ᠬᠣᠳᠣᠭᠣᠳᠦ ᠵᠢ ᠬᠡᠮᠳᠦᠭᠡᠬᠦ᠌ ᠮᠠᠭᠤ ᠳᠠᠳᠬᠠᠯ
2026-08-07 11:10:27
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

1. ᠥᠯᠥᠨ᠎ᠢᠶᠠᠷ ᠹᠸᠨᠲ᠋ᠢᠶᠤᠤᠷ ᠢᠳᠡᠬᠦ᠄ ᠥᠯᠥᠨ᠎ᠢᠶᠠᠷ ᠪᠤᠶᠤ ᠥᠯᠥᠰᠦᠭᠰᠡᠨ ᠪᠠᠶ᠋ᠢᠳᠠᠯ ᠳᠣᠣᠷ᠎ᠠ ᠶᠡᠬᠡ ᠬᠡᠮᠵᠢᠶᠡᠨ᠎ᠤ ᠹᠸᠨᠲ᠋ᠢᠶᠤᠤᠷ ᠢᠳᠡᠪᠡᠯ ᠬᠣᠳᠣᠭᠣᠳᠣᠨ ᠬᠦᠴᠢᠯ᠎ᠤᠨ ᠱᠦᠭᠦᠷᠡᠯᠲᠡ᠎ᠶᠢ ᠬᠡᠲᠦᠷᠡᠭᠦᠯᠵᠦ᠍ ᠮᠡᠳᠡᠨ᠎ᠡ᠂ ᠬᠥᠩᠭᠡᠨ ᠳ᠋ᠡᠬᠡᠨ ᠬᠣᠳᠣᠭᠣᠳᠣ ᠱᠠᠷᠬᠢᠷᠠᠵᠤ᠂ ᠬᠣᠳᠣᠭᠣᠳᠣ ᠴᠢᠨᠦᠷᠡᠨ ᠡᠪᠡᠳᠦᠨ᠎ᠡ᠂ ᠬᠦᠨᠳᠦ ᠳ᠋ᠡᠬᠡᠨ ᠳᠤᠷ᠎ᠠ ᠪᠤᠯᠭᠢᠵᠤ ᠪᠥᠭᠡᠯᠵᠢᠳᠡᠭ᠃

2. ᠤᠷᠲᠤ᠌ ᠬᠤᠭᠤᠴᠠᠭ᠎ᠠ᠎ᠪᠠᠷ ᠰᠢᠩᠭᠡᠨ ᠪᠤᠳᠠᠭ᠎ᠠ ᠢᠳᠡᠵᠦ᠍ 《ᠬᠣᠳᠣᠭᠣᠳᠣ ᠪᠡᠨ ᠰᠢᠮᠡᠵᠢᠬᠦᠯᠬᠦ᠌》᠄ ᠪᠢᠳᠠᠨ᠎ᠤ ᠬᠣᠳᠣᠭᠣᠳᠣ ᠵᠣᠬᠢᠬᠤ ᠬᠡᠮᠵᠢᠶᠡᠨ᠎ᠤ ᠪᠣᠯᠪᠠᠰᠤᠷᠠᠯ ᠬᠢᠬᠦ᠌ ᠴᠢᠬᠤᠯᠠᠲᠠᠢ ᠶᠤᠮ᠂ ᠬᠡᠷᠪᠡ ᠤᠷᠲᠤ᠌ ᠬᠤᠭᠤᠴᠠᠭ᠎ᠠ᠎ᠪᠠᠷ ᠠᠮᠠᠷᠬᠠᠨ ᠰᠢᠩᠭᠡᠭᠡᠭᠳᠡᠬᠦ᠌ ᠰᠢᠩᠭᠡᠨ ᠪᠤᠳᠠᠭ᠎ᠠ ᠢᠳᠡᠪᠡᠯ ᠬᠣᠳᠣᠭᠣᠳᠣ ᠬᠦᠷᠪᠡᠯᠵᠡᠬᠦ᠌ ᠨᠢ ᠠᠨᠠᠢ ᠪᠣᠯᠵᠤ᠂ ᠰᠢᠩᠭᠡᠭᠡᠯᠲᠡ᠎ᠶᠢᠨ ᠴᠢᠳᠠᠪᠤᠷᠢ ᠮᠠᠭᠤᠳᠠᠵᠦ᠍ ᠮᠡᠳᠡᠨ᠎ᠠ᠃ ᠡᠶ᠋ᠢᠮᠦ᠎ᠠᠴᠠ ᠬᠣᠳᠣᠭᠣᠳᠣ ᠭᠡᠳᠡᠰᠦᠨ᠎ᠤ ᠠᠵᠢᠯᠯᠠᠭ᠎ᠠ ᠨᠢ ᠡᠷᠡᠭᠦᠯ ᠬᠥᠮᠦᠨ ᠲᠤᠰᠬᠠᠶ᠋ᠢᠯᠠᠨ ᠰᠢᠩᠭᠡᠨ ᠪᠤᠳᠠᠭ᠎ᠠ ᠢᠳᠡᠵᠦ᠍ 《ᠬᠣᠳᠣᠭᠣᠳᠣ ᠪᠡᠨ ᠰᠢᠮᠡᠵᠢᠬᠦᠯᠬᠦ᠌》 ᠴᠢᠬᠤᠯᠠ ᠦᠭᠡᠢ᠃

3. ᠦᠷᠭᠦᠯᠵᠢ ᠱᠥᠯᠥᠨ᠎ᠳᠤ ᠴᠢᠨᠠᠬᠰᠠᠨ ᠪᠤᠳᠠᠭ᠎ᠠ ᠢᠳᠡᠬᠦ᠌᠎ᠨᠢ ᠰᠢᠩᠭᠡᠭᠡᠯᠲᠡ᠎ᠳᠤ ᠠᠰᠢᠭ ᠦᠭᠡᠢ᠄ ᠱᠥᠯᠥᠨ᠎ᠳᠤ ᠴᠢᠨᠠᠬᠰᠠᠨ ᠪᠤᠳᠠᠭ᠎ᠠ᠎ᠨᠢ ᠶᠡᠷᠦ᠎ᠳᠡᠭᠡᠨ ᠵᠠᠯᠭᠢᠬᠤ᠎ᠳᠤ ᠳᠥᠭᠥᠮ ᠪᠠᠶ᠋ᠢᠳᠠᠭ᠂ ᠡᠶ᠋ᠢᠮᠦ᠎ᠠᠴᠠ ᠵᠠᠵᠢᠯᠬᠤ ᠶᠠᠪᠤᠴᠠ ᠳᠤᠲᠠᠭᠳᠠᠬᠤ ᠪᠤᠶᠤ ᠵᠠᠵᠢᠯᠬᠤ᠎ᠨᠢ ᠭᠦᠢᠴᠡᠳ ᠦᠭᠡᠢ ᠪᠣᠯᠵᠤ᠂ ᠭᠡᠳᠡᠷᠭᠦ᠎ᠪᠠᠨ ᠬᠣᠳᠣᠭᠣᠳᠣ ᠭᠡᠳᠡᠰᠦᠨ᠎ᠤ ᠳᠠᠷᠤᠭᠠᠰᠤ᠎ᠶᠢ ᠬᠦᠨᠳᠦᠷᠡᠭᠦᠯᠵᠦ᠍᠂ ᠬᠣᠳᠣᠭᠣᠳᠣ ᠵᠢ ᠡᠪ ᠦᠭᠡᠢ ᠪᠤᠯᠭᠠᠳᠠᠭ᠃

(《ᠠᠷᠠᠳ᠎ᠤᠨ ᠰᠦᠯᠵᠢᠶ᠎ᠠ》 ᠡᠴᠨ ᠤᠷᠴᠢᠭᠤᠯᠤᠨ ᠠᠪᠤᠪᠠ)

ᠣᠷᠴᠢᠭᠤᠯᠤᠭ᠍ᠴᠢ᠄ᠴᠠᠨ᠎ᠠ
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号