2026-09-11 11:29:38
《ᠪᠠᠭ᠍ᠰᠢ》 ᠭᠡᠬᠦ᠌ ᠰᠠᠢᠬᠠᠨ ᠠᠯᠲᠠᠷ᠎ᠢᠶᠠᠷ ᠨᠠᠰᠤᠨ᠎ᠤ ᠬᠠᠨᠢ᠎ᠪᠠᠨ ᠪᠤᠯᠭᠠᠨ᠂ ᠰᠤᠷᠭᠠᠨ ᠬᠦᠮᠦᠵᠢᠯ᠎ᠤᠨ ᠦᠢᠯᠡᠰ᠎ᠲᠤ ᠭᠤᠴᠢ ᠭᠠᠷᠤᠢ ᠵᠢᠯ ᠵᠢᠳᠬᠦᠵᠦ᠍᠂ ᠦᠷᠦᠪᠴᠢᠭᠡᠨ ᠬᠠᠢᠷ᠎ᠠ ᠦᠷᠭᠡᠨ ᠮᠡᠲᠡᠯᠭᠡ᠎ᠪᠠᠨ ᠦᠰᠪᠦᠷᠢ᠎ᠶ᠋ᠢᠨ ᠭᠡᠤᠭᠡᠳ᠎ᠲᠤ ᠵᠤᠷᠢᠭᠤᠯᠤᠨ᠂ ᠠᠯᠢ ᠤᠯᠠᠨ ᠢᠷᠠᠭᠤ ᠠᠯᠲᠠᠷ᠎ᠢᠶᠠᠷ ᠡᠩᠭᠡᠷ᠎ᠢᠶᠠᠨ ᠮᠢᠯᠢᠶᠠᠯᠭᠠᠵᠤ᠂ 《ᠪᠠᠭ᠍ᠰᠢ》 ᠭᠡᠲᠡᠭ ᠦᠰᠦᠭ᠎ᠢ ᠪᠠᠷᠲᠠᠮ ᠪᠢᠴᠢᠵᠦ᠍ ᠶᠠᠪᠤᠭ᠎ᠠ ᠬᠦᠮᠦᠨ᠎ᠤ ᠨᠢᠭᠡ᠎ᠨᠢ ᠪᠠᠶᠠᠨᠨᠠᠭᠤᠷ ᠬᠤᠲᠠ ᠵᠢᠨ ᠤᠷᠠᠳ᠎ᠤᠨ ᠲᠤᠮᠲᠠᠲᠤ ᠬᠤᠱᠢᠭᠤᠨ᠎ᠤ ᠲᠤᠷᠱᠢᠯᠲᠠ᠎ᠶ᠋ᠢᠨ ᠰᠤᠷᠭᠠᠭᠤᠯᠢ᠎ᠶ᠋ᠢᠨ ᠪᠠᠭ᠎ᠠ ᠰᠤᠷᠭᠠᠭᠤᠯᠢ᠎ᠶ᠋ᠢᠨ ᠪᠦᠯᠦᠭ᠎ᠤᠨ ᠲᠤᠭᠠᠨ᠎ᠤ ᠪᠠᠭ᠍ᠰᠢ ᠦᠤᠱᠢᠩᠬᠤᠸᠠᠷ ᠪᠠᠢᠭ᠎ᠠ ᠶᠤᠮ᠃
ᠦᠤᠱᠢᠩᠬᠤᠸᠠᠷ 1992 ᠣᠨ᠎ᠤ 7 ᠰᠠᠷ᠎ᠠ᠎ᠳᠤ ᠤᠤᠯ᠎ᠤᠨ ᠶᠡᠭᠡ ᠵᠤᠤ ᠠᠢᠮᠠᠭ᠎ᠤᠨ ᠡᠷᠡᠬᠦᠯ ᠬᠠᠮᠠᠭᠠᠯᠠᠯ᠎ᠤᠨ ᠰᠤᠷᠭᠠᠭᠤᠯᠢ᠎ᠠᠴᠠ ᠲᠡᠬᠦᠰᠪᠠ᠃ ᠲᠤᠬᠠᠢ᠎ᠶ᠋ᠢᠨ ᠦᠶ᠎ᠠ᠎ᠳᠤ ᠤᠷᠠᠳ᠎ᠤᠨ ᠲᠤᠮᠲᠠᠲᠤ ᠬᠤᠱᠢᠭᠤᠨ᠎ᠤ ᠰᠤᠮᠤᠨ᠎ᠤ ᠰᠤᠷᠭᠠᠭᠤᠯᠢ᠎ᠳᠤ ᠪᠠᠭ᠍ᠰᠢ ᠮᠠᠰᠢ ᠲᠤᠲᠠᠵᠤ ᠪᠠᠢᠭ᠍ᠰᠠᠨᠪᠤᠯᠬᠤᠷ ᠬᠤᠱᠢᠭᠤᠨ᠎ᠤ ᠨᠢᠭᠡᠲᠦᠯᠲᠡᠢ ᠲᠤᠬᠢᠷᠠᠭᠤᠯᠭ᠎ᠠ᠎ᠪᠠᠷ ᠡᠮ ᠡᠮᠨᠡᠯᠭᠡ ᠰᠤᠷᠤᠭ᠍ᠰᠠᠨ ᠦᠤᠱᠢᠩᠬᠤᠸᠠᠷ ᠲᠤᠰ ᠵᠢᠯ᠎ᠤᠨ ᠬᠢᠨᠢ 9 ᠰᠠᠷ᠎ᠠ᠎ᠳᠤ ᠬᠠᠩᠭᠠᠢᠭᠤᠪᠢ ᠰᠤᠮᠤᠨ᠎ᠤ ᠰᠤᠷᠭᠠᠭᠤᠯᠢ᠎ᠳᠤ ᠠᠵᠢᠯ᠎ᠤᠨ ᠭᠠᠷᠤᠭ᠎ᠠ ᠪᠠᠨ ᠠᠪᠤᠭ᠍ᠰᠠᠨ ᠪᠢᠯᠡ᠃

ᠬᠢᠴᠢᠶᠠᠯ ᠵᠢᠠᠨ ᠪᠡᠯᠡᠳᠬᠡᠵᠤ ᠪᠠᠢᠭ᠎ᠠ ᠨᠢ
ᠡᠮᠴᠢ᠎ᠶ᠋ᠢᠨ ᠮᠡᠷᠭᠡᠵᠢᠯ ᠰᠤᠷᠤᠭ᠍ᠰᠠᠨ ᠦᠤᠱᠢᠩᠬᠤᠸᠠᠷ ᠠᠬᠠᠮᠠᠳ ᠪᠠᠭ᠍ᠰᠢ᠎ᠠᠴᠠ᠎ᠲᠠᠭᠠᠨ ᠰᠤᠷᠤᠯᠴᠠᠬᠤ᠎ᠶ᠋ᠢᠨ ᠲᠠᠭᠠᠤ ᠡᠯ᠎ᠠ ᠵᠦᠢᠯ᠎ᠤᠨ ᠪᠤᠯᠪᠠᠰᠤᠷᠠᠯ᠎ᠳᠤ ᠤᠷᠤᠯᠴᠠᠬᠤ᠂ ᠨᠤᠮ ᠰᠡᠳᠬᠦᠯ ᠢᠯᠡᠬᠦᠦ ᠦᠵᠡᠬᠦ᠌ ᠵᠡᠷᠭᠡ ᠠᠯᠢ ᠤᠯᠠᠨ ᠠᠷᠭ᠎ᠠ ᠵᠠᠮ᠎ᠢᠶᠠᠷ ᠦᠪᠡᠷ᠎ᠤᠨ ᠮᠡᠷᠭᠡᠵᠢᠯ ᠮᠡᠲᠡᠯᠭᠡ᠎ᠪᠠᠨ ᠦᠷᠭᠡᠳᠭᠡᠵᠡᠢ᠃ ᠭᠡᠤᠭᠡᠳᠯᠢᠭ ᠵᠠᠩ᠎ᠲᠠᠢ ᠲᠡᠷᠡ ᠮᠠᠨᠢ ᠲᠡᠮᠡᠢ ᠤᠲᠠᠯ ᠦᠭᠡᠢ ᠪᠠᠭ᠍ᠰᠢ᠎ᠶ᠋ᠢᠨ ᠠᠵᠢᠯ᠎ᠳᠤ ᠲᠤᠷ᠎ᠠ ᠪᠠᠬᠠᠲᠠᠢ ᠪᠤᠯᠵᠤ᠂ ᠤᠢᠭ᠎ᠠ ᠦᠭᠡᠢ ᠠᠵᠢᠯᠯᠠᠭ᠍ᠰᠠᠭᠠᠷ ᠨᠢᠭᠡ ᠮᠡᠲᠡᠬᠦ᠌ᠳᠤ ᠭᠤᠴᠢ ᠭᠠᠷᠤᠢ ᠬᠠᠪᠤᠷ ᠨᠠᠮᠤᠷ᠎ᠢ ᠤᠭ᠍ᠲᠤᠵᠤ ᠦᠲᠡᠴᠢᠭᠡᠭ᠌ᠰᠡᠨ ᠪᠠᠢᠯ᠎ᠠ᠃ ᠦᠷ᠎ᠤᠨ ᠴᠤᠯᠮᠤᠨ᠎ᠲᠠᠢ ᠤᠷᠤᠯᠲᠤᠨ ᠪᠤᠰᠴᠤ᠌᠂ ᠦᠨᠡᠭᠡᠨ ᠬᠠᠷᠠᠩᠭᠤᠢ᠎ᠪᠠᠷ ᠬᠠᠷᠢᠲᠠᠭ ᠴᠦ᠍ ᠪᠠᠭ᠍ᠰᠢ᠎ᠶ᠋ᠢᠨ ᠠᠵᠢᠯ᠎ᠢᠶᠠᠨ ᠭᠤᠯᠤᠭ᠎ᠠ ᠦᠭᠡᠢ᠃ ᠡᠨᠡ ᠬᠤᠭᠤᠷᠤᠨᠲᠤ ᠭᠡᠲᠦ ᠤᠲᠠᠭ᠎ᠠ ᠪᠠᠭ᠍ᠰᠢ᠎ᠶ᠋ᠢᠨ ᠠᠵᠢᠯ᠎ᠢᠶᠠᠨ ᠲᠠᠶᠠᠭ᠍ᠲᠠᠨ ᠤᠨᠲᠤᠤ ᠠᠵᠢᠯ ᠰᠤᠯᠢᠬᠤ ᠳᠤᠬᠢᠶᠠᠯ ᠵᠠᠪᠱᠢᠶᠠᠨ ᠲᠠᠭᠠᠷᠠᠭ᠍ᠰᠠᠨ ᠴᠦ᠍ ᠲᠡᠷᠡ ᠮᠠᠨᠢ ᠭᠤᠷᠪᠠᠨ ᠲᠣᠬᠤᠢ ᠲᠠᠪᠴᠠᠩ᠎ᠢ ᠪᠠᠲᠤ ᠰᠠᠬᠢᠭ᠍ᠰᠠᠭᠠᠷ ᠢᠷᠡᠪᠡ᠃ ᠪᠠᠶᠠᠷ ᠴᠡᠩᠭᠡᠯ᠎ᠤᠨ ᠳᠤᠮᠳᠠ ᠰᠤᠷᠭᠠᠨ ᠬᠥᠮᠦᠵᠢᠯ᠎ᠢ ᠠᠭᠤᠰᠭᠠᠵᠤ᠂ ᠥᠪᠡᠷ᠎ᠤᠨ ᠮᠡᠳᠡᠯᠭᠡ᠎ᠪᠠᠨ ᠰᠤᠷᠤᠭ᠍ᠴᠢᠳ᠎ᠲᠠᠭᠠᠨ ᠵᠢᠭᠠᠵᠤ ᠰᠤᠷᠭᠠᠨ᠎ᠠ ᠭᠡᠭ᠌ᠴᠢ ᠨᠢᠭᠡ ᠵᠦᠢᠯ᠎ᠤᠨ ᠠᠭᠤᠤ ᠬᠦᠲᠡᠯᠮᠦᠷᠢ ᠪᠠᠢᠭ᠎ᠠ ᠶᠤᠮ᠃ ᠡᠩ᠎ᠤᠨ ᠴᠠᠭ᠎ᠲᠠᠭᠠᠨ ᠦᠤᠱᠢᠩᠬᠤᠸᠠᠷ ᠪᠠᠭ᠍ᠰᠢ ᠵᠠᠪ ᠴᠢᠯᠦᠭᠡᠲᠠᠢ ᠪᠣᠯᠣᠮᠠᠭ᠍ᠴᠠ ᠲᠣᠭᠠᠨ᠎ᠤ ᠤᠬᠠᠭᠠᠨ᠎ᠤ ᠵᠢᠭᠠᠬᠤ ᠮᠠᠲ᠋ᠧᠷᠢᠶᠠᠯ᠂ ᠵᠢᠭᠠᠬᠤ ᠠᠷᠭ᠎ᠠ ᠬᠢᠭᠡᠳ ᠱᠢᠨ᠎ᠡ ᠬᠢᠴᠢᠶᠡᠯ᠎ᠤᠨ ᠪᠠᠷᠢᠮᠵᠢᠶ᠎ᠠ᠎ᠶ᠋ᠢ ᠨᠠᠷᠢᠨ ᠬᠢᠨᠠᠮᠠᠭᠠᠢ ᠰᠤᠲᠤᠯᠤᠨ᠂ ᠤᠯᠠᠨ ᠲᠠᠯ᠎ᠠ᠎ᠠᠴᠠ ᠰᠤᠷᠤᠭ᠍ᠴᠢᠳ᠎ᠤᠨ ᠴᠢᠳᠠᠪᠤᠷᠢ ᠪᠠ ᠦᠪᠡᠷ᠎ᠢᠶᠠᠨ ᠰᠡᠳᠭᠢᠵᠦ᠍ ᠰᠤᠷᠤᠯᠴᠠᠬᠤ ᠳᠠᠳᠭᠠᠯ᠎ᠢ ᠬᠥᠮᠥᠵᠢᠭᠦᠯᠬᠦ᠌᠎ᠶ᠋ᠢ ᠴᠢᠬᠤᠯᠠᠴᠢᠯᠠᠵᠤ᠂ ᠰᠤᠷᠤᠭ᠍ᠴᠢᠳ᠎ᠤᠨ ᠤᠨᠴᠠᠯᠢᠭ᠎ᠲᠤ᠎ᠨᠢ ᠲᠣᠬᠢᠷᠠᠭᠤᠯᠤᠨ ᠵᠢᠭᠠᠳᠠᠭ᠃ ᠬᠢᠴᠢᠶᠡᠯ᠎ᠤᠨ ᠠᠭᠤᠯᠭ᠎ᠠ᠎ᠶ᠋ᠢ ᠰᠤᠷᠤᠭ᠍ᠴᠢᠳ᠎ᠤᠨ ᠬᠦᠯᠢᠶᠡᠠ ᠠᠪᠬᠤ ᠴᠢᠲᠠᠪᠤᠷᠢ᠎ᠲᠠᠢ ᠨᠢᠬ᠍ᠲᠠ ᠤᠶᠠᠯᠲᠤᠭᠤᠯᠤᠨ ᠪᠡᠯᠡᠳᠭᠡᠵᠦ᠍᠂ 40 ᠮᠢᠨᠦ᠋ᠲ᠎ᠤᠨ ᠬᠢᠴᠢᠶᠡᠯ᠎ᠤᠨ ᠶᠠᠰᠤ ᠴᠢᠨᠠᠷ᠎ᠢ ᠲᠠᠰᠤᠷᠠᠯᠲᠠ ᠦᠭᠡᠢ ᠳᠡᠭᠡᠭ᠌ᠰᠢᠯᠡᠭᠦᠯᠦᠨ᠂ ᠰᠤᠷᠤᠭ᠍ᠴᠢᠳ᠎ᠢ ᠬᠢᠴᠢᠶᠡᠯ᠎ᠤᠨ ᠲᠠᠩᠬᠢᠮ᠎ᠤᠨ ᠵᠢᠩᠬᠢᠨᠢ 《ᠡᠵᠡᠨ》 ᠪᠤᠯᠭᠠᠪᠠ᠃
《ᠪᠠᠭ᠍ᠰᠢ᠎ᠶ᠋ᠢᠨ ᠠᠵᠢᠯ ᠪᠤᠯ ᠮᠢᠨᠤ ᠮᠥᠷᠥᠨ᠎ᠳᠤ ᠲᠠᠯᠪᠢᠭ᠍ᠲᠠᠭ᠍ᠰᠠᠨ ᠬᠠᠷᠢᠭᠤᠴᠠᠯᠭ᠎ᠠ ᠮᠥᠨ᠂ ᠬᠡᠦᠬᠡᠳ᠎ᠤᠳ ᠪᠠᠶᠠᠷ ᠬᠥᠷ᠎ᠲᠠᠢ ᠰᠤᠷᠤᠯᠴᠠᠬᠤ᠎ᠶ᠋ᠢ ᠦᠵᠡᠬᠦ᠌ ᠪᠦᠷᠢ ᠥᠪᠡᠷ᠎ᠤᠨ ᠡᠷᠬᠡ ᠦᠭᠡᠢ ᠪᠠᠶᠠᠷᠯᠠᠳᠠᠭ᠂ ᠬᠡᠦᠬᠡᠳ᠎ᠤᠳ᠎ᠤᠨ ᠪᠠᠶᠠᠷ ᠬᠥᠷ᠎ᠲᠠᠢ ᠰᠤᠷᠤᠯᠴᠠᠬᠤ᠎ᠨᠢ ᠳᠠᠷᠤᠢ ᠮᠢᠨᠤ ᠠᠵᠢᠯ᠎ᠤᠨ ᠣᠯᠣᠯᠲᠠ ᠮᠥᠨ》 ᠭᠡᠵᠤ ᠦᠤᠱᠢᠩᠬᠤᠸᠠᠷ ᠪᠠᠭ᠍ᠰᠢ ᠲᠡᠩᠲᠡ ᠶᠠᠷᠢᠲᠠᠭ ᠪᠠᠢᠯ᠎ᠠ᠃

ᠬᠢᠴᠢᠶᠠᠯ ᠲᠡᠬᠡᠷ᠎ᠠ ᠰᠤᠷᠤᠭᠴᠢ ᠵᠢᠨ ᠲᠡᠮᠳᠡᠭᠯᠡᠯ᠎ᠢ ᠪᠠᠢᠴᠠᠭᠠᠵᠤ ᠪᠤᠢ
ᠴᠢᠷᠮᠠᠢᠵᠤ ᠶᠠᠪᠤᠪᠠᠯ ᠱᠢᠮᠲᠠᠵᠤ ᠠᠵᠢᠯᠯᠠᠪᠠᠯ ᠴᠠᠭ᠍ᠯᠠᠰᠢ ᠦᠭᠡᠢ ᠠᠮᠵᠢᠯᠲᠠ᠎ᠳᠤ ᠬᠦᠷᠦᠨ᠎ᠠ᠃ ᠤᠯᠠᠨ ᠵᠢᠯ᠎ᠤᠨ ᠲᠤᠷᠰᠢ ᠦᠤᠱᠢᠩᠬᠤᠸᠠᠷ ᠪᠠᠭ᠍ᠰᠢ ᠠᠵᠢᠯᠴᠢ ᠬᠢᠴᠢᠶᠡᠩᠭᠦᠢ᠂ ᠯᠠᠪᠳᠠᠭᠤᠨ ᠪᠠᠲᠤᠲᠠᠢ ᠠᠵᠢᠯᠯᠠᠵᠤ᠂ ᠲᠡᠬᠦᠨ᠎ᠤ ᠵᠢᠭᠠᠭ᠍ᠰᠠᠨ ᠬᠢᠴᠢᠶᠠᠯ᠎ᠨᠢ ᠪᠦᠬᠦ᠌ ᠬᠤᠱᠢᠭᠤ ᠲᠡᠷᠡᠴᠢᠯᠡᠨ ᠪᠦᠬᠦ᠌ ᠬᠤᠲᠠ᠎ᠶ᠋ᠢᠨ ᠡᠮᠦᠨ᠎ᠡ ᠡᠩᠨᠠᠭᠡᠨᠳᠤ ᠤᠷᠤᠵᠤ᠂ ᠦᠶ᠎ᠡ ᠦᠶ᠎ᠡ᠎ᠶ᠋ᠢᠨ ᠱᠢᠯᠢᠳᠡᠭ ᠰᠤᠷᠤᠭ᠍ᠴᠢᠳ᠎ᠢ ᠬᠦᠮᠦᠵᠢᠬᠦᠯᠦᠨ᠂ ᠡᠭᠡᠯ ᠵᠢᠷ᠎ᠤᠨ ᠠᠵᠢᠯ᠎ᠤᠨ ᠪᠠᠢᠷᠢᠨ ᠳᠡᠭᠡᠷ᠎ᠡ᠎ᠪᠠᠨ ᠦᠯᠡᠮᠵᠢ ᠠᠮᠵᠢᠯᠲᠠ ᠪᠦᠲᠦᠮᠵᠢ ᠭᠠᠷᠭᠠᠭ᠍ᠰᠠᠨ ᠪᠠᠢᠨ᠎ᠠ᠃ ᠪᠦᠭᠦ᠌ ᠬᠤᠱᠢᠭᠤᠨ᠎ᠤ ᠪᠠᠭ᠎ᠠ ᠰᠤᠷᠭᠠᠭᠤᠯᠢ᠎ᠶ᠋ᠢᠨ ᠲᠡᠭᠦᠰᠭᠦ ᠱᠢᠯᠭᠠᠯᠲᠠ᠎ᠳᠤ ᠲᠣᠭᠠᠨ᠎ᠤ ᠤᠬᠠᠭᠠᠨ᠎ᠤ ᠱᠢᠯᠭᠠᠯᠲᠠ᠎ᠶ᠋ᠢᠨ ᠨᠢᠭᠡᠳᠦᠭᠡᠷ᠂ ᠪᠦᠭᠦ᠌ ᠬᠤᠲᠠ᠎ᠶ᠋ᠢᠨ ᠮᠣᠩᠭᠤᠯ᠎ᠢᠶᠠᠷ ᠬᠢᠴᠢᠶᠡᠯᠯᠡᠬᠦ᠌ ᠲᠠᠪᠤ ᠵᠢᠷᠭᠤᠳᠤᠭᠠᠷ ᠣᠨ᠎ᠤ ᠲᠣᠭᠠᠨ᠎ᠤ ᠤᠬᠠᠭᠠᠨ᠎ᠤ ᠤᠷᠤᠯᠳᠤᠭᠠᠨ᠎ᠤ ᠨᠢᠭᠡᠳᠦᠭᠡᠷ ᠳᠡᠰ᠎ᠤᠨ ᠱᠠᠩᠨᠠᠯ᠂ ᠪᠦᠬᠦ᠌ ᠣᠷᠣᠨ᠎ᠤ ᠱᠢᠯᠢᠳᠡᠭ ᠬᠢᠴᠢᠶᠡᠯ᠎ᠤᠨ ᠤᠷᠤᠯᠳᠤᠭᠠᠨ᠎ᠤ ᠨᠢᠭᠡᠳᠦᠭᠡᠷ ᠳᠡᠰ᠎ᠤᠨ ᠱᠠᠩᠨᠠᠯ᠂ 《ᠬᠦᠰᠡᠯ ᠬᠤᠨᠳᠠᠭᠠᠲᠤ》 ᠪᠦᠬᠦ᠌ ᠤᠯᠤᠰ᠎ᠤᠨ ᠲᠣᠭᠠᠨ᠎ᠤ ᠤᠬᠠᠭᠠᠨ᠎ᠤ ᠤᠷᠢᠯᠭ᠎ᠠ᠎ᠶ᠋ᠢᠨ ᠤᠷᠤᠯᠳᠤᠭᠠᠨ᠎ᠤ ᠱᠢᠯᠢᠳᠡᠭ ᠬᠠᠪᠰᠤᠷᠤᠨ ᠵᠢᠯᠣᠭᠤᠳᠤᠭ᠍ᠴᠢ᠂ ᠪᠠᠶᠠᠨᠨᠠᠭᠤᠷ ᠬᠤᠲᠠ᠎ᠶ᠋ᠢᠨ ᠱᠢᠯᠢᠳᠡᠭ ᠡᠪ ᠬᠠᠮᠲᠤ ᠨᠠᠮ᠎ᠤᠨ ᠭᠡᠱᠢᠭᠦᠨ᠂ ᠤᠯᠠᠨ ᠤᠲᠠᠭᠠᠨ᠎ᠤ ᠬᠤᠱᠢᠭᠤ᠂ ᠬᠤᠳᠠ᠎ᠶ᠋ᠢᠨ ᠲᠡᠰ᠎ᠤᠨ 《ᠱᠢᠯᠢᠳᠡᠭ ᠵᠢᠭᠠᠨ ᠰᠤᠷᠭᠠᠬᠤ ᠴᠢᠳᠠᠪᠤᠷᠢᠲᠠᠨ》᠂ ᠬᠤᠱᠢᠭᠤ᠂ ᠬᠤᠲᠠ᠂ ᠤᠷᠤᠨ᠂ ᠤᠯᠤᠰ᠎ᠤᠨ ᠲᠡᠰ᠎ᠤᠨ ᠱᠢᠯᠢᠲᠡᠭ ᠪᠠᠭ᠍ᠰᠢ ᠪᠡᠷ ᠦᠨᠡᠯᠡᠭ᠌ᠲᠡᠭᠰᠡᠨ ᠪᠠᠢᠨ᠎ᠠ᠃ 《ᠬᠢᠴᠢᠶᠡᠯ᠎ᠤᠨ ᠲᠠᠩᠬᠢᠮ᠎ᠤᠨ ᠵᠢᠭᠠᠨ ᠰᠤᠷᠭᠠᠯᠲᠠ᠎ᠳᠤ ᠰᠤᠷᠤᠭ᠍ᠴᠢᠳ᠎ᠤᠨ ᠰᠤᠷᠤᠯᠴᠠᠬᠤ ᠤᠷᠮ᠎ᠠ ᠪᠠᠬ᠎ᠠ᠎ᠶ᠋ᠢ ᠬᠡᠷᠬᠢᠨ ᠬᠥᠭ᠌ᠵᠢᠭᠡᠬᠦ᠌ ᠪᠣᠶ》 ᠭᠡᠬᠦ᠌ ᠥᠭᠦᠯᠡᠯ᠎ᠨᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠥᠭᠦᠯᠡᠯ᠎ᠤᠨ ᠱᠢᠯᠭᠠᠷᠠᠭᠤᠯᠤᠯᠲᠠ᠎ᠳᠤ ᠬᠤᠶᠠᠳᠤᠭᠠᠷ ᠳᠡᠰ᠎ᠤᠨ ᠱᠠᠩᠨᠠᠯ᠂ 《ᠬᠡᠪ ᠴᠢᠨᠠᠷ᠎ᠤᠨ ᠰᠤᠷᠭᠠᠨ ᠬᠥᠮᠦᠵᠢᠯ᠎ᠳᠤ ᠠᠩᠭᠢ᠎ᠶ᠋ᠢᠨ ᠡᠷᠬᠢᠯᠡᠭ᠌ᠴᠢ᠎ᠶ᠋ᠢᠨ ᠠᠵᠢᠯ᠎ᠢ ᠬᠡᠷᠬᠢᠨ ᠰᠠᠢᠲᠤᠷ ᠬᠢᠬᠦ᠌ ᠪᠣᠶ》 ᠭᠡᠬᠦ᠌ ᠥᠭᠦᠯᠡᠯ᠎ᠨᠢ ᠥᠪᠥᠷ ᠮᠣᠩᠭᠤᠯ᠎ᠤᠨ ᠬᠡᠪᠯᠡᠯ᠎ᠤᠨ ᠬᠤᠷᠢᠶ᠎ᠠ᠎ᠶ᠋ᠢᠨ 《ᠦᠨᠳᠦᠰᠦᠲᠡᠨ᠎ᠤ ᠰᠤᠷᠭᠠᠨ ᠬᠥᠮᠦᠵᠢᠯ᠎ᠤᠨ ᠥᠭᠦᠯᠡᠯ᠎ᠤᠨ ᠲᠡᠭᠦᠪᠦᠷᠢ》 ᠳ᠋ᠦ ᠲᠡᠬᠦᠪᠦᠷᠢᠯᠡᠭ᠌ᠲᠡᠭ᠌ᠰᠡᠨ ᠪᠥᠭᠡᠳ ᠱᠢᠯᠢᠳᠡᠭ ᠥᠭᠦᠯᠡᠯ᠎ᠢᠶᠠᠷ ᠦᠨᠡᠯᠡᠭ᠌ᠲᠡᠵᠡᠢ᠃

ᠬᠢᠴᠢᠶᠠᠯ ᠤᠷᠤᠵᠤ ᠪᠠᠢᠭ᠎ᠠ ᠨᠢ
ᠪᠠᠷᠢᠮᠲᠠᠯᠠᠯ᠎ᠤᠨ ᠬᠦᠴᠦᠨ ᠬᠢᠵᠠᠭᠠᠯᠠᠰᠢ ᠦᠭᠡᠢ ᠪᠠᠢᠲᠠᠭ᠃ ᠦᠤᠱᠢᠩᠬᠤᠸᠠᠷ ᠪᠠᠭ᠍ᠰᠢ ᠭᠤᠴᠢᠨ ᠲᠦᠷᠪᠡᠨ ᠵᠢᠯ᠎ᠢ ᠨᠢᠭᠡ ᠯᠡ ᠡᠳᠦᠷ ᠮᠡᠲᠦ ᠪᠡᠶ᠎ᠡ᠎ᠪᠠᠨ ᠴᠢᠩᠭ᠎ᠠ ᠱᠠᠭᠠᠷᠲᠠᠵᠤ ᠢᠷᠡᠭ᠌ᠰᠡᠨ᠎ᠨᠢ ᠪᠢᠱᠢᠷᠡᠬᠦᠱᠢᠲᠡᠢ᠃ ᠲᠠᠰ ᠬᠠᠷ᠎ᠠ ᠭᠡᠵᠢᠭᠡᠨ ᠳ᠋ᠡᠭᠡᠨ ᠬᠢᠷᠠᠭᠤ ᠤᠨᠠᠲᠠᠯ᠎ᠠ᠂ ᠲᠡᠨᠢᠢᠭ᠌ᠰᠡᠨ ᠰᠠᠢᠬᠠᠨ ᠮᠠᠩᠨᠠᠢ᠎ᠳᠠᠭᠠᠨ ᠦᠷᠴᠢᠯᠡᠭᠡ ᠤᠷᠤᠲᠠᠯ᠎ᠠ ᠰᠤᠷᠭᠠᠨ ᠬᠦᠮᠦᠵᠢᠯ᠎ᠤᠨ ᠦᠢᠯᠡᠰ᠎ᠲᠤ ᠵᠢᠳᠬᠦᠵᠦ᠍᠂ ᠪᠤᠲᠠᠲᠤ ᠦᠢᠯᠡ ᠠᠵᠢᠯᠯᠠᠭ᠎ᠠ᠎ᠪᠠᠷ᠎ᠢᠶᠠᠨ ᠪᠢᠴᠢᠭ ᠵᠢᠭᠠᠵᠤ ᠬᠥᠮᠥᠨ ᠬᠥᠮᠥᠵᠢᠭᠦᠯᠬᠦ᠌ ᠡᠷᠬᠢᠮ ᠳᠡᠭᠡᠳᠦ ᠡᠭᠦᠷᠭᠡ ᠬᠠᠷᠢᠭᠤᠴᠠᠯᠭ᠎ᠠ᠎ᠪᠠᠨ ᠬᠦᠢᠴᠡᠳᠭᠡᠨ᠂ ᠭᠠᠨᠵᠤᠭ᠎ᠠ ᠲᠦᠬᠦᠷᠡᠩ ᠠᠮᠵᠢᠯᠲᠠ᠎ᠪᠠᠷ 《ᠪᠠᠭ᠍ᠰᠢ》 ᠭᠡᠰᠡᠨ ᠢᠷᠠᠭᠤ ᠠᠯᠲᠠᠷᠲᠤ ᠦᠩᠭᠡ ᠨᠡᠮᠡᠷᠢᠯᠡᠭ᠌ᠰᠡᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃