ᠲᠡᠷᠢᠭᠦᠨ ᠨᠢᠭᠤᠷ>ᠠᠮᠢᠳᠤᠷᠠᠯ ᠥᠷᠲᠡᠭᠡ>ᠦᠯᠢᠭᠡᠷ

2026-08-14 15:05:19

ᠵᠣᠬᠢᠶᠠᠭ᠍ᠴᠢ᠄ ᠳᠠᠪᠱᠢᠯᠲᠤ ᠨᠡᠷᠡᠨ᠎ᠡ ᠪᠠᠢ ᠰᠡᠷᠭᠦᠯᠡᠩ ᠰᠡᠴᠡᠨ ᠣᠩᠱᠢᠭ᠍ᠰᠠᠨ ᠣᠳᠠᠭ᠎ᠠ᠄ 3

ᠠᠯᠠᠱᠠ ᠠᠢᠮᠠᠭ᠎ᠤᠨ 《ᠳᠠᠪᠤᠰᠤᠨ᠎ᠤ ᠱᠢᠷ᠎ᠠ ᠵᠠᠮ》 ᠰᠣᠶᠣᠯ ᠵᠢᠭᠤᠯᠴᠢᠯᠠᠯ᠎ᠢ ᠨᠡᠭᠡᠭᠡᠨ ᠬᠥᠭ᠌ᠵᠢᠭᠦᠯᠬᠦ᠌ ᠬᠢᠵᠠᠭᠠᠷᠲᠤ ᠺᠤᠮᠫᠠᠨᠢ᠎ᠶ᠋ᠢᠨ ᠳᠠᠭᠠᠭᠠᠮᠠᠯ ᠪᠠᠲᠤᠪᠠᠭᠠᠨ᠎ᠠ ᠪᠣᠯ ᠠᠯᠠᠱᠠ ᠵᠡᠭᠦᠨ ᠬᠤᠱᠢᠭᠤᠨ᠎ᠤ ᠵᠢᠷᠠᠲᠠᠢ ᠪᠠᠯᠭᠠᠰᠤᠨ᠎ᠤ ᠵᠤᠭᠤᠰᠳᠤᠯᠤᠭᠠᠢ ᠭᠠᠴᠠᠭ᠎ᠠ ᠪᠡᠷ ᠨᠤᠲᠤᠭ᠎ᠲᠠᠢ ᠬᠥᠮᠥᠨ ᠶᠤᠮ᠃ ᠨᠡᠢᠭᠡᠮ᠎ᠤᠨ ᠥᠨᠢᠷ ᠬᠥᠭ᠌ᠵᠢᠯᠲᠡ᠎ᠶ᠋ᠢ ᠳᠠᠭᠠᠯᠳᠤᠨ ᠲᠡᠮᠡᠭᠡᠨ ᠠᠶᠠᠨ ᠲᠡᠷᠭᠡᠨ᠎ᠤ ᠠᠶᠠᠨ᠎ᠢᠶᠠᠷ ᠣᠷᠣᠯᠠᠭ᠍ᠳᠠᠭ᠍ᠰᠠᠨ ᠡᠨᠡ ᠴᠠᠭ᠎ᠲᠤ ᠠᠶᠠᠨ᠎ᠤ ᠴᠤᠪᠤᠭ᠎ᠠ᠎ᠶ᠋ᠢ ᠠᠶᠠᠯᠠᠯ ᠵᠢᠭᠤᠯᠴᠢᠯᠠᠯ᠎ᠤᠨ ᠴᠤᠪᠤᠭ᠎ᠠ ᠪᠣᠯᠭᠠᠨ ᠬᠥᠭ᠌ᠵᠢᠭᠦᠯᠵᠦ᠍᠂ ᠨᠤᠲᠤᠭ᠎ᠢᠶᠠᠨ ᠭᠡᠰᠡᠨ᠂ ᠰᠣᠶᠣᠯ᠎ᠢᠶᠠᠨ ᠭᠡᠰᠡᠨ ᠬᠠᠢᠷ᠎ᠠ ᠰᠡᠳᠭᠢᠯᠭᠡ᠎ᠪᠠᠷ ᠬᠤᠯᠠ ᠣᠢᠷ᠎ᠠ᠎ᠶ᠋ᠢᠨ ᠵᠢᠭᠤᠯᠴᠢᠯᠭ᠍ᠠᠰᠠᠳ᠎ᠲᠤ ᠵᠣᠷᠢᠭᠤᠯᠤᠨ ᠰᠢᠨ᠎ᠠ ᠪᠦᠳᠤᠬᠡᠭᠳᠡᠬᠦᠨ ᠵᠢᠠᠨ ᠵᠠᠬ᠎ᠠ ᠲᠡᠯᠬᠡᠬᠦᠷ ᠲᠤ᠌ ᠭᠠᠷᠭᠠᠭᠰᠠᠠ ᠪᠠᠢᠨ᠎ᠠ᠃


1.png


ᠪᠠᠳᠤᠪᠠᠭᠠᠨ᠎ᠠ ᠲᠡᠯᠬᠡᠬᠦᠷ ᠲᠡᠬᠡᠨ


ᠳᠤᠰ ᠪᠦᠳᠤᠬᠡᠭᠳᠡᠬᠦᠨ ᠨᠢ ᠲᠠᠷᠤᠢ ᠣᠢᠷ᠎ᠠ᠎ᠳᠤ ᠠᠯᠠᠱᠠ ᠠᠢᠮᠠᠭ᠎ᠤᠨ 《ᠳᠠᠪᠤᠰᠤᠨ᠎ᠤ ᠱᠢᠷ᠎ᠠ ᠵᠠᠮ》 ᠰᠣᠶᠣᠯ ᠵᠢᠭᠤᠯᠴᠢᠯᠠᠯ᠎ᠢ ᠨᠡᠭᠡᠭᠡᠨ ᠬᠥᠭ᠌ᠵᠢᠭᠦᠯᠬᠦ᠌ ᠬᠢᠵᠠᠭᠠᠷᠲᠤ ᠺᠤᠮᠫᠠᠨᠢ᠎ᠶ᠋ᠢᠨ ᠰᠤᠳᠤᠯᠤᠨ ᠦᠢᠯᠡᠳᠪᠦᠷᠢᠯᠡᠭ᠌ᠰᠡᠨ 《ᠰᠡᠳᠭᠢᠯ᠎ᠤᠨ ᠷᠠᠱᠢᠶᠠᠨ》 ᠤᠤᠭᠤᠬᠤ ᠤᠰᠤ ᠪᠣᠯᠣᠨ 《ᠠᠶᠠᠨ᠎ᠤ ᠲᠠᠷᠠᠰᠤ》 ᠪᠤᠯᠤᠨ᠎ᠠ᠃ ᠪᠠᠳᠤᠪᠠᠭᠠᠨ᠎ᠠ ᠵᠢᠨ ᠡᠷᠬᠢᠯᠡᠨ ᠬᠢᠵᠤ ᠪᠠᠢᠭ᠎ᠠ ᠺᠤᠮᠫᠠᠨᠢ 《ᠰᠣᠶᠣᠯ ᠵᠢᠭᠤᠯᠴᠢᠯᠠᠯ + ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ》 ᠡᠵᠡᠩᠨᠡᠯᠲᠡ᠎ᠶ᠋ᠢᠨ ᠭᠡᠯᠪᠡᠷᠢ᠎ᠶ᠋ᠢ ᠡᠭᠦᠳᠴᠦ᠍᠂ ᠣᠷᠣᠨ ᠨᠤᠲᠤᠭ᠎ᠤᠨ ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ᠎ᠤ ᠲᠦᠷᠤᠯ ᠲᠡᠮᠳᠡᠭ᠎ᠢ ᠡᠭᠦᠳᠦᠨ᠂ ᠲᠡᠦᠬᠡ ᠬᠦᠦᠷᠨᠢᠭ᠌ᠰᠡᠨ ᠳᠠᠪᠤᠰᠤᠨ ᠠᠶᠠᠨ᠎ᠤ ᠵᠠᠮ᠂ ᠠᠶᠠᠨ᠎ᠤ ᠰᠣᠶᠣᠯ᠎ᠢ ᠪᠣᠳᠠᠲᠠᠢ ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ᠎ᠳᠤ ᠠᠭᠤᠰᠭᠠᠨ ᠱᠢᠩᠭᠡᠭᠡᠵᠦ᠍᠂ ᠤᠯᠠᠮᠵᠢᠯᠠᠨ ᠳᠡᠯᠭᠡᠷᠡᠭᠦᠯᠬᠦ᠌ ᠦᠢᠯᠡᠰ᠎ᠲᠤ ᠪᠡᠶ᠎ᠡ ᠰᠡᠳᠭᠢᠯ᠎ᠢᠶᠠᠨ ᠴᠢᠯᠡᠭᠡᠵᠦ᠍ ᠶᠠᠪᠤᠭ᠎ᠠ᠎ᠨᠢ ᠪᠢᠱᠢᠷᠡᠯᠲᠡᠢ᠃ ᠠᠯᠠᠱᠠ ᠨᠤᠲᠤᠭ᠎ᠤᠨ ᠰᠣᠶᠣᠯ ᠵᠢᠭᠤᠯᠴᠢᠯᠠᠯ᠎ᠤᠨ ᠴᠢᠨᠠᠷ ᠰᠠᠢᠲᠠᠢ ᠬᠥᠭ᠌ᠵᠢᠯᠲᠡ᠎ᠳᠤ ᠬᠦᠴᠦᠨ ᠨᠡᠮᠡᠷᠢᠯᠡᠵᠦ᠍᠂ ᠰᠣᠶᠣᠯ ᠵᠢᠭᠤᠯᠴᠢᠯᠠᠯ᠎ᠢᠶᠠᠷ ᠬᠥᠳᠡᠭᠡ ᠲᠤᠰᠭᠤᠨ ᠮᠠᠯᠵᠢᠬᠤ ᠣᠷᠣᠨ᠎ᠤ ᠵᠢᠭᠤᠯᠴᠢᠯᠠᠯ᠎ᠤᠨ ᠠᠵᠤ ᠠᠬᠤᠢ ᠪᠣᠯᠣᠨ ᠠᠱᠢᠭ ᠤᠷᠤᠯᠭ᠎ᠠ᠎ᠶ᠋ᠢ ᠲᠠᠢᠴᠢᠯᠠᠵᠤ ᠪᠠᠢᠭ᠎ᠠ ᠥᠢᠯᠠ ᠠᠵᠢᠯᠯᠠᠭ᠎ᠠ᠎ᠨᠢ ᠨᠡᠩ ᠭᠦᠨᠳᠤᠳᠭᠡᠯᠳᠠᠢ ᠪᠤᠶᠤ᠃


2.png


ᠰᠢᠨ᠎ᠠ ᠪᠦᠳᠤᠬᠡᠭᠳᠡᠬᠦᠨ


ᠠᠯᠠᠱᠠ ᠠᠢᠮᠠᠭ᠎ᠤᠨ 《ᠳᠠᠪᠤᠰᠤᠨ᠎ᠤ ᠱᠢᠷ᠎ᠠ ᠵᠠᠮ》 ᠰᠣᠶᠣᠯ ᠵᠢᠭᠤᠯᠴᠢᠯᠠᠯ᠎ᠢ ᠨᠡᠭᠡᠭᠡᠨ ᠬᠥᠭ᠌ᠵᠢᠭᠦᠯᠬᠦ᠌ ᠬᠢᠵᠠᠭᠠᠷᠲᠤ ᠺᠤᠮᠫᠠᠨᠢ 2016 ᠣᠨ᠎ᠳᠤ ᠪᠠᠢᠭᠤᠯᠤᠭ᠍ᠳᠠᠭ᠍ᠰᠠᠨ᠎ᠠᠴᠠ ᠨᠠᠭᠠᠰᠢ ᠵᠢᠷᠠᠲᠠᠢ᠎ᠶ᠋ᠢᠨ ᠳᠠᠪᠤᠰᠤ᠎ᠶ᠋ᠢ ᠲᠡᠮᠡᠭᠡ᠎ᠪᠠᠷ ᠠᠴᠢᠵᠤ ᠪᠠᠢᠭ᠍ᠰᠠᠨ ᠲᠡᠦᠬᠡ᠎ᠶ᠋ᠢ ᠰᠡᠬᠦᠵᠦ᠍᠂ ᠥᠷᠭᠡᠨ ᠤᠯᠠᠨ ᠵᠢᠭᠤᠯᠴᠢᠯᠭ᠍ᠠᠰᠠᠳ᠎ᠢ ᠳᠠᠪᠤᠰᠤᠨ ᠠᠶᠠᠨ᠎ᠤ ᠵᠠᠮ᠎ᠢᠶᠠᠷ ᠳᠠᠭᠠᠭᠤᠯᠤᠨ᠂ ᠠᠶᠠᠨ᠎ᠤ ᠲᠡᠦᠬᠡ᠎ᠶ᠋ᠢ ᠣᠢᠯᠠᠭᠠᠭᠤᠯᠤᠨ ᠵᠠᠮ ᠵᠠᠭᠤᠷ᠎ᠠ ᠪᠠᠢᠭ᠎ᠠ ᠦᠵᠡᠮᠵᠢ᠎ᠶ᠋ᠢᠨ ᠣᠷᠣᠨ᠎ᠢ ᠰᠣᠨᠢᠷᠬᠠᠭᠤᠯᠳᠠᠭ᠎ᠠᠴᠠ ᠭᠠᠳᠠᠨ᠎ᠠ ᠵᠢᠷᠠᠲᠠᠢ᠎ᠶ᠋ᠢᠨ ᠳᠠᠪᠤᠰᠤᠨ ᠠᠶᠠᠨ᠎ᠤ ᠰᠣᠶᠣᠯ᠎ᠲᠠᠢ ᠬᠤᠯᠪᠣᠭ᠍ᠳᠠᠬᠤ ᠪᠤᠶᠤ ᠵᠢᠷᠠᠲᠠᠢ᠎ᠶ᠋ᠢᠨ ᠳᠠᠪᠤᠰᠤ ᠠᠭᠤᠯᠤᠭ᠍ᠰᠠᠨ ᠬᠤᠷᠢᠭᠠᠳ ᠲᠥᠷᠥᠯ᠎ᠤᠨ ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ᠎ᠢ ᠦᠢᠯᠡᠳᠪᠦᠷᠢᠯᠡᠨ ᠵᠠᠬ᠎ᠠ ᠳᠡᠯᠭᠡᠭᠦᠷ᠎ᠲᠤ ᠭᠠᠷᠭᠠᠵᠠᠢ᠃

ᠺᠤᠮᠫᠠᠨᠢ ᠪᠠᠢᠭᠤᠯᠤᠭ᠍ᠳᠠᠭ᠍ᠰᠠᠨ 10 ᠵᠢᠯ᠎ᠤᠨ ᠲᠤᠷᠰᠢ᠂ 60 ᠭᠠᠷᠤᠢ ᠲᠦᠮᠡᠨ ᠲᠥᠭᠦᠷᠢᠭ᠎ᠤᠨ ᠪᠡᠯᠡ ᠣᠷᠣᠭᠤᠯᠤᠨ ᠣᠷᠣᠨ ᠨᠤᠲᠤᠭ᠎ᠤᠨ ᠵᠢᠭᠤᠯᠴᠢᠯᠠᠯ᠎ᠤᠨ ᠦᠢᠯᠡᠰ᠎ᠢ ᠬᠥᠭ᠌ᠵᠢᠭᠦᠯᠬᠦ᠌᠎ᠶ᠋ᠢᠨ ᠬᠠᠮᠲᠤ 《ᠱᠢᠨ᠎ᠡ ᠭᠤᠶᠣᠬᠠᠨ》 ᠲᠡᠮᠳᠡᠭ᠌ᠲᠦ ᠱᠢᠳᠤ ᠤᠬᠢᠶᠠᠬᠤ ᠡᠳ᠋᠂ ᠳᠠᠪᠤᠰᠤᠨ ᠵᠢᠩ᠎ᠤᠨ ᠨᠠᠭᠠᠯᠲᠠ᠂ ᠨᠢᠭᠤᠷ ᠭᠤᠶᠣᠯᠠᠬᠤ ᠨᠠᠭᠠᠯᠲᠠ᠂ ᠠᠶᠠᠨ᠎ᠤ ᠲᠠᠷᠠᠰᠤ᠂ ᠪᠥᠭᠡᠷᠡᠭ᠎ᠤᠨ ᠴᠡᠴᠡᠭ᠎ᠲᠠᠢ ᠪᠠᠯ᠂ ᠵᠢᠭ᠌ᠳᠡ᠎ᠶ᠋ᠢᠨ ᠴᠡᠴᠡᠭ᠎ᠲᠠᠢ ᠪᠠᠯ᠂ ᠰᠡᠳᠭᠢᠯ᠎ᠤᠨ ᠷᠠᠱᠢᠶᠠᠨ ᠪᠣᠯᠣᠨ ᠵᠢᠷᠠᠲᠠᠢ᠎ᠶ᠋ᠢᠨ ᠵᠢᠭ᠌ᠳᠡ᠂ ᠤᠯᠠᠭᠠᠨ ᠭᠤᠶᠣᠣ᠎ᠶ᠋ᠢᠨ ᠪᠦᠲᠦᠭᠡᠭ᠌ᠳᠡᠬᠦᠨ ᠵᠡᠷᠭᠡ ᠣᠷᠣᠨ ᠨᠤᠲᠤᠭ᠎ᠤᠨ ᠢᠳᠡᠭᠡᠨ ᠤᠮᠳᠠᠭᠠᠨ᠂ ᠣᠨᠴᠠ ᠭᠠᠷᠤᠯᠲᠠ ᠪᠣᠯᠣᠨ ᠡᠷᠡᠭᠦᠯᠵᠢᠯ᠎ᠤᠨ ᠪᠣᠳᠠᠰ᠎ᠢ ᠬᠠᠮᠤᠷᠤᠭ᠍ᠰᠠᠨ ᠬᠤᠷᠢᠭᠠᠳ ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ᠎ᠢ ᠦᠢᠯᠡᠳᠪᠦᠷᠢᠯᠡᠨ᠂ ᠵᠢᠷᠠᠲᠠᠢ᠎ᠶ᠋ᠢᠨ ᠳᠠᠪᠤᠰᠤ᠂ ᠳᠠᠪᠤᠰᠤᠨ ᠠᠶᠠᠨ᠎ᠤ ᠰᠣᠶᠣᠯ᠎ᠢ ᠬᠤᠯᠠ ᠣᠢᠷ᠎ᠠ᠎ᠶ᠋ᠢᠨ ᠵᠢᠭᠤᠯᠴᠢᠯᠭ᠍ᠠᠰᠠᠳ᠎ᠲᠤ ᠤᠬᠠᠭᠤᠯᠵᠤ᠂ 《ᠳᠠᠪᠤᠰᠤᠨ᠎ᠤ ᠱᠢᠷ᠎ᠠ ᠵᠠᠮ》᠂ 《ᠱᠢᠨ᠎ᠡ ᠭᠤᠶᠣᠬᠠᠨ》 ᠮᠡᠲᠦ ᠰᠣᠶᠣᠯ ᠵᠢᠭᠤᠯᠴᠢᠯᠠᠯ᠎ᠤᠨ ᠲᠦᠷᠤᠯ ᠲᠡᠮᠳᠡᠭ ᠪᠣᠯᠣᠨ ᠲᠠᠸᠠᠷ᠎ᠤᠨ ᠲᠡᠮᠳᠡᠭ᠎ᠨᠢ ᠨᠢᠭᠡᠨᠲᠡ ᠠᠯᠠᠱᠠ ᠨᠤᠲᠤᠭ᠎ᠤᠨ ᠰᠣᠶᠣᠯ ᠵᠢᠭᠤᠯᠴᠢᠯᠠᠯ᠎ᠤᠨ ᠨᠡᠷᠡᠳᠤ ᠲᠡᠮᠳᠡᠭ ᠪᠣᠯᠤᠭ᠍ᠰᠠᠨ᠎ᠢᠶᠠᠷ ᠪᠠᠷᠠᠬᠤ ᠦᠭᠡᠢ ᠪᠦᠭᠦ᠌ ᠣᠷᠣᠨ᠂ ᠪᠦᠭᠦ᠌ ᠤᠯᠤᠰ᠎ᠲᠤ ᠨᠡᠷ᠎ᠡ ᠨᠥᠯᠥᠭᠡ᠎ᠲᠠᠢ ᠰᠣᠶᠣᠯ ᠵᠢᠭᠤᠯᠴᠢᠯᠠᠯ᠎ᠤᠨ ᠨᠡᠷᠡᠳᠤ ᠲᠡᠮᠳᠡᠭ ᠪᠣᠯᠤᠭ᠍ᠰᠠᠨ ᠪᠠᠢᠨ᠎ᠠ᠃



ᠤᠷᠤᠨ ᠨᠤᠳᠤᠭ᠎ᠤᠨ ᠤᠨᠴᠠ ᠭᠠᠷᠤᠯᠳᠠ ᠬᠢᠬᠡᠳ ᠢᠳᠡᠬᠡᠨ ᠤᠮᠳᠠᠭᠠᠨ


2023 ᠣᠨ᠎ᠳᠤ 《ᠱᠢᠨ᠎ᠡ ᠭᠤᠶᠣᠬᠠᠨ》 ᠲᠡᠮᠳᠡᠭ᠌ᠲᠦ ᠱᠢᠳᠤ ᠤᠬᠢᠶᠠᠬᠤ ᠡᠳ᠋᠎ᠨᠢ ᠲᠤᠮᠳᠠᠳᠤ ᠤᠯᠤᠰ᠎ᠤᠨ ᠣᠨᠴᠠᠯᠢᠭ᠍ᠲᠤ ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ᠎ᠤ ᠤᠷᠤᠯᠳᠤᠭᠠᠨ᠎ᠳᠤ ᠱᠢᠯᠢᠳᠡᠭ ᠪᠦᠲᠦᠭᠡᠭ᠌ᠳᠡᠬᠦᠨ᠎ᠢᠶᠠᠷ ᠲᠣᠳᠣᠷᠠᠵᠤ᠂ 2025 ᠣᠨ᠎ᠳᠤ ᠪᠦᠭᠦ᠌ ᠤᠯᠤᠰ᠎ᠤᠨ ᠥᠯᠢᠭᠡᠷ᠎ᠲᠠᠢ ᠨᠡᠷᠡᠳᠤ ᠲᠡᠮᠳᠡᠭ ᠵᠢᠴᠢ ᠳᠣᠯᠣᠳᠤᠭᠠᠷ ᠬᠤᠭᠤᠴᠠᠭᠠᠨ᠎ᠤ ᠥᠪᠥᠷ ᠮᠣᠩᠭᠤᠯ᠎ᠤᠨ ᠮᠠᠯ ᠠᠵᠤ ᠠᠬᠤᠢ᠎ᠶ᠋ᠢᠨ ᠪᠦᠲᠦᠭᠡᠭ᠌ᠳᠡᠬᠦᠨ᠎ᠤ ᠨᠡᠷᠡᠳᠤ ᠲᠡᠮᠳᠡᠭ᠎ᠤᠨ ᠤᠷᠤᠯᠳᠤᠭᠠᠨ᠎ᠳᠤ 《ᠵᠢᠷᠠᠲᠠᠢ᠎ᠶ᠋ᠢᠨ ᠳᠠᠪᠤᠰᠤᠨ ᠠᠶᠠᠨ᠎ᠤ ᠰᠣᠶᠣᠯ᠎ᠢ ᠥᠪᠯᠡᠨ ᠤᠯᠠᠮᠵᠢᠯᠠᠵᠤ ᠨᠡᠭᠡᠭᠡᠨ ᠬᠥᠭ᠌ᠵᠢᠭᠦᠯᠬᠦᠢ》 ᠭᠡᠳᠡᠭ ᠪᠦᠲᠦᠭᠡᠯ᠎ᠨᠢ ᠪᠣᠳᠠᠲᠤ ᠬᠦᠴᠦᠨ᠎ᠤ ᠲᠡᠰ᠎ᠤᠨ ᠱᠠᠩᠨᠠᠯ᠎ᠢ ᠲᠤᠰᠴᠠᠢ᠃

ᠠᠯᠠᠱᠠ ᠠᠢᠮᠠᠭ᠎ᠤᠨ ᠳᠠᠪᠤᠰᠤᠨ᠎ᠤ ᠱᠢᠷ᠎ᠠ ᠵᠠᠮ᠎ᠤᠨ ᠰᠣᠶᠣᠯ ᠵᠢᠭᠤᠯᠴᠢᠯᠠᠯ᠎ᠢ ᠨᠡᠭᠡᠭᠡᠨ ᠬᠥᠭ᠌ᠵᠢᠭᠦᠯᠬᠦ᠌ ᠬᠢᠵᠠᠭᠠᠷᠲᠤ ᠺᠤᠮᠫᠠᠨᠢ᠎ᠶ᠋ᠢᠨ ᠰᠤᠳᠤᠯᠤᠨ ᠦᠢᠯᠡᠳᠪᠦᠷᠢᠯᠡᠵᠦ᠍᠂ ᠨᠡᠭᠡᠭᠡᠨ ᠬᠥᠭ᠌ᠵᠢᠭᠦᠯᠦᠭ᠌ᠰᠡᠨ ᠡᠳᠡᠭᠡᠷ ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ᠎ᠨᠢ ᠠᠯᠠᠱᠠ ᠠᠢᠮᠠᠭ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ ᠵᠢᠴᠢ ᠪᠦᠭᠦ᠌ ᠤᠯᠤᠰ᠎ᠤᠨ ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ᠎ᠤ ᠳᠡᠯᠭᠡᠨ ᠦᠵᠡᠭᠦᠯᠭᠡ᠂ ᠱᠠᠩᠨᠠᠯᠲᠤ ᠤᠷᠤᠯᠳᠤᠭᠠᠨ᠎ᠳᠤ ᠣᠷᠣᠨ ᠨᠤᠲᠤᠭ᠎ᠤᠨ ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ ᠪᠣᠯᠣᠨ ᠨᠡᠷᠡᠳᠤ ᠲᠡᠮᠳᠡᠭ᠎ᠢᠶᠠᠷ ᠰᠣᠩᠭᠤᠭ᠍ᠳᠠᠨ ᠣᠷᠣᠯᠴᠠᠵᠠᠢ᠃ ᠡᠭᠦᠨ᠎ᠠᠴᠠ ᠭᠠᠳᠠᠨ᠎ᠠ ᠲᠤᠤ ᠪᠤᠤ᠂ ᠫᠢᠨ ᠳ᠋ᠥᠸᠧ ᠳ᠋ᠥᠸᠧ᠂ ᠲᠢᠺ ᠲᠤᠺ ᠵᠡᠷᠭᠡ ᠰᠦᠯᠵᠢᠶ᠎ᠡ ᠬᠤᠯᠪᠤᠭ᠎ᠠ᠎ᠪᠠᠷ ᠪᠦᠭᠦ᠌ ᠤᠯᠤᠰ᠎ᠤᠨ ᠬᠡᠪᠴᠢᠶᠡᠨ᠎ᠳᠤ ᠪᠣᠷᠣᠯᠠᠭᠤᠯᠤᠭ᠍ᠳᠠᠵᠤ᠂ ᠵᠢᠷᠠᠲᠠᠢ᠎ᠶ᠋ᠢᠨ ᠳᠠᠪᠤᠰᠤᠨ᠎ᠤ ᠢᠳᠡᠪᠬᠢ ᠦᠢᠯᠡᠳᠦᠯ᠂ ᠳᠠᠪᠤᠰᠤᠨ ᠠᠶᠠᠨ᠎ᠤ ᠰᠣᠶᠣᠯ᠎ᠢ ᠲᠠᠮ᠎ᠢᠶᠠᠷ ᠰᠤᠷᠲᠠᠯᠴᠢᠯᠠᠨ ᠤᠬᠠᠭᠤᠯᠵᠤ ᠪᠤᠢ᠃

《ᠮᠠᠨ᠎ᠤ ᠺᠤᠮᠫᠠᠨᠢ᠎ᠶ᠋ᠢ ᠪᠠᠢᠭᠤᠯᠤᠭ᠍ᠰᠠᠨ ᠭᠤᠣᠯ ᠵᠣᠷᠢᠯᠭ᠎ᠠ ᠪᠣᠯ ᠵᠢᠷᠠᠲᠠᠢ᠎ᠶ᠋ᠢᠨ ᠳᠠᠪᠤᠰᠤ᠎ᠶ᠋ᠢ ᠲᠡᠮᠡᠭᠡ᠎ᠪᠠᠷ ᠠᠴᠢᠵᠤ ᠪᠠᠢᠭ᠍ᠰᠠᠨ ᠲᠡᠦᠬᠡ᠎ᠪᠠᠨ ᠰᠡᠷᠭᠦᠭᠡᠵᠦ᠍᠂ ᠵᠢᠷᠠᠲᠠᠢ᠎ᠠᠴᠠ ᠳ᠋ᠧᠩᠺᠸᠤ ᠭᠦᠷᠳᠡᠯ᠎ᠡ ᠳᠠᠪᠤᠰᠤ ᠠᠴᠢᠵᠤ ᠪᠠᠢᠭ᠍ᠰᠠᠨ ᠠᠶᠠᠨ᠎ᠤ ᠤᠯᠠ ᠮᠥᠷ᠎ᠢᠶᠠᠷ ᠬᠤᠯᠠ ᠣᠢᠷ᠎ᠠ᠎ᠶ᠋ᠢᠨ ᠵᠢᠭᠤᠯᠴᠢᠯᠭ᠍ᠠᠰᠠᠳ᠎ᠢ ᠠᠶᠠᠯᠠᠭᠤᠯᠬᠤ᠂ ᠲᠡᠮᠡᠭᠡᠨ ᠰᠣᠶᠣᠯ ᠪᠠ ᠳᠠᠪᠤᠰᠤᠨ ᠰᠣᠶᠣᠯ᠎ᠢ ᠣᠢᠯᠠᠭᠠᠭᠤᠯᠬᠤ᠂ ᠠᠶᠠᠨᠴᠢᠨ᠎ᠤ ᠵᠣᠷᠢᠭ ᠰᠠᠨᠠᠭ᠎ᠠ᠎ᠶ᠋ᠢ ᠤᠯᠠᠮᠵᠢᠯᠠᠬᠤ ᠪᠠ ᠪᠦᠭᠦ᠌ ᠤᠷᠤᠨ ᠪᠦᠰᠡ ᠵᠢᠨ ᠵᠢᠭᠤᠯᠴᠢᠯᠠᠯ᠎ᠳᠤ ᠦᠢᠯᠡᠴᠢᠯᠡᠬᠦ᠌᠎ᠶ᠋ᠢᠨ ᠲᠥᠯᠥᠭᠡ ᠶᠤᠮ᠃ ᠡᠭᠦᠨ᠎ᠤ ᠳᠠᠭᠠᠤ᠎ᠳᠤ ᠡᠯ᠎ᠡ ᠵᠦᠢᠯ᠎ᠤᠨ ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ᠎ᠢ ᠦᠢᠯᠡᠳᠪᠦᠷᠢᠯᠡᠨ ᠨᠡᠢᠭᠡᠮ᠎ᠤᠨ ᠬᠥᠭ᠌ᠵᠢᠯᠲᠡ᠂ ᠰᠣᠶᠣᠯ ᠵᠢᠭᠤᠯᠴᠢᠯᠠᠯ᠎ᠤᠨ ᠬᠥᠭ᠌ᠵᠢᠯᠲᠡ᠎ᠳᠤ ᠲᠣᠬᠢᠷᠠᠭ᠍ᠰᠠᠨ᠂ ᠵᠢᠭᠤᠯᠴᠢᠯᠭ᠍ᠠᠰᠠᠳ ᠠᠪᠴᠤ᠌ ᠶᠠᠪᠤᠬᠤ᠎ᠳᠤ ᠲᠥᠭᠦᠮ᠂ ᠠᠯᠠᠱᠠ ᠨᠤᠲᠤᠭ᠎ᠤᠨ ᠣᠨᠴᠠᠯᠢᠭ᠎ᠢ ᠲᠥᠯᠥᠭᠡᠯᠡᠵᠦ᠍ ᠴᠢᠳᠠᠬᠤ ᠠᠯᠠᠱᠠ᠎ᠶ᠋ᠢᠨ ᠪᠡᠯᠡᠭ᠎ᠢ ᠦᠢᠯᠡᠳᠪᠦᠷᠢᠯᠡᠵᠦ᠍᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠥᠷᠭᠡᠨ ᠤᠯᠠᠨ ᠵᠢᠭᠤᠯᠴᠢᠯᠭ᠍ᠠᠰᠠᠳ ᠎ᠲᠤ ᠠᠯᠠᠱᠠ ᠨᠤᠲᠤᠭ᠎ᠢᠶᠠᠨ ᠤᠬᠠᠭᠤᠯᠬᠤ᠂ ᠠᠶᠠᠨ᠎ᠤ ᠰᠣᠶᠣᠯ᠎ᠢᠶᠠᠨ ᠤᠬᠠᠭᠤᠯᠬᠤ᠂ ᠵᠢᠷᠠᠲᠠᠢ᠎ᠶ᠋ᠢᠨ ᠳᠠᠪᠤᠰᠤ᠎ᠶ᠋ᠢ ᠤᠬᠠᠭᠤᠯᠬᠤ᠂ ᠠᠯᠠᠱᠠ ᠨᠤᠲᠤᠭ᠎ᠤᠨ ᠰᠣᠶᠣᠯ ᠵᠢᠭᠤᠯᠴᠢᠯᠠᠯ᠎ᠤᠨ ᠬᠥᠭ᠌ᠵᠢᠯᠲᠡ᠎ᠳᠤ ᠬᠦᠴᠦ᠍ ᠨᠡᠮᠡᠷᠢᠯᠡᠬᠦ᠌ ᠡᠭᠦᠳᠡᠨ᠎ᠡᠴᠠ ᠴᠢᠷᠮᠠᠢᠵᠤ ᠪᠠᠢᠨ᠎ᠠ》 ᠭᠡᠵᠦ᠍ ᠺᠤᠮᠫᠠᠨᠢ ᠎ᠶ᠋ᠢᠨ ᠳᠠᠭᠠᠭᠠᠮᠠᠯ ᠪᠠᠲᠤᠪᠠᠭᠠᠨ᠎ᠠ ᠶᠠᠷᠢᠵᠤ ᠪᠠᠢᠯ᠎ᠠ᠃

ᠤᠳᠤ ᠠᠯᠠᠱᠠ ᠠᠢᠮᠠᠭ᠎ᠤᠨ 《ᠳᠠᠪᠤᠰᠤᠨ᠎ᠤ ᠱᠢᠷ᠎ᠠ ᠵᠠᠮ》 ᠰᠣᠶᠣᠯ ᠵᠢᠭᠤᠯᠴᠢᠯᠠᠯ᠎ᠢ ᠨᠡᠭᠡᠭᠡᠨ ᠬᠥᠭ᠌ᠵᠢᠭᠦᠯᠬᠦ᠌ ᠬᠢᠵᠠᠭᠠᠷᠲᠤ ᠺᠤᠮᠫᠠᠨᠢ᠎ᠶ᠋ᠢᠨ ᠰᠤᠳᠤᠯᠤᠨ ᠦᠢᠯᠡᠳᠪᠦᠷᠢᠯᠡᠭ᠌ᠰᠡᠨ ᠬᠡᠰᠡᠭ ᠪᠦᠲᠦᠭᠡᠭ᠌ᠳᠡᠬᠦᠨ᠎ᠨᠢ ᠠᠯᠠᠱᠠ ᠵᠡᠭᠦᠨ ᠬᠤᠱᠢᠭᠤ᠂ ᠡᠷᠢᠶᠡᠨ ᠬᠤᠳᠠ᠂ ᠭᠦᠭᠡᠬᠤᠳᠠ᠂ ᠪᠡᠭᠡᠵᠢᠩ ᠵᠡᠷᠭᠡ ᠭᠠᠵᠠᠷ ᠣᠷᠣᠨ᠎ᠳᠤ ᠣᠷᠣᠯᠠᠨ ᠪᠣᠷᠣᠯᠠᠭᠤᠯᠤᠭ᠍ᠴᠢ᠎ᠲᠠᠢ ᠪᠣᠯᠵᠤ᠂ ᠪᠦᠭᠦ᠌ ᠤᠯᠤᠰ᠎ᠤᠨ ᠵᠠᠬ᠎ᠠ ᠳᠡᠯᠭᠡᠭᠦᠷ᠎ᠲᠤ ᠭᠠᠷᠤᠭ᠍ᠰᠠᠨ ᠪᠠᠢᠨ᠎ᠠ᠃ ᠡᠳᠦᠭᠡ ᠲᠤᠰ ᠺᠤᠮᠫᠠᠨᠢ᠎ᠶ᠋ᠢᠨ ᠵᠢᠯ᠎ᠤᠨ ᠰᠣᠶᠣᠯ ᠵᠢᠭᠤᠯᠴᠢᠯᠠᠯ᠎ᠤᠨ ᠶᠡᠷᠦᠩᠬᠡᠢ ᠤᠷᠤᠯᠭ᠎ᠠ 40 - 50 ᠲᠦᠮᠡᠨ ᠲᠥᠭᠦᠷᠢᠭ ᠲᠤ᠌ ᠬᠦᠷᠴᠦ᠍᠂ ᠰᠣᠶᠣᠯ᠎ᠤᠨ ᠡᠬᠢ ᠰᠤᠷᠪᠤᠯᠵᠢ᠎ᠶ᠋ᠢ ᠵᠢᠭᠤᠯᠴᠢᠯᠠᠯ᠎ᠤᠨ ᠪᠦᠲᠦᠭᠡᠭ᠌ᠳᠡᠬᠦᠨ ᠪᠣᠯᠣᠨ ᠬᠡᠷᠡᠭ᠌ᠯᠡᠭᠡᠨ᠎ᠤ ᠵᠦᠢᠯ ᠪᠣᠯᠭᠠᠨ ᠬᠥᠭ᠌ᠵᠢᠭᠦᠯᠵᠦ᠍᠂ ᠠᠯᠠᠱᠠ ᠨᠤᠲᠤᠭ᠎ᠤᠨ ᠰᠣᠶᠣᠯ ᠵᠢᠭᠤᠯᠴᠢᠯᠠᠯ᠎ᠤᠨ ᠠᠭᠤᠰᠤᠯᠴᠠᠯ᠎ᠢ ᠠᠬᠢᠭᠤᠯᠬᠤ᠎ᠶ᠋ᠢᠨ ᠬᠠᠮᠲᠤ ᠬᠥᠳᠡᠭᠡ ᠲᠤᠰᠭᠤᠨ᠂ ᠮᠠᠯᠵᠢᠬᠤ ᠣᠷᠣᠨ᠎ᠤ ᠠᠵᠤ ᠠᠬᠤᠢ᠎ᠶ᠋ᠢᠨ ᠬᠥᠭ᠌ᠵᠢᠯᠲᠡ᠎ᠶ᠋ᠢ ᠬᠠᠮᠲᠤ᠎ᠳᠤᠨᠢ ᠲᠠᠢᠴᠢᠯᠠᠵᠤ ᠪᠠᠢᠨ᠎ᠠ᠃ ᠮᠦᠨ ᠴᠤ᠌ 《ᠰᠣᠶᠣᠯ ᠵᠢᠭᠤᠯᠴᠢᠯᠠᠯ + ᠰᠣᠶᠣᠯ ᠵᠢᠭᠤᠯᠴᠢᠯᠠᠯ᠎ᠤᠨ ᠪᠦᠲᠦᠭᠡᠭ᠌ᠳᠡᠬᠦᠨ》᠎ᠤ ᠡᠵᠡᠩᠨᠡᠯᠲᠡ᠎ᠪᠠᠷ 《ᠳᠠᠪᠤᠰᠤᠨ ᠠᠶᠠᠨ》 ᠢ᠋ ᠨᠠᠩ ᠬᠤᠯᠠ ᠠᠶᠠᠯᠠᠭᠤᠯᠬᠤ ᠵᠠᠮ᠎ᠢ ᠨᠡᠭᠡᠭᠡᠭ᠌ᠰᠡᠡ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面