ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠠᠭ ᠠᠭᠤᠷ᠎ᠤᠨ ᠬᠣᠷᠢᠶ᠎ᠠ
ᠴᠢᠩᠭ᠎ᠠ ᠰᠣᠯᠢᠭ ᠤᠷᠤᠰᠬᠠᠯ᠎ᠤᠨ ᠬᠥᠬᠡ ᠥᠩᠭᠡ᠎ᠶᠢᠨ ᠰᠡᠷᠡᠮᠵᠢ᠎ᠶᠢᠨ ᠳᠣᠬᠢᠶ᠎ᠠ ᠨᠡᠶ᠋ᠢᠲᠡᠯᠡᠪᠡ᠄
ᠵᠢᠱ᠌ᠢᠯᠲᠡ᠎ᠪᠡᠷ 8 ᠰᠠᠷ᠎ᠠ᠎ᠶᠢᠨ 7 ᠤ ᠡᠳᠦᠷ᠎ᠦᠨ
9 ᠴᠠᠭ᠎ᠠᠴᠠ 8᠎ᠤ ᠡᠳᠦᠷ᠎ᠦᠨ 9 ᠴᠠᠭ ᠪᠣᠯᠲᠠᠯ᠎ᠠ᠂ ᠤᠯᠠᠭᠠᠨᠴᠠᠪ ᠬᠣᠲᠠ᠎ᠶᠢᠨ ᠵᠡᠭᠦᠨ ᠡᠮᠦᠨ᠎ᠠ ᠪᠡᠶ᠎ᠠ᠂ ᠰᠢᠯᠢ᠎ᠶᠢᠨ
ᠭᠤᠤᠯ ᠠᠶ᠋ᠢᠮᠠᠭ᠎ᠤᠨ ᠡᠮᠦᠨ᠎ᠠ ᠪᠡᠶ᠎ᠠ᠂ ᠤᠯᠠᠭᠠᠨᠬᠠᠳᠠ ᠬᠣᠲᠠ᠎ᠶᠢᠨ ᠪᠠᠷᠠᠭᠤᠨ ᠬᠣᠶ᠋ᠢᠲᠤ᠌ ᠪᠡᠶ᠎ᠠ᠎ᠳᠦ ᠠᠶᠤᠩᠭᠠᠲᠤ᠌
ᠪᠣᠷᠣᠭᠠᠨ ᠣᠷᠣᠨ᠎ᠠ; ᠰᠢᠯᠢ᠎ᠶᠢᠨ ᠭᠤᠤᠯ ᠠᠶ᠋ᠢᠮᠠᠭ᠎ᠤᠨ ᠡᠮᠦᠨ᠎ᠠ ᠪᠡᠶ᠎ᠠ᠎ᠳᠦ ᠣᠬᠣᠷ ᠬᠤᠭᠤᠴᠠᠭᠠᠨ᠎ᠤ ᠰᠢᠷᠦᠭᠦᠨ
ᠪᠣᠷᠣᠭᠠᠨ ᠣᠷᠣᠵᠤ᠂ ᠴᠠᠭ᠎ᠤᠨ ᠬᠤᠷ᠎ᠠ ᠲᠤᠨᠳᠠᠰᠤᠨ᠎ᠤ ᠬᠡᠮᠵᠢᠶ᠎ᠡ ᠨᠢ 10 - 25 ᠮᠢᠯᠢᠮᠧᠲ᠋ᠷ ᠂ ᠬᠡᠰᠡᠭ ᠭᠠᠵᠠᠷ᠎ᠲᠤ᠌
30 ᠮᠢᠯᠢᠮᠧᠲ᠋ᠷ᠎ᠡᠴᠡ ᠳᠡᠭᠡᠭᠰᠢ ᠬᠦᠷᠦᠨ᠎ᠡ; ᠰᠢᠯᠢ᠎ᠶᠢᠨ ᠭᠤᠤᠯ ᠠᠶ᠋ᠢᠮᠠᠭ᠎ᠤᠨ ᠡᠮᠦᠨ᠎ᠠ ᠪᠡᠶ᠎ᠠ᠂ ᠤᠯᠠᠭᠠᠨᠬᠠᠳᠠ
ᠬᠣᠲᠠ᠎ᠶᠢᠨ ᠪᠠᠷᠠᠭᠤᠨ ᠬᠣᠶ᠋ᠢᠲᠤ᠌ ᠪᠡᠶ᠎ᠠ ᠵᠢᠨ ᠬᠡᠰᠡᠭ ᠭᠠᠵᠠᠷ ᠣᠷᠣᠨ᠎ᠳᠤ ᠠᠶᠤᠩᠭ᠎ᠠ᠎ᠳᠦ ᠪᠤᠷᠤᠭᠠᠨ ᠶᠡᠬᠡ ᠰᠠᠯᠬᠢ
ᠪᠤᠶᠤ ᠮᠥᠨᠳᠥᠷ᠎ᠦᠨ ᠴᠠᠭ ᠠᠭᠤᠷ ᠳᠠᠪᠬᠤᠴᠠᠵᠤ᠂ ᠬᠠᠮᠤᠭ᠎ᠤᠨ ᠶᠡᠬᠡ ᠰᠠᠯᠬᠢᠨ᠎ᠤ ᠬᠦᠴᠦ᠍ ᠨᠢ 7 — 8 ᠲᠠᠰ᠎ᠲᠦ
ᠭᠦᠷᠦᠨ᠎ᠠ᠃

ᠰᠡᠷᠭᠡᠶ᠋ᠢᠯᠡᠯᠲᠡ᠎ᠶᠢᠨ ᠵᠦᠭᠯᠡᠭᠦᠷ᠄
1. ᠵᠠᠰᠠᠭ᠎ᠤᠨ ᠣᠷᠳᠣᠨ ᠵᠢᠴᠢ ᠬᠠᠮᠢᠶ᠎ᠠ ᠪᠦᠬᠦᠢ ᠰᠠᠯᠠᠭ᠎ᠠ
ᠮᠥᠴᠢᠷ᠎ᠦᠳ ᠡᠭᠦᠷᠭᠡ ᠬᠠᠷᠢᠭᠤᠴᠠᠯᠭ᠎ᠠ᠎ᠶᠢᠨ᠎ᠢᠶᠠᠨ ᠶᠣᠰᠣᠭᠠᠷ ᠣᠬᠣᠷ ᠬᠤᠭᠤᠴᠠᠭᠠᠨ᠎ᠤ ᠰᠢᠷᠦᠭᠦᠨ ᠪᠣᠷᠣᠭᠠᠨ ᠢ
ᠰᠡᠷᠭᠡᠶ᠋ᠢᠯᠡᠬᠦ᠌᠂ ᠠᠶᠤᠩᠭ᠎ᠠ ᠴᠠᠬᠢᠯᠭᠠᠨ ᠢ᠋ ᠰᠡᠷᠭᠡᠶ᠋ᠢᠯᠡᠬᠦ᠌᠂ ᠶᠡᠬᠡ ᠰᠠᠯᠬᠢ᠎ᠶᠢ ᠰᠡᠷᠭᠡᠶ᠋ᠢᠯᠡᠬᠦ᠌ ᠪᠡᠯᠡᠳᠬᠡᠯ
ᠠᠵᠢᠯ᠎ᠢ ᠰᠠᠶ᠋ᠢᠲᠤᠷ ᠬᠢᠵᠦ᠍᠂ ᠴᠠᠭ ᠠᠭᠤᠷ᠎ᠤᠨ ᠰᠠᠯᠠᠭ᠎ᠠ ᠮᠥᠴᠢᠷ ᠬᠥᠮᠦᠨ᠎ᠦ ᠬᠦᠴᠦ᠎ᠪᠡᠷ ᠮᠥᠨᠳᠥᠷᠢ ᠰᠡᠷᠭᠡᠶ᠋ᠢᠯᠡᠬᠦ᠌
ᠠᠵᠢᠯ᠎ᠤᠨ ᠪᠡᠯᠡᠳᠬᠡᠯ ᠢ᠋ ᠰᠠᠶ᠋ᠢᠲᠤᠷ ᠬᠢᠬᠡᠷᠡᠢ;
2. ᠶᠠᠪᠠᠭᠠᠨ ᠬᠥᠮᠦᠨ ᠪᠠ ᠭᠠᠳᠠᠨ᠎ᠠ ᠠᠵᠢᠯᠯᠠᠬᠤ
ᠭᠦᠮᠦᠰ ᠬᠡᠷ᠎ᠤᠨ ᠭᠠᠳᠠᠨᠠᠬᠢ ᠠᠵᠢᠯᠯᠠᠭ᠎ᠠ᠎ᠪᠠᠨ ᠪᠠᠭᠠᠰᠬᠠᠵᠤ᠂
ᠫᠸᠩ ᠰᠠᠷᠠᠪᠴᠢ ᠵᠠᠷ ᠮᠡᠳᠡᠭᠡ᠎ᠶᠢᠨ ᠫᠠᠶ᠋ᠢᠰᠠ ᠵᠡᠷᠭᠡ᠎ᠡᠴᠡ ᠬᠣᠯᠠ ᠪᠠᠶ᠋ᠢᠬᠤ᠎ᠶᠢ ᠠᠩᠬᠠᠷᠤᠭᠠᠷᠠᠢ;
3. ᠭᠡᠷ᠎ᠦᠨ ᠳᠡᠵᠢᠭᠡᠪᠦᠷᠢ᠂ ᠮᠠᠯ ᠤᠨᠤᠭ᠎ᠠ᠎ᠶᠢ ᠫᠧᠩ
ᠰᠠᠷᠠᠪᠴᠢᠨ᠎ᠳᠦ ᠣᠷᠣᠭᠤᠯᠵᠤ᠂ ᠬᠠᠰᠢᠶ᠎ᠠ ᠰᠠᠷᠠᠪᠴᠢ᠎ᠪᠡᠨ ᠪᠡᠭᠢᠯᠡᠭᠡᠷᠡᠢ ;
4 . ᠨᠢᠰᠬᠡᠯ᠎ᠦᠨ ᠪᠠᠭᠤᠳᠠᠯ᠂ ᠲᠡᠮᠦᠷ ᠵᠠᠮ᠂ ᠬᠤᠷᠳᠤᠨ᠎ᠤ
ᠵᠠᠰᠠᠮᠠᠯ ᠵᠠᠮ ᠪᠣᠯᠤᠨ ᠤᠰᠤᠨ ᠳᠡᠭᠡᠷᠡᠬᠢ ᠵᠠᠮ ᠬᠠᠷᠢᠯᠴᠠᠭ᠎ᠠ ᠵᠡᠷᠭᠡ ᠵᠢᠨ ᠨᠢᠭᠡᠴᠢ᠎ᠨᠦᠭᠦᠳ ᠨᠢᠰᠬᠦ᠌᠎ᠶᠢ
ᠬᠢᠵᠠᠭᠠᠷᠯᠠᠬᠤ᠂ ᠬᠤᠷᠳᠤᠴᠠ᠎ᠶᠢ ᠬᠢᠵᠠᠭᠠᠷᠯᠠᠬᠤ ᠪᠤᠶᠤ ᠲᠦᠷ ᠬᠠᠭᠠᠬᠤ ᠵᠡᠷᠭᠡ ᠠᠷᠭ᠎ᠠ ᠬᠡᠮᠵᠢᠶ᠎ᠡ ᠠᠪᠴᠤ᠌᠂
ᠬᠦᠮᠦᠨ ᠬᠠᠷ᠎ᠠ ᠪᠣᠯᠤᠨ ᠵᠠᠮ ᠬᠠᠷᠢᠯᠴᠠᠭᠠᠨ᠎ᠤ ᠠᠮᠤᠷ ᠲᠦᠪᠰᠢᠨ᠎ᠢ ᠪᠠᠲᠤᠯᠠᠭᠠᠷᠠᠢ;
5. ᠬᠣᠲᠠ᠂ ᠲᠠᠷᠢᠶᠠᠨ ᠭᠠᠵᠠᠷ ᠵᠡᠷᠭᠡ ᠤᠰᠤ ᠲᠠᠲᠠᠷᠠᠭᠤᠯᠬᠤ
ᠰᠢᠰᠲᠧᠮ᠎ᠢ ᠪᠠᠶ᠋ᠢᠴᠠᠭᠠᠵᠤ᠂ ᠦᠶᠡᠷ ᠲᠠᠲᠠᠷᠠᠭᠤᠯᠬᠤ ᠪᠡᠯᠡᠳᠬᠡᠯ ᠪᠣᠯᠤᠨ ᠠᠭᠤᠯᠠᠨ ᠦᠶᠡᠷ᠂ ᠪᠡᠯ ᠶᠡᠭᠦᠷᠡᠬᠦ᠌᠂
ᠰᠢᠪᠠᠷ ᠴᠢᠯᠠᠭᠤᠨ ᠤ᠋ ᠤᠷᠤᠰᠬᠠᠯ ᠵᠡᠷᠭᠡ ᠭᠠᠮᠰᠢᠭ᠎ᠢ
ᠰᠡᠷᠭᠡᠶ᠋ᠢᠯᠡᠨ ᠬᠣᠷᠢᠭᠯᠠᠬᠤ ᠪᠡᠯᠡᠳᠬᠡᠯ᠎ᠢ ᠰᠠᠶ᠋ᠢᠲᠤᠷ ᠬᠢᠭᠡᠷᠡᠢ;
6. ᠭᠠᠳᠠᠨ᠎ᠠ ᠵᠤᠷᠴᠢᠬᠤ ᠬᠥᠮᠦᠰ ᠭᠠᠭᠴᠠ ᠮᠣᠳᠣ᠎ᠠᠴᠠ
ᠬᠣᠯᠠ ᠪᠠᠶ᠋ᠢᠵᠦ᠂ ᠬᠠᠮᠢᠶ᠎ᠠ ᠪᠦᠬᠦᠢ ᠰᠠᠯᠠᠭ᠎ᠠ ᠮᠥᠴᠢᠷ᠎ᠦᠳ ᠭᠣᠣᠯᠳᠠᠯᠭ᠎ᠠ᠎ᠲᠠᠶ ᠣᠷᠣᠨ ᠪᠦᠰᠡ᠎ᠶᠢ ᠬᠢᠨᠠᠨ ᠬᠡᠮᠵᠢᠬᠦ᠌
ᠪᠠ ᠵᠢᠵᠢᠭᠦᠷᠯᠡᠨ ᠰᠠᠬᠢᠬᠤ᠎ᠪᠠᠨ ᠴᠢᠩᠭᠠᠳᠬᠠᠵᠤ᠂ ᠠᠶᠤᠩᠭ᠎ᠠ ᠴᠠᠬᠢᠯᠭᠠᠨ ᠡᠴᠡ ᠪᠤᠯᠤᠭᠰᠠᠨ ᠭᠠᠯ᠎ᠤᠨ ᠠᠶᠤᠯ ᠭᠠᠷᠬᠤ᠎ᠶᠢ
ᠴᠢᠩᠭ᠎ᠠ ᠰᠡᠷᠭᠡᠶ᠋ᠢᠯᠡᠬᠡᠷᠡᠢ᠃
ᠢᠷᠡᠯᠳᠠ᠄ ᠦᠪᠦᠷ ᠮᠤᠡᠭᠭᠤᠯ᠎ᠤᠨ ᠴᠠᠭ ᠠᠭᠤᠷ
ᠳᠠᠪᠴᠠᠡᠭ