ᠲᠡᠷᠢᠭᠦᠨ ᠨᠢᠭᠤᠷ>ᠠᠮᠢᠳᠤᠷᠠᠯ ᠥᠷᠲᠡᠭᠡ>ᠦᠯᠢᠭᠡᠷ

2026-10-16 11:34:39

ᠵᠣᠬᠢᠶᠠᠭ᠍ᠴᠢ᠄ ᠬᠠᠢ ᠵᠢᠶᠦ᠋ᠨ ᠣᠩᠱᠢᠭ᠍ᠰᠠᠨ ᠣᠳᠠᠭ᠎ᠠ᠄ 3

ᠠᠯᠳᠠᠨ ᠨᠠᠮᠤᠷ ᠰᠠᠭᠠᠲᠠᠬᠤ᠎ᠳᠤ ᠤᠯᠠᠭᠠᠨᠴᠠᠪ ᠬᠤᠲᠠ ᠵᠢᠨ ᠴᠠᠬᠠᠷ ᠪᠠᠷᠠᠭᠤᠨ ᠭᠠᠷᠤᠨ ᠬᠣᠶ᠋ᠢᠲᠤ᠌ ᠬᠣᠰᠢᠭᠤᠨ᠎ᠤ ᠰᠢᠯᠢ ᠰᠢᠶᠠᠩ ᠳ᠋ᠤ ᠰᠡᠷᠢᠬᠦᠨ ᠰᠠᠯᠬᠢ ᠰᠡᠷᠴᠢᠬᠢᠨᠡᠨ᠂ ᠪᠤᠯᠪᠠᠰᠤᠷᠠᠭᠰᠠᠨ ᠡᠪᠡᠰᠦ ᠤᠷᠭᠤᠮᠠᠯ᠂ ᠴᠢᠬᠢᠭᠯᠢᠭ ᠰᠢᠷᠣᠢ᠎ᠶᠢᠨ ᠦᠨᠦᠷ ᠦᠨᠦᠷᠳᠦᠭᠳᠡᠨ᠎ᠠ᠃ ᠬᠠᠷ᠎ᠠ ᠭᠤᠤ ᠭᠠᠴᠠᠭᠠᠨ᠎ᠤ ᠨᠠᠮ᠎ᠤᠨ ᠡᠭᠦᠷ᠎ᠦᠨ ᠱᠦᠵᠢ᠂ ᠡᠪᠯᠡᠯ᠎ᠦᠨ ᠡᠭᠦᠷ᠎ᠦᠨ ᠱᠦᠵᠢ ᠣᠷᠭᠢᠯ᠎ᠨᠤᠭᠤ ᠭᠠᠵᠠᠷ᠎ᠳᠡᠭᠡᠷ᠎ᠡ ᠭᠢᠰᠬᠢᠬᠦ ᠳ᠋ᠤ ᠰᠢᠭᠦᠳᠡᠷᠢ᠎ᠵᠢᠨ ᠮᠦᠬᠦᠯᠢᠭ ᠥᠮᠥᠳᠥᠨ ᠰᠢᠷᠬᠤᠨᠠᠭ᠎ᠢ ᠨᠢ ᠨᠤᠷᠭᠠᠨ᠎ᠠ᠃ ᠤᠷᠬᠢᠯ ᠠᠷᠤ᠎ᠳᠠᠬᠢ ᠴᠤᠪᠤᠷᠠᠨ ᠶᠠᠪᠤᠵᠤ ᠪᠠᠢᠭ᠎ᠠ ᠡᠩᠨᠡᠭᠡ᠎ᠪᠡᠨ ᠡᠷᠬᠢᠵᠤ ᠬᠠᠷᠠᠬᠤ᠎ᠳᠤ ᠭᠠᠳᠠᠷ ᠣᠷᠣᠨ᠎ᠤ ᠬᠡᠳᠦᠨ ᠵᠢᠭᠤᠯᠴᠢᠯᠠᠭᠰᠡᠳ ᠮᠣᠷᠢ ᠤᠨᠤᠵᠤ᠂ ᠭᠠᠷ ᠤᠲᠠᠰᠤ᠎ᠪᠠᠨ ᠪᠠᠷᠢᠭᠠᠳ ᠳᠥᠷᠪᠡᠨ ᠵᠦᠭ ᠎ᠢ ᠰᠡᠭᠦᠳᠡᠷᠯᠡᠵᠦ᠍ ᠪᠠᠶ᠋ᠢᠯ᠎ᠠ᠃ ᠡᠨᠡ ᠨᠢ 《ᠮᠠᠨᠢᠲᠤ᠌ ᠮᠠᠯᠵᠢᠯ᠎ᠤᠨ ᠲᠠᠯᠠᠪᠠᠶ》 ᠵᠢᠨ ᠶᠡᠷᠦ᠍᠎ᠶᠢᠨ ᠨᠢᠭᠡᠨ ᠦᠳᠡᠰᠢ ᠪᠢᠯᠡ᠃ ᠬᠡᠬᠦ ᠳ᠋ᠤ ᠭᠤᠷᠪᠠᠨ ᠰᠠᠷ᠎ᠠ᠎ᠶᠢᠨ ᠡᠮᠦᠨ᠎ᠡ ᠡᠨᠳᠡ ᠬᠠᠷᠢᠨ ᠡᠢᠮᠤ ᠨᠠᠷᠭᠢᠶᠠᠨ ᠬᠦᠭᠵᠢᠶᠠᠨ ᠲᠠᠢ ᠪᠤᠯᠤᠨ᠎ᠠ ᠭᠡᠳᠡᠭ ᠢ᠋ ᠬᠡᠨ᠎ᠤ ᠴᠤ᠌ ᠰᠠᠨᠠᠭ᠎ᠠ ᠵᠡᠭᠦᠳᠦᠨ᠎ᠳᠤ  ᠪᠠᠢᠬᠰᠠᠨ ᠦᠭᠡᠢ ᠃



ᠵᠠᠯᠠᠭᠤ ᠱᠦᠵᠢ ᠨᠠᠷ ᠠᠵᠢᠯ ᠎ᠤᠨ ᠵᠢᠨᠨ ᠲᠤᠬᠠᠢ ᠶᠠᠷᠢᠯᠴᠠᠨ᠎ᠠ 


ᠡᠨᠡ ᠬᠦ᠌ ᠬᠠᠷ᠎ᠠ ᠭᠤᠤ ᠭᠠᠴᠠᠭᠠᠨ ᠳ᠋ᠡᠬᠢ ᠮᠠᠯᠵᠢᠯ᠎ᠤᠨ ᠲᠠᠯᠠᠪᠠᠢ ᠬᠦᠮᠦᠨ ᠠᠮᠠ ᠨᠢ ᠠᠷᠠᠢ 3000 ᠬᠦᠷᠬᠦ᠌ ᠦᠭᠡᠢ ᠰᠢᠯᠢ ᠰᠢᠶᠠᠩ ᠎ᠢ  ᠬᠠᠮᠤᠷᠴᠤ᠂ ᠭᠣᠶᠤ ᠰᠠᠶ᠋ᠢᠬᠠᠨ ᠦᠵᠡᠮᠵᠢ ᠲᠠᠢ ᠠᠲᠠᠯ᠎ᠠ ᠶᠡᠷᠦ ᠨᠢ ᠬᠦᠮᠦᠰ ᠤ᠋ᠨ ᠬᠠᠷᠠᠭᠠᠨ᠎ᠳᠤ ᠤᠷᠤᠭ᠎ᠠ ᠦᠭᠡᠢ ᠪᠠᠢᠵᠠᠢ᠃ ᠡᠨᠡ ᠵᠢᠯ᠎ᠦᠨ 6 ᠰᠠᠷ᠎ᠠ᠎ᠳᠤ ᠰᠢᠯᠢ ᠰᠢᠶᠠᠩ᠎ᠳᠤ《ᠰᠢᠯᠢ ᠪᠡᠷ ᠲᠠᠪᠠᠲᠠᠢ ᠵᠢᠭᠤᠯᠴᠢᠯᠠᠬᠤ ᠲᠥᠯᠥᠪᠯᠡᠭᠡ》 ᠵᠢ ᠡᠬᠢᠯᠡᠭᠦᠯᠵᠦ᠍ ᠂ ᠣᠷᠭᠢᠯ ᠶᠡᠷᠡᠭᠡᠳ ᠣᠨ ᠪᠤᠯᠤᠨ 2000 ᠣᠨ᠎ᠳᠤ ᠲᠦᠷᠦᠭᠰᠡᠨ ᠵᠠᠯᠠᠭᠤᠴᠤᠳ ᠲᠡᠶ ᠬᠠᠮᠲᠤ᠌ ᠤᠬᠠᠭᠤᠯᠬᠤ ᠡᠩᠨᠡᠭᠡ ᠪᠠᠶ᠋ᠢᠭᠤᠯᠤᠭᠠᠳ᠂ ᠨᠤᠲᠤᠭ ᠤᠰᠤ ᠪᠠᠨ ᠬᠦᠭᠵᠢᠭᠦᠯᠬᠦ ᠬᠦᠰᠡᠯ ᠬᠦᠭᠡᠭᠡᠴᠡᠯᠳᠤᠯ ᠵᠢᠡᠨ ᠡᠬᠢᠯᠡᠭᠦᠯᠦᠭᠰᠡᠨ ᠪᠠᠢᠯ᠎ᠠ᠃ ᠡᠨᠡ ᠬᠦ᠌ ᠤᠬᠠᠭᠤᠯᠬᠤ ᠡᠩᠨᠡᠭᠡ ᠵᠢᠨ 14 ᠵᠠᠯᠠᠭᠤ ᠪᠤᠯ ᠰᠢᠯᠢ ᠰᠢᠶᠠᠩ᠎ᠤᠨ ᠡᠪᠯᠡᠯ᠎ᠤᠨ ᠬᠤᠷᠢᠶᠠᠨ᠎ᠤ ᠱᠦᠵᠢ ᠪᠤᠶᠤ ᠰᠢᠯᠢ ᠰᠢᠶᠠᠩ᠎ᠤᠨ ᠡᠯ᠎ᠡ ᠭᠠᠴᠠᠭ᠎ᠠ ᠲᠤᠰᠬᠤᠨ᠎ᠤ ᠡᠪᠯᠡᠯ᠎ᠤᠨ ᠡᠭᠦᠷ᠎ᠤᠨ ᠱᠦᠵᠢ ᠪᠤᠯᠤᠨ᠎ᠠ᠃

《ᠰᠠᠶᠢ ᠡᠬᠢᠯᠡᠭᠡᠳ ᠬᠡᠨ ᠴᠦ᠍ ᠸᠢᠳᠢᠤ᠋ ᠪᠢᠴᠢᠯᠬᠡ ᠰᠢᠩᠭᠡᠭᠡᠵᠦ ᠴᠢᠳᠠᠬᠤ ᠦᠭᠡᠢ ᠪᠠᠢᠭᠰᠠᠨ᠂ ᠬᠢᠵᠤ ᠪᠦᠲᠦᠭᠡᠬᠦ ᠬᠡᠰᠡᠨ ᠪᠤᠳᠤᠯ ᠵᠢᠡᠷ ᠯᠡ ᠰᠤᠷᠤᠯᠴᠠᠬᠤ ᠵᠢᠨ ᠲᠠᠭᠠᠤ ᠲᠤᠷᠰᠢᠨ ᠰᠢᠩᠭᠡᠭᠡᠵᠦ ᠡᠬᠢᠯᠡᠵᠠᠢ᠃ ᠪᠢᠳᠡ ᠦᠪᠡᠷ᠎ᠤᠨ ᠠᠷᠭ᠎ᠠ᠎ᠪᠠᠷ ᠵᠢᠡᠨ ᠨᠤᠲᠤᠭ ᠤᠰᠤ᠎ᠪᠠᠨ ᠤᠯᠠᠨ ᠳ᠋ᠤ ᠲᠠᠨᠢᠯᠴᠠᠭᠤᠯᠵᠤ ᠳᠡᠯᠭᠡᠷᠡᠭᠦᠯᠵᠦ᠍ ᠪᠣᠯᠬᠤ ᠡᠰᠡᠬᠦ᠌᠎ᠶᠢ ᠲᠤᠷᠰᠢᠵᠤ ᠦᠵᠡᠶ᠎ᠡ ᠭᠡᠵᠦ᠍ ᠪᠤᠳᠤᠯ᠎ᠠ》 ᠬᠡᠵᠤ ᠰᠢᠯᠢ ᠰᠢᠶᠠᠩ᠎ᠤᠨ ᠡᠪᠯᠡᠯ᠎ᠦᠨ ᠬᠣᠷᠢᠶᠠᠨ᠎ᠤ ᠱᠦᠵᠢ ᠯᠢᠦ ᠯᠦ᠍ ᠵᠢᠶᠠ ᠭᠠᠷ ᠤᠲᠠᠰᠤᠨ᠎ᠳᠠᠭᠠᠨ ᠬᠠᠳᠠᠭᠠᠯᠠᠵᠤ ᠪᠠᠢᠭ᠎ᠠ ᠡᠮᠵᠡᠭ ᠲᠤᠳᠠᠭᠳᠠᠯ ᠲᠠᠢ ᠠᠷᠪᠢᠨ ᠸᠢᠳᠢᠤ᠋ ᠪᠢᠴᠢᠯᠭᠡ ᠪᠠᠨ ᠰᠤᠷᠪᠤᠯᠵᠢᠯᠠᠭᠴᠢ᠎ᠳᠤ ᠦᠵᠡᠭᠦᠯᠬᠦ ᠵᠢᠨ ᠲᠠᠭᠠᠤ ᠢᠨᠢᠶᠡᠮᠰᠦᠭᠯᠡᠨ ᠶᠠᠷᠢᠨ᠎ᠠ᠃

ᠭᠡᠪᠡᠴᠦ ᠲᠡᠳᠡ ᠬᠦᠴᠢᠷ᠎ᠤ᠋ᠨ ᠡᠮᠦᠨ᠎ᠠ ᠵᠤᠷᠢᠭ ᠮᠢᠲᠠᠷᠠᠭᠰᠠᠨ ᠦᠭᠡᠢ᠂ ᠳᠠᠬᠢᠨ ᠳᠠᠪᠲᠠᠨ ᠰᠢᠩᠭᠡᠭᠡᠬᠦ ᠪᠡᠷ ᠲᠠᠮᠵᠢᠨ ᠸᠢᠳᠢᠤ᠋ ᠪᠢᠴᠢᠯᠭᠡ ᠰᠢᠩᠭᠡᠭᠡᠵᠦ ᠨᠠᠢᠷᠠᠭᠤᠯᠬᠤ ᠮᠡᠷᠭᠡᠵᠢᠯ ᠨᠢ ᠡᠳᠤᠷ ᠢᠷᠡᠭᠦᠶ᠎ᠠ ᠲᠡᠭᠡᠭᠰᠢᠯᠡᠪᠡ᠃ ᠡᠤ ᠬᠤ᠌ ᠯᠠᠡᠭ ᠲᠤᠰᠬᠤᠨ ᠤ᠋ ᠡᠪᠯᠡᠯ᠎ᠦᠨ ᠡᠭᠦᠷ᠎ᠦᠨ ᠱᠦᠵᠢ ᠼᠤᠤ ᠶᠠᠨ ᠴᠢᠩ ᠴᠡᠷᠢᠭ᠎ᠤᠨ ᠠᠯᠪᠠ᠎ᠡᠴᠡ ᠬᠠᠯᠠᠭᠳᠠᠭᠠᠳ ᠨᠤᠲᠤᠭ᠎ᠲᠠᠭᠠᠨ ᠪᠤᠴᠠᠭᠰᠠᠨ᠎ᠤ ᠳᠠᠷᠠᠭ᠎ᠠ ᠭᠠᠷ ᠤᠳᠠᠰᠤ ᠪᠡᠷ ᠵᠢᠡᠨ ᠲᠤᠬᠠᠢ᠎ᠶᠢᠨ ᠭᠠᠵᠠᠷ᠎ᠤᠨ ᠬᠥᠮᠦᠰ᠎ᠦᠨ ᠠᠩᠬᠠᠷᠳᠠᠭ ᠦᠭᠡᠢ ᠡᠵᠡᠭᠦᠢ ᠬᠡᠭᠡᠷ᠎ᠡ ᠬᠡᠪᠲᠡᠬᠦ ᠤᠷᠳᠤ ᠴᠠᠭᠠᠨ ᠬᠡᠷᠡᠮ᠎ᠦᠨ ᠪᠠᠭᠤᠷᠢ᠂ ᠰᠡᠬᠦᠶ᠋ᠢᠨ ᠰᠦᠨᠳᠡᠷᠯᠡᠬᠦ ᠪᠤᠷᠤ ᠤᠪᠤᠭ᠎ᠠ᠂ ᠰᠦᠷᠦᠭᠯᠡᠨ ᠳᠦᠩᠭᠦᠢᠬᠦ ᠭᠠᠯᠲᠤ᠌ ᠠᠭᠤᠯᠠ ᠵᠡᠷᠭᠡ ᠭᠠᠵᠠᠷ᠎ᠤᠨ ᠸᠢᠳᠢᠣ᠋ ᠪᠢᠴᠢᠯᠭᠡ ᠵᠢ ᠰᠦᠯᠵᠢᠶᠠᠨ ᠳ᠋ᠤ ᠲᠠᠮᠵᠢᠭᠤᠯᠪᠠ᠃ ᠲᠡᠭᠡᠬᠦ᠎ᠳᠤ ᠵᠠᠷᠢᠮ ᠬᠥᠮᠦᠨ《ᠳᠡᠩᠳᠡᠭᠦᠦ ᠬᠠᠭᠤᠷᠮᠠᠭ ᠵᠢᠡᠷ ᠵᠠᠰᠠᠵᠤ ᠪᠦᠲᠦᠭᠡᠭᠰᠡᠨ ᠸᠢᠳᠢᠤ᠋ ᠪᠢᠴᠢᠯᠭᠡ》 ᠬᠡᠵᠤ ᠰᠡᠵᠢᠭᠯᠡᠭᠰᠨᠨ ᠰᠠᠨᠠᠭ᠎ᠠ ᠲᠠᠢ ᠦᠭᠡ ᠦᠯᠡᠳᠡᠭᠡᠬᠦ ᠳ᠋ᠤ ᠼᠤᠤ ᠶᠠᠨ ᠴᠢᠩ ᠬᠠᠷᠢᠭᠤ ᠳ᠋ᠤᠨᠢ ᠶᠠᠭᠤ ᠴᠤ᠌ ᠬᠡᠯᠡᠭᠰᠡᠨ ᠦᠭᠡᠢ᠂ ᠲᠡᠷᠡ ᠳᠣᠣᠷ᠎ᠠ ᠨᠢ ᠸᠢᠳᠢᠣ᠋᠎ᠪᠠᠷ ᠬᠣᠯᠪᠣᠭ᠎ᠠ ᠠᠪᠤᠭᠠᠳ ᠭᠠᠷ ᠤᠲᠠᠰᠤᠨ᠎ᠤ ᠪᠠᠨ ᠰᠢᠩᠭᠡᠭᠡᠬᠦ ᠴᠢᠳᠠᠮᠵᠢ ᠵᠢ ᠨᠡᠭᠡᠭᠡᠭᠡᠳ᠂ ᠪᠣᠳᠠᠲᠤ᠌ ᠦᠵᠡᠮᠵᠢ ᠵᠦᠭ ᠬᠠᠨᠳᠤᠭᠤᠯᠤᠨ ᠨᠢᠭᠡ ᠡᠷᠭᠢᠭᠦᠯᠵᠦ᠂ ᠰᠠᠯᠬᠢᠨ᠎ᠤ ᠳᠠᠭᠤᠨ᠂ ᠡᠪᠡᠰᠦᠨ᠎ᠦ ᠦᠩᠭᠡ᠂ ᠴᠢᠯᠠᠭᠤᠨ᠎ᠤ ᠵᠢᠷᠤᠭ ᠲᠦᠷᠰᠤ ᠵᠢ ᠲᠣᠪ ᠲᠣᠳᠣᠷᠬᠠᠢ ᠦᠵᠡᠭᠦᠯᠦᠭᠰᠡᠨ ᠪᠠᠢᠯ᠎ᠠ᠃《ᠪᠢ ᠵᠢᠷᠤᠭ ᠲᠦᠷᠰᠤ ᠵᠢ ᠠᠯᠪᠠ ᠪᠡᠷ ᠭᠤᠶᠤ ᠪᠤᠯᠭᠠᠭᠰᠠᠠ ᠥᠬᠡᠶ᠂ ᠡᠨᠡ ᠪᠣᠯ ᠳᠠᠷᠤᠶ ᠮᠠᠨ᠎ᠤ ᠰᠢᠯᠢ᠎ᠭᠠᠵᠠᠷ᠎ᠤᠨ ᠦᠨᠡᠨ ᠦᠵᠡᠮᠵᠢ ᠪᠣᠯᠤᠨ᠎ᠠ》᠃ ᠡᠨᠡ ᠬᠦ᠌ ᠠᠰᠪᠤᠷ ᠰᠢᠯᠤᠭᠤᠨ ᠵᠠᠩ ᠨᠢ ᠬᠠᠮᠤᠭ᠎ᠤᠨ ᠰᠠᠶ᠋ᠢᠨ ᠤᠷᠢᠯᠭ᠎ᠠ᠎ᠪᠣᠯᠵᠣ᠂ ᠲᠤᠬᠠᠶ᠎ᠶᠢᠨ ᠡᠳᠦᠷ ᠵᠠᠷᠢᠮ ᠬᠥᠮᠦᠨ ᠴᠢᠮᠡᠭᠡ ᠢᠷᠡᠭᠦᠯᠦᠭᠡᠳ ᠬᠠᠶᠢᠭ᠎ᠢ ᠨᠢ ᠯᠠᠪᠯᠠᠨ ᠠᠰᠠᠭᠤᠵᠤ᠂ ᠬᠣᠶᠠᠷ ᠡᠳᠦᠷ ᠤ᠋ᠨ ᠲᠠᠷᠠᠭ᠎ᠠ ᠵᠢᠭᠤᠯᠴᠢᠯᠠᠭᠰᠡᠳ ᠦᠪᠡᠰᠤᠪᠠᠨ ᠲᠡᠷᠭᠡ ᠵᠢᠯᠣᠭᠣᠳᠤᠨ ᠢᠷᠡᠵᠡᠭᠡᠯ᠎ᠠ᠃

ᠰᠡᠬᠦᠯᠠᠷ ᠨᠢ ᠡᠨᠡ ᠨᠤᠲᠤᠭ ᠤ᠋ᠨ ᠤᠤᠭᠠᠯ ᠪᠤᠯᠬᠤ ᠣᠷᠭᠢᠯ ᠵᠢᠷᠤᠭ ᠰᠡᠭᠦᠳᠡᠷ ᠠᠪᠬᠤ ᠭᠠᠵᠠᠷ᠎ᠢᠶᠠᠨ ᠥᠪᠡᠷ᠎ᠦᠨ︽ᠮᠠᠨᠢᠲᠤ᠌ ᠮᠠᠯᠵᠢᠯ᠎ᠤᠨ ᠲᠠᠯᠠᠪᠠᠶ︾ᠳ᠋ᠠᠭᠠᠨ ᠨᠡᠭᠦᠯᠭᠡᠵᠦ᠍ ᠠᠪᠴᠢᠷᠠᠵᠠᠢ᠃ ᠸᠢᠳᠢᠤ᠋ ᠪᠢᠴᠢᠯᠭᠡ ᠳ᠋ᠤ ᠲᠡᠷᠡ ᠮᠣᠷᠢ ᠤᠨᠤᠭᠠᠳ᠂ ᠨᠤᠭᠤ ᠭᠠᠵᠠᠷ᠎ᠢ ᠳᠤᠭᠤᠯᠤᠨ᠂ ᠨᠠᠯᠠᠤ ᠬᠥᠲᠥᠯ᠎ᠢ ᠳᠠᠪᠠᠵᠤ᠂ ᠤᠰᠤᠨ᠎ᠤ ᠲᠠᠩ ᠵᠢᠡᠷ ᠲᠤᠭᠤᠷᠢᠨ ᠶᠠᠪᠤᠵᠤ᠂ ᠨᠠᠷᠠ ᠲᠠᠰᠢᠬᠤ ᠦᠶ᠎ᠡ᠎ᠳᠦ ᠲᠦᠳᠡᠭ ᠭᠠᠯ᠎ᠤᠨ ᠳᠡᠷᠭᠡᠳᠡ ᠬᠦᠷᠢᠶᠡᠯᠡᠨ ᠰᠠᠭᠤᠭᠠᠳ ᠮᠣᠷᠢ ᠬᠣᠨᠢ ᠪᠠᠨ ᠬᠠᠷᠢᠭᠤᠯᠵᠤ᠂ ᠴᠠᠶ ᠤᠤᠭᠤᠵᠤ ᠮᠢᠬ᠎ᠠ ᠢᠳᠡᠨ᠎ᠡ᠃ ᠨᠠᠮᠤᠷ᠎ᠤᠨ ᠢᠰᠬᠡᠷᠬᠦ ᠰᠠᠯᠬᠢ ᠪᠣᠯᠤᠨ ᠲᠦᠳᠡᠭ ᠭᠠᠯ᠎ᠤᠨ ᠬᠠᠯᠠᠭᠤᠨ ᠢᠯᠴᠢ ᠳᠡᠯᠭᠡᠴᠡ ᠪᠡᠷ ᠲᠠᠮᠵᠢᠭᠳᠠᠬᠤ ᠳ᠋ᠤ ᠮᠠᠯᠵᠢᠯ ᠤ᠋ᠨ ᠲᠠᠯᠠᠪᠠᠢ ᠲᠠᠯ᠎ᠠ ᠵᠢᠨ ᠭᠦᠨ᠎ᠡᠴᠡ ᠣᠯᠠᠨ᠎ᠦ ᠬᠠᠷᠠᠭᠠᠨ᠎ᠳᠤ ᠬᠦᠷᠴᠦ᠂ ᠪᠤᠯᠵᠤᠬᠤ ᠤᠲᠠᠰᠤ ᠬᠣᠶ᠋ᠢᠨ᠎ᠠ ᠬᠣᠶ᠋ᠢᠨ᠎ᠠ᠎ᠠᠴᠠ᠎ᠪᠠᠨ ᠢᠷᠡᠵᠦ᠂ ᠵᠢᠭᠤᠯᠴᠢᠯᠠᠭᠰᠡᠳ ᠠᠷᠤ ᠠᠷᠤ ᠡᠴᠡ ᠪᠠᠨ ᠮᠤᠷᠢᠯᠠᠨ ᠰᠠᠭᠠᠳᠠᠵᠠᠭᠠᠪᠠ᠃ ᠣᠷᠭᠢᠯ《ᠤᠳᠤ ᠵᠢᠭᠤᠯᠴᠢᠯᠠᠭᠰᠡᠳ ᠤᠯᠠᠮ᠎ᠠᠴᠠ ᠤᠯᠠᠮ ᠣᠯᠠᠰᠢᠷᠠᠵᠤ ᠪᠠᠢᠨ᠎ᠠ᠂ ᠪᠢ ᠭᠠᠭᠴᠠᠭᠠᠷ᠎ᠢᠶᠠᠨ ᠶᠠᠭᠠᠷᠠᠵᠤ ᠠᠮᠵᠢᠬᠤ ᠦᠭᠡᠢ ᠪᠠᠢᠨ᠎ᠠ᠃ ᠲᠠᠷᠠᠭᠠᠴᠢ ᠪᠡᠷ ᠪᠢ ᠡᠷᠬᠢᠨ ᠲᠣᠭᠣᠷᠢᠨ᠎ᠤ ᠬᠡᠳᠦᠨ ᠡᠷᠦᠬᠡ ᠮᠠᠯᠴᠢᠳ ᠵᠢᠡᠨ ᠳᠠᠶ᠋ᠢᠴᠢᠯᠠᠵᠤ᠂ ᠣᠯᠠᠨ᠎ᠢᠶᠠᠷ᠎ᠢᠶᠠᠨ ᠬᠠᠮᠲᠤᠷᠠᠨ᠎ᠠᠵᠢᠯᠯᠠᠵᠤ᠂ ᠮᠠᠨ᠎ᠤ ᠭᠠᠴᠠᠭᠠᠨ᠎ᠤ᠎ᠪᠠᠨ ᠰᠣᠶᠣᠯ ᠵᠢᠭᠤᠯᠴᠢᠯᠠᠯ᠎ᠤᠨ ᠲᠦᠷᠦᠯ ᠲᠡᠮᠳᠡᠭ᠎ᠢ ᠡᠭᠦᠳᠬᠦ᠌᠎ᠪᠡᠷ ᠲᠥᠯᠥᠪᠯᠡᠵᠦ᠍ ᠪᠠᠶ᠋ᠢᠨ᠎ᠠ》ᠭᠡᠵᠤ ᠰᠤᠷᠪᠤᠯᠵᠢᠯᠠᠭᠴᠢ᠎ᠳᠤ ᠢᠨᠢᠶᠡᠮᠰᠦᠭᠯᠡᠨ ᠶᠠᠷᠢᠯ᠎ᠠ᠃

6 ᠰᠠᠷ᠎ᠠ᠎ᠶᠢᠨ 18 ᠎ᠤ᠋ ᠡᠳᠦᠷ ᠠᠩᠬᠠᠨ᠎ᠤ ᠸᠢᠳᠢᠣ᠋ ᠪᠢᠴᠢᠯᠭᠡ ᠰᠦᠯᠵᠢᠶᠡᠨ᠎ᠳᠦ ᠭᠠᠷᠤᠭᠰᠠᠨ᠎ᠠᠴᠠ ᠨᠠᠭᠠᠰᠢ《ᠰᠢᠯᠢ ᠪᠡᠷ ᠲᠠᠪᠠᠲᠠᠢ ᠵᠢᠭᠤᠯᠴᠢᠯᠠᠬᠤ ᠲᠥᠯᠥᠪᠯᠡᠭᠡ》ᠵᠢᠨ ᠠᠩᠬᠠᠷᠤᠯ᠎ᠤᠨ ᠬᠡᠮᠵᠢᠶ᠎ᠡ ᠦᠷᠭᠦᠯᠵᠢᠯᠡᠨ ᠳᠡᠭᠡᠭᠰᠢᠯᠡᠵᠦ᠍᠂ ᠭᠠᠭᠴᠠ ᠸᠢᠳᠢᠣ᠋ ᠪᠢᠴᠢᠯᠭᠡ ᠵᠢ 9.7 ᠲᠦᠮᠡᠨ ᠬᠦᠮᠦᠨ ᠤᠳᠠᠭ᠎ᠠ ᠦᠵᠡᠵᠦ᠍᠂ 949 ᠬᠦᠮᠦᠨ ᠤᠳᠠᠭ᠎ᠠ ᠮᠠᠭᠲᠠᠨ ᠰᠠᠶ᠋ᠢᠰᠢᠶᠠᠵᠤ᠂ 1075 ᠬᠦᠮᠦᠨ ᠤᠳᠠᠭ᠎ᠠ ᠳᠠᠮᠵᠢᠭᠤᠯᠤᠨ ᠲᠠᠷᠬᠠᠭᠠᠵᠤ᠂ 1159 ᠬᠦᠮᠦᠨ ᠤᠳᠠᠭ᠎ᠠ ᠬᠠᠳᠠᠭᠠᠯᠠᠵᠠᠢ᠃ ᠬᠦᠮᠦᠨ ᠤ᠋ ᠠᠡᠭᠬᠠᠷᠤᠯ ᠢ᠋ ᠲᠠᠳᠠᠭᠰᠠᠨ ᠰᠢᠯᠢᠳᠡᠭ ᠪᠦᠲᠦᠭᠡᠯ ᠵᠠᠯᠭᠠᠭ᠎ᠠ᠎ᠪᠠᠷ ᠢᠯᠡᠷᠡᠵᠦ᠍᠂ ᠲᠠᠯ᠎ᠠ ᠨᠤᠲᠤᠭ᠎ᠤᠨ ᠦᠵᠡᠮᠵᠢ᠎ᠶᠢ ᠨᠠᠡᠭ ᠦᠷᠬᠡᠨ ᠬᠡᠪᠴᠢᠶᠠᠨ ᠳ᠋ᠤ ᠰᠠᠴᠤᠯ᠎ᠠ᠃

ᠢᠢᠨ ᠬᠦ᠌ ᠰᠦᠯᠵᠢᠶᠡᠨ ᠳᠡᠭᠡᠷᠡᠬᠢ ᠬᠠᠯᠠᠮᠰᠢᠯ ᠨᠢ ᠮᠠᠰᠢ ᠲᠦᠷᠭᠡᠨ ᠵᠢᠡᠷ ᠵᠢᠭᠤᠯᠴᠢᠯᠠᠭᠰᠡᠳ᠎ᠤᠨ ᠤᠷᠤᠰᠬᠠᠯ ᠪᠠ ᠠᠰᠢᠭ ᠣᠷᠣᠯᠭ᠎ᠠ ᠪᠣᠯᠵᠤ ᠬᠤᠪᠢᠷᠠᠪᠠ᠃ 8 ᠰᠠᠷ᠎ᠠ᠎ᠶᠢᠨ ᠡᠴᠦᠰ ᠪᠣᠯᠲᠠᠯ᠎ᠠ ᠪᠥᠬᠥ᠌ ᠰᠢᠶᠠᠩ᠎ᠳᠤ 6000 ᠭᠠᠷᠤᠶ ᠵᠢᠭᠤᠯᠴᠢᠯᠠᠭᠴᠢ ᠵᠢ ᠲᠡᠳᠡᠨ ᠠᠪᠴᠢᠷᠠᠵᠤ᠂ ᠵᠢᠭᠤᠯᠴᠢᠯᠠᠯ᠎ᠤᠨ ᠣᠷᠣᠯᠭ᠎ᠠ᠎ᠶᠢ 5 ᠲᠦᠮᠡ ᠰᠢᠬᠠᠮ ᠲᠥᠭᠥᠷᠢᠭ ᠨᠡᠮᠡᠭᠳᠡᠭᠦᠯᠵᠦ᠍᠂ ᠣᠬᠣᠷ ᠸᠢᠳᠢᠣ᠋ ᠪᠢᠴᠢᠯᠭᠡ ᠪᠡᠷ ᠲᠠᠮᠵᠢᠨ ᠦᠬᠡᠷ ᠬᠣᠨᠢᠨ ᠮᠢᠬ᠎ᠠ ᠪᠠ ᠲᠠᠬᠢᠶᠠᠨ ᠥᠨᠳᠡᠭᠡ ᠵᠢ ᠬᠡᠳᠦᠨ ᠮᠢᠩᠭᠠᠨ ᠵᠢᠩ ᠬᠤᠳᠠᠯᠳᠤᠨ᠂ ᠬᠥᠳᠡᠭᠡ ᠲᠣᠰᠬᠣᠨ᠎ᠤ ᠬᠡᠭᠡᠷ᠎ᠡ ᠪᠠᠭᠤᠳᠠᠯᠯᠠᠬᠤ ᠭᠠᠵᠠᠷ᠂ ᠭᠡᠷ ᠪᠠᠭᠤᠳᠠᠯ ᠵᠡᠷᠭᠡ ᠰᠢᠨ᠎ᠡ ᠡᠵᠡᠩᠨᠡᠯᠲᠡ᠎ᠶᠢᠨ ᠬᠡᠯᠪᠡᠷᠢ ᠪᠠᠶ᠋ᠢᠳᠠᠯ ᠰᠣᠶᠣᠭᠠᠯᠠᠵᠤ ᠡᠬᠢᠯᠡᠨ᠂ ᠤᠢᠷ᠎ᠠ ᠬᠠᠪᠢ ᠳ᠋ᠤ 67 ᠠᠵᠢᠯ᠎ᠤᠨ ᠪᠠᠶ᠋ᠢᠷᠢ ᠨᠡᠮᠡᠭᠳᠡᠵᠤ᠂ ᠮᠠᠯᠴᠢᠳ ᠬᠡᠷ᠎ᠦᠨ᠎ᠢᠶᠡᠨ ᠡᠭᠦᠳᠡᠨ᠎ᠳᠡᠭᠡᠨ ᠰᠢᠨ᠎ᠡ ᠠᠵᠢᠯ᠎ᠲᠡᠶ ᠪᠣᠯᠪᠠ᠃

ᠬᠦᠮᠦᠨ᠎ᠤ ᠠᠩᠬᠠᠷᠤᠯ᠎ᠳᠤ ᠥᠬᠡᠶ ᠪᠠᠶ᠋ᠢᠭᠰᠠᠨ᠎ᠠᠴᠠ ᠵᠢᠭᠤᠯᠴᠢᠯᠠᠭᠰᠡᠳ ᠵᠤᠷᠢᠵᠤ ᠢᠷᠡᠬᠦ ᠪᠤᠯᠳᠠᠯ᠎ᠠ᠂ ᠨᠤᠲᠤᠭ ᠵᠢᠡᠨ ᠬᠡᠰᠡᠨ 14 ᠵᠠᠯᠠᠭᠤ ᠵᠢᠨ ᠬᠦᠰᠡᠯ ᠬᠦᠭᠡᠭᠡᠴᠡᠯᠳᠤᠯ ᠤ᠋ᠨ ᠬᠠᠷᠢᠭᠤ ᠳ᠋ᠤ ᠰᠢᠯᠢ ᠰᠢᠶᠠᠩ᠎ᠳᠤ ᠰᠠᠭᠠᠲᠠᠬᠤ ᠵᠢᠭᠤᠯᠴᠢᠯᠠᠭᠴᠢ ᠲᠠᠢ ᠪᠤᠯᠵᠤ᠂ ᠮᠠᠯᠴᠢᠳ᠎ᠤᠨ ᠣᠷᠣᠯᠭ᠎ᠠ ᠨᠡᠮᠡᠭᠳᠡᠭᠰᠡᠨ ᠵᠢᠡᠷ ᠪᠠᠷᠠᠬᠤ ᠦᠭᠡᠢ ᠪᠠᠰᠠ ᠰᠢᠨ᠎ᠡ ᠠᠵᠢᠯ᠎ᠤᠨ ᠪᠠᠶ᠋ᠢᠷᠢ ᠨᠡᠮᠡᠭᠳᠡᠨ᠂ ᠬᠦᠭᠵᠢᠨ ᠴᠡᠴᠡᠭᠯᠡᠬᠦ ᠢᠷᠡᠭᠡᠳᠦᠢ ᠵᠢ ᠴᠢᠭᠯᠡᠨ ᠲᠡᠮᠡᠦᠯᠵᠡᠭᠡᠨ᠎ᠡ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面