ᠲᠡᠷᠢᠭᠦᠨ ᠨᠢᠭᠤᠷ>ᠠᠮᠢᠳᠤᠷᠠᠯ ᠥᠷᠲᠡᠭᠡ>ᠦᠯᠢᠭᠡᠷ

2026-08-28 11:33:38

ᠵᠣᠬᠢᠶᠠᠭ᠍ᠴᠢ᠄ ​ ᠰᠡᠴᠡᠨᠪᠢᠯᠢᠭ ᠭᠠᠪᠢᠷ᠎ᠠ ᠣᠩᠱᠢᠭ᠍ᠰᠠᠨ ᠣᠳᠠᠭ᠎ᠠ᠄ 3

ᠤᠳᠤᠬᠢ ᠵᠠᠯᠠᠭᠤᠴᠤᠳ ᠨᠤᠳᠤᠭ ᠲᠠᠭᠠᠨ ᠪᠤᠴᠠᠵᠤ ᠤᠢᠯᠠᠰ ᠪᠤᠰᠬᠠᠵᠤ᠂ ᠬᠦᠳᠡᠬᠡ ᠨᠤᠳᠤᠭ ᠵᠢᠠᠨ ᠬᠦᠭᠵᠢᠬᠦᠯᠤᠨ ᠮᠠᠨᠳᠤᠭᠤᠯᠬᠤ᠎ᠳᠤ ᠬᠤᠪᠢ ᠨᠡᠮᠡᠷᠢ ᠪᠡᠨ ᠡᠷᠬᠦᠵᠤ ᠶᠠᠪᠤᠬᠤ ᠨᠢ ᠪᠠᠬᠠᠷᠤᠭᠤᠰᠢᠳᠠᠢ᠃ ᠤᠷᠳᠤᠰ ᠬᠤᠳᠠ ᠵᠢᠨ ᠦᠤᠰᠢᠨ ᠬᠤᠰᠢᠭᠤᠨ᠎ᠤ ᠭᠠᠯᠠᠭᠤᠲᠤ ᠪᠠᠯᠭᠠᠰᠤ ᠪᠡᠷ ᠰᠤᠷᠪᠤᠯᠵᠢᠯᠠᠨ ᠶᠠᠪᠤᠬᠤ ᠳ᠋ᠤ ᠪᠠᠶᠠᠠᠠᠦ᠋ᠨᠳᠦᠷ ᠭᠠᠴᠠᠭ᠎ᠠ ᠪᠡᠷ ᠨᠤᠲᠤᠭ ᠲᠠᠢ ᠭᠤᠴᠢ ᠵᠢᠨ ᠪᠠᠷ᠎ᠠ ᠵᠢ ᠬᠠᠷᠠᠵᠤ ᠶᠠᠪᠤᠭ᠎ᠠ ᠲᠠᠩᠭᠢᠰ ᠤᠬᠤᠷᠬᠠᠨ ᠬᠡᠳᠦᠨ ᠵᠢᠯ᠎ᠤᠨ ᠲᠤᠳᠤᠷ᠎ᠠ ᠠᠩᠭᠢᠰ ᠦᠭᠡᠷ ᠮᠠᠯᠵᠢᠭᠠᠳ ᠲᠤᠮᠤ ᠮᠠᠯᠵᠢᠯ᠎ᠤᠨ ᠡᠷᠦᠬᠡ ᠪᠤᠯᠵᠤ᠂ ᠺᠤᠮᠫᠠᠨᠢ ᠪᠠᠢᠭᠤᠯᠤᠨ ᠦᠢᠯᠡᠰ᠎ᠤᠨ ᠦᠨᠳᠦᠷ ᠤᠷᠬᠢᠯ ᠵᠦᠭ ᠴᠢᠷᠮᠠᠢᠨ ᠵᠢᠳᠬᠦᠵᠤ ᠶᠠᠪᠤᠭ᠎ᠠ ᠵᠢ ᠰᠤᠨᠤᠰᠤᠭᠠᠳ ᠠᠯᠠᠰᠬᠢᠨ ᠪᠠᠶᠠᠷᠯᠠᠵᠤ ᠲᠡᠳᠡᠨ᠎ᠤ ᠬᠢ᠎ᠶᠢ ᠴᠢᠭᠯᠡᠵᠤ ᠪᠢᠯᠡ᠃


QQ20260828-111922.png


ᠭᠠᠯᠠᠭᠤᠲᠤ ᠪᠠᠯᠭᠠᠰᠤᠨ ᠡᠴᠡ ᠡᠮᠦᠨᠡᠰᠢ ᠳᠡᠮᠡᠢ ᠬᠤᠯᠠ ᠦᠭᠡᠢ ᠪᠠᠢᠷᠢᠯᠠᠬᠤ ᠲᠡᠳᠡᠨ᠎ᠤ ᠬᠢᠨ᠎ᠤ ᠦᠬᠡᠷ ᠮᠠᠯ᠎ᠤᠨ ᠬᠦᠷᠢᠶ᠎ᠡ ᠬᠠᠰᠢᠶ᠎ᠠ ᠬᠡᠵᠤ ᠶᠤᠰᠤᠲᠠᠢ ᠶᠡᠭᠡ ᠪᠦᠭᠡᠳ ᠳᠤᠳᠤᠷ᠎ᠠ ᠨᠢ ᠪᠦᠯᠥᠭ ᠪᠦᠯᠥᠭ ᠠᠩᠭᠢᠰ ᠦᠭᠡᠷ ᠬᠠᠷᠠᠭ᠎ᠠ ᠵᠢ ᠬᠤᠵᠢᠷᠯᠠᠨ᠎ᠠ᠃ ᠲᠠᠩᠭᠢᠰ ᠪᠢᠳᠠᠨ ᠳ᠋ᠤ᠄ 《ᠤᠳᠤ ᠮᠠᠨ᠎ᠤ ᠳ᠋ᠤ 170 ᠭᠠᠷᠤᠢ ᠠᠨᠭᠭᠢᠰ ᠦᠭᠡᠷ ᠲᠠᠢ᠂ ᠡᠬᠦᠨ ᠳ᠋ᠤ ᠲᠤᠭᠤᠯᠯᠠᠬᠤ ᠦᠨᠢᠶ᠎ᠡ ᠨᠢ 140 ᠭᠠᠷᠤᠢ ᠳ᠋ᠤ ᠬᠦᠷᠴᠤ᠂ ᠡᠨᠡ ᠵᠢᠯ 140 ᠲᠤᠭᠤᠯ ᠲᠤᠰᠬᠤ ᠳ᠋ᠤ ᠠᠰᠠᠭᠤᠳᠠᠯ ᠦᠭᠡᠢ᠂ ᠲᠤᠭᠤᠯ ᠵᠢᠡᠨ ᠭᠤᠷᠪᠡᠨ ᠰᠠᠷ᠎ᠠ ᠪᠤᠯᠭᠠᠭᠠᠳ ᠬᠤᠳᠠᠯᠳᠤᠬᠤ ᠳ᠋ᠤ ᠲᠤᠭᠤᠯ ᠪᠦᠷᠢ ᠵᠢᠨ ᠦᠷᠲᠡᠭ ᠨᠢ 11000 ᠡᠴᠡ 12000 ᠲᠦᠬᠦᠷᠢᠭ᠎ᠤᠨ ᠬᠤᠭᠤᠷᠤᠨᠳᠤ ᠪᠠᠢᠳᠠᠭ》 ᠬᠡᠮᠡᠨ ᠤᠴᠢᠷᠯᠠᠯ᠎ᠠ᠃ ᠡᠬᠦᠨ ᠡᠴᠡ ᠦᠵᠡᠬᠦ ᠳ᠋ᠤ ᠲᠡᠷᠡ ᠨᠢᠬᠡᠨᠲᠡ ᠡᠨᠡ ᠬᠦ᠌ ᠮᠠᠯᠵᠢᠬᠤ ᠠᠷᠭ᠎ᠠ ᠵᠢᠨ ᠡᠪ ᠳ᠋ᠦᠢ᠂ ᠵᠠᠬ᠎ᠠ ᠳᠡᠯᠬᠡᠬᠦᠷ᠎ᠤᠨ ᠦᠨ᠎ᠡ ᠬᠠᠨᠭᠰᠢ ᠡᠴᠡ ᠡᠬᠢᠯᠡᠭᠡᠳ ᠪᠤᠷᠤᠯᠠᠭᠤᠯᠬᠤ ᠠᠷᠭ᠎ᠠ ᠵᠠᠮ ᠵᠢᠡᠨ ᠬᠡᠳᠦᠢᠨᠠᠢ ᠤᠯᠴᠢᠬᠠᠭᠰᠠᠨ ᠠᠵᠢ᠃ ᠬᠠᠷᠢᠨ ᠲᠡᠭᠦᠨ᠎ᠤ ᠶᠠᠪᠤᠵᠤ ᠢᠷᠡᠭᠰᠡᠨ ᠵᠠᠮ ᠮᠦᠷ᠎ᠢ ᠰᠤᠨᠤᠰᠤᠨ ᠰᠠᠭᠤᠬᠤ ᠳ᠋ᠤ ᠲᠡᠷᠡ᠎ᠴᠤ ᠶᠡᠭᠡ ᠰᠤᠷᠭᠠᠭᠤᠯᠢ ᠪᠡᠨ ᠲᠡᠭᠦᠰᠦᠭᠰᠡᠨ᠎ᠤ ᠲᠠᠷᠠᠭ᠎ᠠ ᠬᠡᠳᠦᠨ ᠵᠢᠯ᠎ᠤᠨ ᠬᠤᠭᠤᠷᠤᠨᠲᠤ ᠡᠨᠡ ᠲᠡᠷᠡ ᠰᠢᠯᠭᠠᠯᠲᠠ ᠪᠤᠶᠤ ᠡᠯ᠎ᠠ ᠪᠠᠢᠭᠤᠯᠭ᠎ᠠ ᠺᠤᠮᠫᠠᠨᠢ ᠪᠡᠷ ᠠᠵᠢᠯ ᠡᠷᠢᠵᠤ ᠬᠠᠳᠠᠭᠠᠰᠤ ᠮᠦᠷᠭᠦᠭᠰᠡᠨ ᠲᠡᠤᠬᠡ ᠲᠠᠢ ᠪᠠᠢᠯ᠎ᠠ᠃

《ᠪᠢ 2016 ᠤᠨ ᠳ᠋ᠤ ᠦᠪᠦᠷ ᠮᠤᠨᠭᠭᠤᠯ᠎ᠤᠨ ᠪᠠᠭᠰᠢ ᠵᠢᠨ ᠶᠡᠭᠡ ᠰᠤᠷᠭᠠᠭᠤᠯᠢ ᠡᠴᠡ ᠤᠷᠠᠨ ᠵᠢᠷᠤᠭ᠎ᠤᠨ ᠲᠤᠰᠬᠠᠢ ᠮᠡᠷᠬᠡᠵᠢᠯ ᠵᠢᠡᠷ ᠲᠡᠭᠦᠰᠴᠤ᠂ 2019 ᠤᠨ ᠬᠦᠷᠲᠡᠯᠡᠬᠢ ᠭᠤᠷᠪᠡᠨ ᠵᠢᠯ᠎ᠤᠨ ᠬᠤᠭᠤᠴᠠᠭᠠᠨ ᠳ᠋ᠤ ᠡᠯ᠎ᠡ ᠵᠦᠢᠯ᠎ᠤᠨ ᠠᠯᠪᠠᠲᠠᠨ᠎ᠤ ᠰᠢᠯᠭᠠᠯᠲᠠ ᠳ᠋ᠤ ᠤᠷᠤᠯᠴᠠᠭᠰᠠᠨ᠂ ᠬᠠᠶᠠ ᠳ᠋ᠠᠭᠠᠨ ᠪᠢᠷ᠎ᠤᠨ ᠰᠢᠯᠭᠠᠯᠲᠠ ᠳ᠋ᠤ ᠬᠢᠷᠢ ᠲᠡᠨᠭᠴᠡᠭᠡᠳ ᠨᠢᠭᠤᠷᠳᠠᠨ ᠰᠢᠯᠭᠠᠯᠲᠠ ᠳ᠋ᠤ ᠬᠦᠷᠦᠭᠰᠡᠡ ᠪᠤᠯᠪᠠᠴᠤ ᠠᠯᠢᠨ ᠳ᠋ᠤᠨᠢ ᠴᠤ᠌ ᠬᠡᠳᠦᠬᠡᠨ ᠬᠤᠪᠢ ᠲᠤᠳᠠᠭᠠᠳ ᠤᠷᠤᠵᠤ ᠴᠢᠳᠠᠭᠰᠠᠨ ᠦᠭᠡᠢ᠂ ᠠᠷᠭ᠎ᠠ ᠪᠤᠰᠤ ᠬᠤᠪᠢ ᠵᠢᠨ ᠺᠤᠮᠫᠠᠨᠢ ᠳ᠋ᠤ ᠪᠠᠰᠠ ᠠᠵᠢᠯᠯᠠᠵᠤ ᠦᠵᠡᠯ᠎ᠡ᠂ ᠬᠡᠪᠡᠴᠤ ᠲᠤᠰᠬᠠᠢ ᠮᠡᠷᠬᠡᠵᠢᠯ ᠲᠤᠬᠢᠷᠠᠬᠤ ᠦᠭᠡᠢ ᠪᠤᠯᠬᠤᠷ ᠤᠳᠠᠭᠠᠨ ᠠᠵᠢᠯᠯᠠᠵᠤ ᠳᠡᠢᠯᠦᠭᠡ ᠦᠭᠡᠢ᠃ ᠢᠨᠭᠭᠢᠭᠡᠳ 2019 ᠤᠨ ᠳ᠋ᠤ ᠬᠦᠳᠡᠭᠡ ᠳ᠋ᠡᠬᠡᠨ ᠬᠠᠷᠢᠵᠤ ᠮᠠᠯ ᠵᠢᠡᠨ ᠮᠠᠯᠵᠢᠶ᠎ᠠ ᠬᠡᠬᠦ ᠪᠤᠳᠤᠯ ᠵᠢᠡᠷ ᠨᠤᠲᠤᠭ ᠲᠠᠭᠠᠨ ᠢᠷᠡᠭᠰᠡᠨ》 ᠬᠡᠵᠤ ᠲᠠᠩᠭᠢᠰ ᠶᠡᠭᠡ ᠰᠤᠷᠭᠠᠭᠤᠯᠢ ᠲᠡᠭᠦᠰᠦᠭᠰᠡᠨ᠎ᠤ ᠲᠠᠷᠠᠭᠠᠬᠢ ᠠᠵᠢᠯ ᠠᠮᠢᠳᠤᠷᠠᠯ᠎ᠤᠨ ᠪᠠᠢᠳᠠᠯ ᠵᠢᠡᠨ ᠲᠦᠬᠦᠮ ᠲᠠᠨᠢᠯᠴᠠᠭᠤᠯᠤᠯ᠎ᠠ᠃




ᠢᠨᠭᠭᠢᠬᠦ ᠳ᠋ᠤ ᠲᠡᠭᠦᠨ᠎ᠤ ᠨᠢᠳᠤᠨ ᠡᠮᠦᠨ᠎ᠠ ᠭᠤᠷᠪᠡᠨ ᠵᠤᠢᠯ᠎ᠤᠨ ᠪᠤᠳᠠᠳᠤ ᠪᠠᠢᠳᠠᠯ ᠪᠠ ᠦᠵᠡᠯ ᠪᠤᠳᠤᠯ ᠲᠤᠯᠭ᠎ᠠ ᠵᠢᠨ ᠭᠤᠷᠪᠡᠨ ᠴᠢᠯᠠᠭᠤ ᠮᠡᠲᠤ ᠲᠦᠰᠢᠵᠤ ᠳᠤᠯᠤᠭᠰᠡᠨ ᠶᠤᠮ᠃ ᠶᠠᠭᠤᠨ᠎ᠤ ᠲᠦᠷᠦᠬᠦᠨ ᠳ᠋ᠤ ᠲᠡᠷᠡ ᠪᠡᠷ ᠬᠠᠷ᠎ᠠ ᠪᠠᠭ᠎ᠠ ᠡᠴᠡ ᠪᠡᠨ ᠮᠠᠯ ᠬᠤᠢ ᠲᠠᠢ ᠡᠬᠡᠨᠡᠭᠰᠢᠵᠤ ᠦᠰᠦᠭᠰᠡᠨ ᠪᠤᠯᠬᠤᠷ ᠤᠯᠠᠮᠵᠢᠯᠠᠯᠲᠤ ᠮᠠᠯ ᠠᠵᠤ ᠠᠬᠤᠢ ᠵᠢᠨ ᠲᠠᠯ᠎ᠠ ᠪᠡᠷ ᠰᠠᠭᠤᠷᠢ ᠲᠠᠢ ᠪᠦᠭᠡᠳ ᠮᠠᠯ᠎ᠳᠠᠭᠠᠨ ᠬᠠᠢᠷᠠᠲᠠᠢ᠂ ᠲᠠᠷᠠᠭ᠎ᠠ ᠨᠢ ᠠᠪᠤ ᠡᠵᠢ ᠨᠢ ᠨᠠᠰᠤ ᠠᠬᠠᠰᠢᠷᠠᠭᠠᠳ ᠵᠢᠯ ᠡᠴᠡ ᠵᠢᠯ ᠬᠦᠴᠦ ᠲᠠᠮᠢᠷ ᠨᠢ ᠪᠠᠭᠤᠷᠠᠵᠤ ᠪᠠᠢᠭ᠎ᠠ᠎ᠶᠢ ᠬᠠᠷᠠᠭᠠᠳ ᠢᠮᠠᠭᠲᠠ ᠲᠡᠳᠡᠨ᠎ᠤ ᠲᠡᠷᠭᠡᠳᠡ ᠮᠠᠯ ᠮᠠᠯᠵᠢᠬᠤ ᠬᠦᠰᠡᠯ ᠬᠦᠪᠦᠷᠡᠭᠰᠡᠨ᠂ ᠭᠤᠷᠪᠠ ᠳ᠋ᠤ ᠲᠡᠷᠡ ᠪᠡᠷ ᠨᠤᠲᠤᠭ ᠲᠠᠭᠠᠨ ᠪᠤᠴᠠᠵᠤ ᠦᠢᠯᠡᠰ ᠪᠤᠰᠬᠠᠬᠤ ᠲᠠᠯ᠎ᠠ ᠪᠡᠷ ᠬᠡᠷ ᠪᠦᠯᠢ ᠵᠢᠨ ᠬᠦᠮᠦᠰ ᠲᠠᠢ ᠪᠡᠨ ᠵᠦᠪᠳᠡᠯᠴᠡᠬᠦ ᠳ᠋ᠤ ᠠᠯᠢ ᠨᠢ᠎ᠴᠤ ᠲᠡᠭᠦᠨ᠎ᠢ ᠠᠵᠤ ᠠᠬᠤᠢ ᠪᠠ ᠤᠶᠤᠨ ᠰᠠᠨᠠᠭᠠᠨ᠎ᠤ ᠲᠠᠯ᠎ᠠ ᠪᠡᠷ ᠮᠠᠰᠢ ᠶᠡᠭᠡ ᠳᠡᠮᠵᠢᠯᠬᠡ ᠦᠵᠡᠬᠦᠯᠦᠭᠰᠡᠡ ᠡᠴᠨ ᠨᠡᠡᠭ ᠵᠤᠷᠢᠭᠲᠠᠢ ᠪᠤᠯᠵᠠᠢ᠃ ᠲᠡᠭᠡᠭᠡᠳ ᠯᠠ ᠲᠠᠩᠭᠢᠰ 2019 ᠤᠨ ᠳ᠋ᠤ ᠵᠠᠰᠠᠭ᠎ᠤᠨ ᠤᠷᠳᠤᠨ᠎ᠤ ᠨᠦᠬᠦᠪᠦᠷᠢ᠂ ᠠᠪᠤ ᠡᠵᠢ ᠪᠤᠯᠤᠨ ᠬᠠᠳᠠᠮ ᠠᠪᠤ ᠡᠵᠢ ᠵᠢᠨ ᠨᠦᠬᠡᠴᠡᠯᠡᠭᠰᠡᠨ ᠬᠦᠷᠦᠨᠭᠬᠡ ᠲᠡᠭᠡᠷ᠎ᠡ ᠪᠠᠩᠭᠢ ᠡᠴᠡ ᠵᠢᠬᠡᠯᠡᠯᠬᠡ ᠠᠪᠴᠤ ᠨᠡᠢᠲᠡ 120 ᠭᠠᠷᠤᠢ ᠲᠦᠮᠡᠨ ᠲᠦᠬᠦᠷᠢᠭ ᠴᠤᠭᠯᠠᠭᠤᠯᠤᠨ 《ᠦᠤᠰᠢᠨ ᠬᠤᠰᠢᠭᠤᠨ᠎ᠤ ᠦᠬᠡᠳᠡᠯᠡᠬᠦ ᠲᠡᠵᠢᠬᠡᠨ ᠦᠷᠡᠵᠢᠬᠦᠯᠬᠦ ᠬᠢᠵᠠᠭᠠᠷᠲᠤ ᠬᠠᠷᠢᠭᠤᠴᠠᠯᠭᠠᠲᠤ ᠺᠤᠮᠫᠠᠨᠢ》 ᠶ᠋ᠢ ᠪᠠᠢᠭᠤᠯᠤᠨ 30 ᠠᠩᠭᠢᠰ ᠦᠬᠡᠷ ᠠᠪᠴᠤ ᠲᠡᠵᠢᠬᠡᠵᠡᠢ᠃

《ᠲᠦᠮᠡᠨ ᠠᠵᠢᠯ᠎ᠤᠨ ᠲᠦᠷᠦᠬᠦᠦ ᠠᠯᠬᠤᠮ ᠬᠦᠴᠢᠷ》ᠭᠡᠳᠡᠭ᠃ ᠲᠠᠩᠭᠢᠰ᠎ᠴᠤ ᠡᠬᠢᠯᠡᠵᠤ ᠺᠤᠮᠫᠠᠨᠢ ᠪᠡᠨ ᠪᠠᠢᠭᠤᠯᠤᠭᠠᠳ ᠠᠩᠭᠢᠰ ᠦᠬᠡᠷ ᠲᠤ᠌ ᠲᠡᠵᠢᠬᠡᠯ ᠪᠤᠷᠳᠤᠭ᠎ᠠ ᠰᠤᠨᠭᠭᠤᠬᠤ᠂ ᠬᠢᠵᠢᠭ ᠡᠴᠡ ᠰᠡᠷᠬᠡᠢᠯᠡᠨ ᠡᠮ ᠲᠠᠷᠢᠯᠭ᠎ᠠ ᠬᠢᠬᠦ᠂ ᠬᠠᠰᠢᠶᠠᠯᠠᠨ ᠮᠠᠯᠵᠢᠬᠤ ᠬᠦᠷᠲᠡᠯ᠎ᠡ ᠠᠯᠢ ᠠᠯᠢ ᠲᠠᠯ᠎ᠠ ᠪᠡᠷ ᠲᠤᠷᠰᠢᠯᠭ᠎ᠠ ᠦᠭᠡᠢ ᠡᠴᠡ ᠪᠤᠯᠵᠤ ᠡᠬᠢᠨ᠎ᠤ ᠬᠡᠳᠦᠨ ᠵᠢᠯ ᠳ᠋ᠤ ᠵᠢᠯ ᠪᠦᠷᠢ ᠬᠤᠶᠠᠷ ᠭᠤᠷᠪᠡᠨ ᠦᠬᠡᠷ ᠵᠢᠡᠨ ᠦᠬᠦᠬᠦᠯᠴᠢᠬᠡᠳᠡᠭ ᠪᠠᠢᠯ᠎ᠠ᠃ ᠬᠠᠷᠢᠨ᠎ᠴᠤ ᠡᠪᠦᠭᠡᠳ᠎ᠤᠨ ᠦᠬᠡᠨ ᠳ᠋ᠤ《ᠲᠤᠯᠵᠤ ᠢᠷᠡᠭᠰᠡᠨ ᠶᠠᠪᠤᠳᠠᠯ᠎ᠢ ᠲᠤᠭᠤᠯᠵᠤ ᠭᠠᠷᠬᠤ ᠡᠴᠡ ᠪᠢᠰᠢ ᠲᠤᠭᠤᠷᠢᠵᠤ ᠭᠠᠷᠬᠤ ᠦᠭᠡᠢ》ᠬᠡᠳᠡᠭ᠎ᠤᠨ ᠵᠢᠮ᠎ᠡ ᠪᠡᠷ ᠲᠡᠷᠡ ᠮᠠᠨᠢ ᠡᠨᠡ ᠪᠦᠬᠦᠨ ᠳ᠋ᠤ ᠰᠢᠨᠵᠢᠯᠡᠬᠦ ᠤᠬᠠᠭᠠᠨᠴᠢ ᠠᠷᠭ᠎ᠠ ᠪᠠ ᠤᠯᠠᠮᠵᠢᠯᠠᠯᠲᠤ ᠠᠷᠭ᠎ᠠ᠎ᠶᠢ ᠤᠶᠠᠯᠳᠤᠭᠤᠯᠤᠨ ᠮᠡᠷᠬᠡᠵᠢᠯᠲᠡᠨ ᠤᠷᠢᠬᠤ᠂ ᠠᠬᠠᠮᠠᠳ ᠨᠠᠰᠤᠲᠠᠨ ᠡᠴᠡ ᠵᠦᠪᠯᠡᠯᠬᠡ ᠠᠪᠬᠤ ᠪᠠ ᠵᠠᠷᠢᠮ ᠵᠦᠢᠯ ᠳ᠋ᠤᠨᠢ ᠰᠢᠨᠡᠴᠢᠯᠡᠯᠲᠡ ᠬᠢᠭᠰᠡᠨ ᠡᠴᠡ 2022 ᠤᠨ ᠪᠤᠯᠬᠤ ᠳ᠋ᠤ ᠬᠤᠬᠢᠷᠠᠯ ᠭᠠᠷᠬᠤ ᠡᠴᠡ ᠵᠠᠢᠯᠠᠰᠬᠢᠵᠤ ᠴᠢᠳᠠᠵᠠᠢ᠃


QQ20260828-111956.png


ᠲᠠᠩᠭᠢᠰ᠎ᠤᠨ ᠬᠢ 2000 ᠮᠦ᠍ ᠨᠤᠲᠤᠭ ᠪᠡᠯᠴᠢᠬᠡᠷ ᠲᠡᠭᠡᠷ᠎ᠡ ᠪᠡᠨ 160 ᠮᠦ᠍ ᠵᠢᠨ ᠲᠠᠷᠢᠶᠠᠨ ᠭᠠᠵᠡᠷ ᠲᠠᠢ ᠪᠤᠯᠬᠤᠷ ᠦᠬᠡᠷ᠎ᠤᠨ ᠲᠡᠵᠢᠬᠡᠯ ᠪᠤᠷᠳᠤᠭᠠᠨ᠎ᠤ ᠲᠠᠯ᠎ᠠ ᠵᠢᠴᠢ ᠪᠡᠯᠴᠢᠬᠡᠷᠯᠡᠬᠦ ᠳ᠋ᠤ ᠮᠠᠰᠢ ᠶᠡᠭᠡ ᠲᠤᠰᠠ ᠪᠤᠯᠵᠠᠢ᠃ ᠨᠡᠡᠭ᠎ᠴᠤ ᠠᠩᠭᠢᠰ ᠦᠭᠡᠷ᠎ᠤᠨ ᠵᠠᠷᠢᠮ ᠲᠠᠪᠠᠭᠤᠯᠢᠭ ᠨᠦᠬᠦᠴᠡᠯ ᠨᠢ ᠲᠡᠭᠦᠨ᠎ᠢ ᠤᠯᠠᠮ ᠵᠤᠷᠢᠭᠲᠠᠢ ᠪᠤᠯᠭᠠᠵᠠᠢ᠃ 《160 ᠮᠦ᠍ ᠵᠢᠨ ᠲᠠᠷᠢᠶᠠᠨ ᠭᠠᠵᠠᠷ ᠳᠡᠬᠢ ᠡᠷᠳᠡᠨᠢ ᠰᠢᠰᠢ ᠪᠠᠨ ᠨᠤᠭᠤᠭᠠᠨ ᠪᠤᠷᠳᠤᠭ᠎ᠠ ᠪᠤᠯᠭᠠᠭᠠᠳ ᠲᠠᠷᠤᠴᠢᠬᠠᠪᠠᠯ ᠮᠢᠨᠤ ᠦᠬᠡᠷ᠎ᠤᠨ ᠲᠡᠵᠢᠬᠡᠯ ᠪᠤᠷᠳᠤᠭᠠᠨ᠎ᠤ ᠠᠰᠠᠭᠤᠳᠠᠯ ᠬᠠᠭᠠᠰ ᠵᠢᠡᠷ ᠰᠢᠢᠳᠪᠦᠷᠢᠯᠡᠭᠳᠡᠨ᠎ᠡ᠂ ᠲᠡᠭᠡᠷ᠎ᠡ ᠡᠴᠡ ᠪᠡᠨ ᠠᠩᠭᠢᠰ ᠦᠭᠡᠷ ᠡᠪᠡᠰᠦ ᠪᠤᠷᠳᠤᠭ᠎ᠠ ᠭᠤᠯᠤᠨ᠎ᠠ ᠬᠡᠵᠤ ᠪᠠᠢᠬᠤ ᠦᠭᠡᠢ᠂ ᠦᠭᠭᠦᠭᠰᠡᠨ ᠵᠦᠢᠯ᠎ᠢ ᠨᠢ ᠴᠡᠪ ᠴᠡᠪᠡᠷᠬᠡᠨ ᠢᠳᠡᠴᠢᠬᠡᠳᠡᠭ ᠪᠤᠯᠬᠤᠷ ᠬᠠᠰᠢᠶ᠎ᠠ ᠬᠤᠷᠤᠭ᠎ᠠ ᠪᠡᠨ ᠴᠡᠪᠡᠷᠯᠡᠬᠦ ᠡᠴᠡ ᠡᠪᠡᠰᠤ ᠪᠤᠷᠳᠤᠭ᠎ᠠ ᠪᠦᠷᠢᠯᠬᠡᠬᠦ ᠪᠤᠯᠳᠠᠯ᠎ᠠ ᠴᠦᠮ ᠤᠴᠢᠷ᠎ᠦᠭᠡᠢ ᠪᠤᠯᠴᠢᠬᠠᠬᠰᠠᠠ᠂ ᠲᠡᠬᠡᠷ᠎ᠠ ᠨᠢ ᠲᠤᠭᠤᠯ ᠵᠢᠡᠨ ᠬᠤᠳᠠᠯᠳᠤᠬᠤ ᠭᠠᠵᠠᠷ ᠲᠠᠢ᠂ ᠠᠨᠭᠬ᠎ᠠ ᠡᠬᠢᠯᠡᠨᠭᠭᠦᠳᠡ〈ᠤᠷᠳᠤᠰ ᠬᠤᠲᠠ ᠵᠢᠨ ᠽᠤᠤ ᠵᠢᠨ ᠲᠡᠵᠢᠬᠡᠨ ᠦᠷᠡᠵᠢᠬᠦᠯᠬᠦ ᠬᠢᠵᠠᠭᠠᠷᠲᠤ ᠺᠤᠮᠫᠠᠨᠢ〉 ᠲᠠᠢ ᠬᠡᠷ᠎ᠡ ᠲᠤᠭᠲᠠᠨ᠂ ᠲᠤᠭᠤᠯ ᠵᠢᠡᠨ 200 ᠺᠢᠯᠤᠭ᠌ᠷᠠᠮ ᠬᠦᠷᠬᠡᠯ᠎ᠡ ᠬᠡᠭᠰᠡᠭᠡᠷ ᠲᠡᠳᠡᠨ ᠳ᠋ᠤ ᠬᠤᠳᠠᠯᠳᠤᠭᠠᠳ ᠦᠭᠴᠢᠬᠡᠳᠡᠭ᠂ ᠢᠨᠭᠭᠢᠬᠦᠯᠡᠷ ᠪᠤᠷᠤᠯᠠᠭᠤᠯᠭ᠎ᠠ ᠵᠢᠨ ᠲᠠᠯ᠎ᠠ ᠪᠡᠷ ᠰᠠᠨᠠᠭ᠎ᠠ ᠵᠤᠪᠠᠬᠤ ᠤᠴᠢᠷ ᠦᠭᠡᠢ》 ᠬᠡᠵᠤ ᠲᠠᠩᠬᠢᠰ ᠶᠠᠷᠢᠨ᠎ᠠ᠃

ᠲᠡᠭᠡᠪᠡᠯ ᠡᠮᠦᠨ᠎ᠡ ᠬᠡᠳᠦᠨ ᠵᠢᠯ᠎ᠤᠨ ᠦᠬᠡᠷ᠎ᠤᠨ ᠦᠨ᠎ᠡ ᠵᠢᠨ ᠬᠡᠯᠪᠡᠯᠵᠡᠯᠲᠡ ᠳ᠋ᠤ ᠲᠠᠩᠭᠢᠰ᠎ᠤᠨ ᠡᠨᠡ ᠦᠢᠯᠡᠰ ᠴᠤᠬᠤᠮ ᠨᠦᠯᠥᠬᠡᠯᠡᠭᠳᠡᠪᠡ ᠤᠤ? ᠡᠨᠡ ᠠᠰᠠᠭᠤᠯᠲᠠ ᠳ᠋ᠤ ᠲᠡᠷᠡ᠄ 《ᠳᠡᠮᠡᠢ ᠨᠦᠯᠥᠬᠡᠯᠡᠭᠳᠡᠭᠡ ᠦᠭᠡᠢ᠂ ᠤᠴᠢᠷ ᠨᠢ ᠪᠢ ᠰᠠᠶᠢ ᠵᠢᠨ ᠬᠡᠯᠡᠭᠰᠡᠨ ᠺᠤᠮᠫᠠᠨᠢ ᠲᠠᠢ ᠬᠡᠷ᠎ᠡ ᠲᠠᠢ ᠪᠦᠭᠡᠳ ᠬᠠᠨᠭᠵᠸᠤ ᠵᠢᠨ ᠪᠠᠰᠠ ᠨᠢᠬᠡ ᠲᠡᠵᠢᠬᠡᠨ ᠦᠷᠡᠵᠢᠬᠦᠯᠬᠦ ᠺᠤᠮᠫᠠᠨᠢ ᠲᠠᠢ ᠬᠡᠯᠡᠯᠴᠡᠭᠡᠷ ᠬᠢᠴᠢᠬᠡᠭᠰᠡᠨ ᠪᠤᠯᠬᠤᠷ ᠲᠤᠭᠤᠯ ᠮᠠᠨᠢ ᠲᠡᠳᠡᠨ᠎ᠤ ᠪᠠᠷᠢᠮᠵᠢᠶᠠᠨ ᠳ᠋ᠤ ᠬᠦᠷᠬᠦ ᠲᠠᠢ ᠵᠡᠷᠭᠡ ᠲᠡᠳᠡᠨ ᠳ᠋ᠤ ᠬᠤᠳᠠᠯᠳᠤᠭᠠᠳ ᠦᠭᠴᠢᠬᠡᠳᠡᠭ᠂ ᠬᠡᠯᠡᠯᠬᠡᠨ ᠦᠭᠡᠢ ᠪᠠᠰᠠ ᠪᠠᠭ᠎ᠠ ᠰᠠᠭ᠎ᠠ ᠦᠨ᠎ᠡ ᠵᠢᠨ ᠵᠤᠷᠢᠶ᠎ᠠ ᠭᠠᠷᠤᠨ᠎ᠠ᠂ ᠬᠡᠳᠦᠨ ᠵᠠᠭᠤ ᠵᠢᠨ ᠲᠤᠳᠤᠷ᠎ᠠ ᠬᠡᠯᠪᠡᠯᠵᠡᠬᠦ ᠪᠤᠯ ᠡᠡᠭ᠎ᠤᠨ ᠶᠠᠪᠤᠳᠠᠯ》 ᠬᠡᠵᠤ ᠪᠠᠢᠯ᠎ᠠ᠃

ᠦᠭᠡᠷ ᠵᠢᠡᠨ ᠪᠡᠯᠴᠢᠬᠡᠷᠯᠡᠬᠦᠯᠥᠨ ᠮᠠᠯᠵᠢᠬᠤ ᠡᠴᠡ ᠬᠠᠰᠢᠶᠠᠯᠠᠨ ᠮᠠᠯᠵᠢᠬᠤ ᠬᠦᠷᠲᠡᠯ᠎ᠡ᠂ ᠲᠤᠭ᠎ᠠ ᠲᠤᠯᠤᠭᠠᠢ ᠵᠢᠨ ᠲᠠᠯ᠎ᠠ ᠪᠡᠷ ᠪᠠᠭ᠎ᠠ ᠬᠡᠮᠵᠢᠶᠡᠨ ᠡᠴᠡ ᠲᠤᠮᠳᠠ ᠬᠡᠮᠵᠢᠶ᠎ᠡ ᠬᠦᠷᠲᠡᠯ᠎ᠡ᠂ ᠲᠡᠵᠢᠬᠡᠯ ᠪᠤᠷᠳᠤᠭᠠᠨ᠎ᠤ ᠲᠠᠯ᠎ᠠ ᠪᠡᠷ ᠶᠠᠮᠠᠷ᠎ᠴᠤ ᠲᠦᠷᠦᠯ ᠵᠦᠢᠯ ᠪᠠᠢᠭᠰᠠᠨ ᠦᠬᠡᠢ ᠡᠴᠡ ᠪᠡᠨ ᠲᠤᠭᠲᠠᠮᠠᠯ ᠬᠡᠳᠦᠨ ᠲᠦᠷᠤᠯ ᠵᠦᠢᠯ ᠲᠠᠢ ᠪᠤᠯᠤᠭᠰᠠᠠ ᠬᠦᠷᠲᠡᠯ᠎ᠡ᠂ ᠡᠮᠨᠡᠯᠬᠡ ᠰᠡᠷᠬᠡᠢᠯᠡᠬᠡ ᠵᠢᠨ ᠲᠠᠯ᠎ᠠ ᠪᠡᠷ ᠦᠪᠡᠷ ᠲᠡᠭᠡᠨ ᠡᠮᠴᠢᠯᠡᠵᠤ ᠪᠠᠢᠭᠰᠠᠨ ᠡᠴᠡ ᠪᠡᠨ ᠬᠤᠰᠢᠭᠤᠨ᠎ᠤ ᠮᠠᠯ ᠡᠮᠨᠡᠯᠬᠡ ᠵᠢᠨ ᠬᠢᠵᠢᠭ᠎ᠢ ᠰᠡᠷᠬᠡᠢᠯᠡᠬᠦ ᠲᠦᠪ᠎ᠤᠨ ᠬᠢᠨ ᠲᠤᠭᠲᠠᠮᠠᠯ ᠬᠤᠭᠤᠴᠠᠭ᠎ᠠ ᠲᠠᠢ ᠪᠡᠷ ᠢᠷᠡᠵᠤ ᠡᠮᠴᠢᠯᠡᠳᠡᠭ ᠬᠦᠷᠲᠡᠯ᠎ᠡ ᠲᠠᠩᠭᠢᠰ ᠮᠠᠨᠢ ᠮᠠᠯᠵᠢᠬᠤ ᠠᠷᠭ᠎ᠠ ᠬᠡᠯᠪᠡᠷᠢ ᠡᠴᠡ ᠡᠬᠢᠯᠡᠬᠡᠳ ᠡᠬᠦᠯᠳᠡᠷ ᠰᠤᠯᠢᠬᠤ ᠬᠦᠷᠲᠡᠯ᠎ᠡ ᠮᠠᠰᠢ ᠤᠯᠠᠨ ᠤᠳᠠᠭ᠎ᠠ 《ᠬᠠᠯᠠ ᠦᠵᠡᠵᠤ ᠬᠠᠯᠠᠭᠤᠨ ᠴᠢᠯᠠᠭᠤ ᠲᠤᠯᠢᠶᠠᠵᠤ》 ᠶᠠᠪᠤᠵᠠᠢ᠃ ᠡᠨᠡ ᠪᠦᠬᠦᠨ᠎ᠢ ᠲᠤᠭᠤᠯᠤᠭᠠᠳ ᠭᠠᠷᠬᠤ ᠳ᠋ᠤ ᠰᠠᠷᠠᠭᠤᠯ ᠵᠠᠮ ᠨᠢ ᠲᠤᠷᠠᠢᠵᠤ᠂ᠪᠦᠬᠦ ᠵᠤᠢᠯ ᠰᠠᠢᠬᠠᠨ ᠪᠤᠯᠤᠨ᠎ᠠ ᠬᠡᠳᠡᠭ ᠢ᠋ ᠲᠠᠨᠭᠭᠢᠰ᠎ᠤᠨ ᠦᠬᠡ ᠶᠠᠷᠢᠶ᠎ᠠ᠂ ᠭᠠᠳᠠᠷ ᠪᠠᠢᠳᠠᠯ ᠡᠴᠨ ᠨᠢ ᠠᠷᠭ᠎ᠠ ᠦᠬᠡᠢ ᠮᠡᠳᠡᠭᠳᠡᠨ᠎ᠠ᠃

《ᠵᠠᠯᠠᠭᠤ ᠬᠥᠮᠥᠨ᠎ᠤ ᠵᠠᠮ᠎ᠤᠨ ᠬᠦᠵᠦᠭᠦᠦ ᠤᠷᠲᠤ᠂ ᠰᠠᠨᠠᠭ᠎ᠠ ᠭᠦᠷᠦᠭᠰᠡᠨ ᠭᠠᠵᠠᠷ ᠵᠠᠶᠠᠭ᠎ᠠ ᠭᠦᠷᠦᠨ᠎ᠡ ᠭᠡᠳᠡᠭ᠂ ᠪᠢ ᠬᠥᠳᠡᠭᠡ ᠨᠤᠲᠤᠭ ᠵᠢᠡᠨ ᠵᠣᠷᠢᠵᠤ᠂ ᠠᠵᠢᠯ ᠠᠮᠢᠳᠤᠷᠠᠯ ᠵᠢᠡᠨ ᠪᠣᠰᠬᠠᠭᠰᠠᠨ ᠰᠣᠩᠭᠣᠯᠲᠠ ᠮᠢᠨᠢ ᠵᠥᠪ ᠪᠣᠯᠣᠨ᠎ᠠ ᠭᠡᠳᠡᠭ᠎ᠲᠦ ᠪᠢ ᠪᠠᠲᠤ ᠢᠲᠡᠭᠡᠵᠦ ᠪᠠᠢᠨ᠎ᠠ》ᠬᠡᠮᠡᠨ ᠲᠠᠩᠭᠢᠰ ᠤᠮᠤᠭ ᠲᠡᠬᠦᠯᠳᠡᠷ ᠶᠠᠷᠢᠪᠡ᠃

ᠠᠮᠢᠳᠤᠷᠠᠯ ᠭᠡᠭᠴᠢ ᠴᠢᠷᠮᠠᠢᠯᠭ᠎ᠠ ᠲᠠᠢ ᠬᠥᠮᠥᠨ᠎ᠳᠦ ᠠᠵᠠ ᠵᠢᠷᠭᠠᠯ ᠣᠯᠭᠣᠳᠠᠭ᠂ ᠬᠠᠯᠠᠭᠤᠨ ᠰᠡᠳᠬᠢᠯ ᠲᠠᠢ ᠬᠥᠮᠥᠨ᠎ᠳᠦ ᠠᠵᠠ ᠪᠤᠶᠠᠨ ᠣᠯᠭᠣᠳᠠᠭ᠃ ᠬᠦᠳᠡᠬᠡ ᠨᠤᠳᠤᠭ ᠲᠠᠭᠠᠨ ᠤᠢᠯᠠᠰ ᠪᠤᠰᠬᠠᠬᠤ ᠪᠡᠷ ᠢᠷᠡᠭᠰᠡᠡ ᠲᠠᠩᠬᠢᠰ ᠠᠵᠠ ᠪᠤᠶᠠᠨ᠂ ᠰᠢᠷᠭᠠᠭᠤ ᠴᠢᠷᠮᠠᠢᠯᠭ᠎ᠠ ᠳ᠋ᠠᠭᠠᠨ ᠲᠦᠰᠢᠭᠯᠡᠨ ᠪᠠᠶᠠᠵᠢᠯ᠎ᠤᠨ ᠬᠤᠰᠢᠭᠤᠴᠢ ᠪᠤᠯᠵᠤ᠂ ᠤᠯᠠᠨ᠎ᠤ ᠳᠤᠮᠳᠠ ᠤᠳᠤ ᠰᠤᠳᠤ ᠨᠢ ᠪᠤᠯᠵᠤ ᠶᠠᠪᠤᠭ᠎ᠠ ᠶᠤᠮ᠃ 《ᠳᠤᠷ᠎ᠠ᠎ᠳᠤ ᠰᠢᠷ᠎ᠠ ᠦᠬᠡᠢ》 ᠬᠡᠳᠡᠭ ᠵᠢᠡᠷ ᠲᠠᠩᠬᠢᠰ ᠵᠠᠯᠠᠭᠤ ᠽᠠᠨᠳᠠᠨ ᠨᠠᠰᠤᠨ᠎ᠳᠠᠭᠠᠨ ᠬᠦᠭᠵᠢᠶᠠᠨᠳᠤ ᠬᠤᠳᠠ ᠡᠴᠨ ᠬᠦᠳᠡᠬᠡ ᠨᠤᠳᠤᠭ ᠲᠡᠭᠠᠨ ᠪᠤᠴᠠᠵᠤ᠂ ᠡᠳᠤᠷᠵᠢᠨ ᠮᠠᠯ ᠤᠨᠤᠭ᠎ᠠ ᠲᠠᠢ ᠨᠤᠴᠤᠯᠳᠤᠵᠤ ᠪᠠᠢᠪᠠᠴᠤ ᠰᠡᠳᠬᠢᠯ ᠬᠠᠩᠬᠤᠯᠤᠭᠤᠨ ᠶᠠᠪᠤᠨ᠎ᠠ᠃

ᠤᠢᠯᠡᠳᠤᠯᠬᠡ ᠵᠢᠨ ᠳᠤᠮᠳᠠ ᠠᠮᠢᠳᠤᠷᠠᠯ᠎ᠢ ᠤᠢᠯᠠᠭᠠᠵᠤ᠂ ᠠᠮᠢᠳᠤᠷᠠᠯ᠎ᠤᠨ ᠳᠤᠮᠳᠠ ᠪᠤᠰᠤᠳ᠎ᠢ ᠲᠠᠭᠠᠭᠤᠯᠤᠨ ᠪᠠᠶᠠᠵᠢᠭᠤᠯᠬᠤ ᠵᠢ ᠬᠦᠮᠤᠨ ᠪᠦᠬᠦᠨ ᠬᠢᠵᠤ ᠲᠡᠢᠯᠬᠦ ᠦᠬᠡᠢ᠃ ᠬᠡᠪᠡᠴᠤ ᠲᠠᠩᠭᠢᠰ ᠠᠮᠢᠳᠤᠷᠠᠯ᠎ᠤᠨ ᠬᠦᠴᠢᠷ᠎ᠢ ᠲᠠᠭᠠᠭᠠᠵᠤ᠂ ᠤᠴᠢᠷ ᠶᠠᠪᠤᠳᠠᠯ ᠳᠤᠯᠭᠠᠷᠠᠬᠤ ᠦᠶᠠᠰ ᠯᠠᠪᠳᠠᠭᠤᠨ ᠳᠤᠬᠢᠳᠡᠢ ᠪᠡᠷ ᠰᠢᠢᠳᠪᠤᠷᠢᠯᠡᠵᠤ ᠶᠠᠪᠤᠳᠠᠭ ᠨᠢ ᠮᠦᠨ ᠴᠤ᠌ ᠲᠡᠬᠦᠨ᠎ᠤ ᠴᠢᠳᠠᠪᠤᠷᠢ ᠪᠤᠯᠤᠨ᠎ᠠ᠃ ᠲᠠᠷᠠ ᠪᠡᠷ ᠬᠦᠰᠡᠯ ᠲᠡᠮᠡᠦᠯᠦᠯ ᠲᠠᠢ᠂ ᠬᠠᠷᠠᠯᠲᠠ ᠵᠣᠷᠢᠯᠲᠠ ᠲᠠᠢ᠂ ᠴᠢᠷᠮᠠᠢᠯᠭ᠎ᠠ ᠲᠠᠢ ᠤᠴᠢᠷ ᠡᠴᠡ ᠠᠮᠢᠳᠤᠷᠠᠯ ᠨᠢ ᠥᠩᠭᠡ ᠲᠠᠢ ᠥᠭᠡᠳᠡ ᠲᠠᠢ᠂ ᠠᠵᠢᠯ ᠦᠢᠯᠡᠰ ᠨᠢ ᠠᠮᠵᠢᠯᠲᠠ ᠳᠦᠭᠦᠷᠡᠩ ᠶᠠᠪᠤᠬᠤ ᠨᠢ ᠯᠠᠪᠳᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面