᠵᠢᠯ ᠤ᠋ᠨ ᠰᠢᠯᠭᠠᠨ ᠪᠠᠶ᠋ᠢᠴᠠᠭᠠᠯᠲᠠ ᠢ᠋ᠢ ᠪᠦᠬᠦᠨ ᠢ᠋ ᠪᠡᠶᠡᠯᠡᠭᠦᠯᠵᠤ᠂ ᠡᠬᠢᠯᠡᠯᠲᠡ ᠢ᠋ᠢᠨ ᠶᠣᠰᠣᠯᠠᠯ ᠤ᠋ᠨ ᠣᠷᠭᠢᠯ ᠦᠶ᠎ᠡ ᠢ᠋ᠢᠨ ᠰᠢᠯᠵᠢᠭᠦᠯᠦᠨ ᠲᠡᠭᠡᠭᠡᠪᠦᠷᠢᠯᠡᠬᠦ᠌ ᠬᠡᠷᠡᠭᠴᠡᠭᠡ ᠱᠠᠭᠠᠷᠳᠠᠯᠭ᠎ᠠ ᠢ᠋ᠢ ᠬᠠᠩᠭᠠᠬᠤ ᠪᠡᠷ ᠪᠤᠢ᠃ 8 ᠰᠠᠷ᠎ᠠ ᠢ᠋ᠢᠨ 5 ᠤ᠋ ᠡᠳᠦᠷ ᠪᠣᠯᠲᠠᠯ᠎ᠠ ᠨᠡᠶ᠋ᠢᠲᠡ 4347 ᠤᠳᠠᠭ᠎ᠠ ᠢ᠋ᠢᠨ ᠪᠠᠲᠤᠯᠠᠭ᠎ᠠ ᠢ᠋ᠢᠨ ᠮᠠᠰᠢᠨ ᠲᠡᠷᠭᠡ ᠲᠤᠬᠢᠷᠠᠭᠤᠯᠤᠨ᠂ 16.28 ᠲᠦᠮᠡᠨ ᠬᠥᠮᠦᠨ ᠤᠳᠠᠭ᠎ᠠ ᠢ᠋ᠢ ᠠᠮᠤᠷ ᠲᠦᠪᠰᠢᠨ ᠢ᠋ᠢᠡᠷ ᠵᠥᠭᠡᠭᠡᠪᠦᠷᠢᠯᠡᠵᠡᠶ᠃