2026-09-25 20:58:38
ᠭᠠᠭᠴᠠ ᠰᠠᠤᠷᠢ ᠮᠠᠱᠢᠨ ᠵᠢᠡᠷ ᠪᠤᠰᠬᠠᠭᠰᠠᠠ ᠤᠯᠠᠨ ᠡᠰᠢᠲᠦ ᠠᠵᠤ ᠦᠢᠯᠡᠰ
ᠴᠠᠭ ᠡᠷᠢᠨ᠎ᠤ ᠬᠥᠭ᠌ᠵᠢᠯᠳᠡ᠎ᠶ᠋ᠢ ᠲᠠᠭᠠᠯᠳᠤᠨ ᠨᠤᠲᠤᠭ᠎ᠲᠠᠭᠠᠨ ᠪᠤᠴᠠᠵᠤ ᠦᠢᠯᠡᠰ ᠪᠤᠰᠭᠠᠨ᠂ ᠤᠷᠤᠨ ᠨᠤᠳᠤᠭ᠎ᠤᠨ ᠬᠥᠭ᠌ᠵᠢᠯᠳᠡ᠎ᠳᠤ ᠬᠥᠴᠥᠨ ᠴᠢᠳᠠᠪᠤᠷᠢ᠎ᠪᠠᠨ ᠡᠷᠭᠦᠵᠤ ᠶᠠᠪᠤᠭᠠᠵᠠᠯᠠᠭᠤᠴᠤᠳ ᠤᠯᠠᠨ ᠪᠤᠯᠵᠠᠢ᠃ ᠪᠠᠶᠠᠠᠨᠠᠭᠤᠷ ᠬᠤᠲᠠ ᠵᠢᠨ ᠤᠷᠠᠳ᠎ᠤᠨ ᠳᠤᠮᠳᠠᠳᠤ ᠬᠤᠱᠢᠭᠤᠨ᠎ᠤ ᠱᠢᠨᠡᠬᠦ᠋ᠷᠢᠶᠡ ᠰᠤᠮᠤᠨ᠎ᠤ ᠤᠯᠠᠭᠠᠨᠴᠢᠯᠠᠭᠤ ᠭᠠᠴᠠᠭᠠᠨ᠎ᠤ ᠮᠠᠯᠴᠢᠨ ᠨᠠᠷᠠᠨᠮᠠᠨᠳᠤᠯ᠎ᠠ ᠶᠡᠭᠡ ᠰᠤᠷᠭᠠᠭᠤᠯᠢ᠎ᠪᠠᠨ ᠲᠡᠭᠦᠰᠦᠭ᠌ᠰᠡᠨ᠎ᠤ ᠳᠠᠷᠠᠭ᠎ᠠ ᠠᠷᠤ ᠭᠡᠷ᠎ᠲᠡᠭᠡᠨ ᠪᠤᠴᠠᠭᠠᠳ ᠮᠠᠯᠴᠢᠨ ᠵᠠᠶᠠᠭ᠎ᠠ ᠲᠥᠱᠢᠭ᠌ᠰᠡᠨ ᠪᠢᠯᠡ᠃ ᠲᠡᠷᠡ ᠴᠠᠭ ᠥᠶ᠎ᠡ᠎ᠶ᠋ᠢᠨ ᠬᠥᠭ᠌ᠵᠢᠯᠳᠡ᠎ᠶ᠋ᠢ ᠲᠠᠭᠠᠨ ᠤᠯᠠᠮᠵᠢᠯᠠᠯᠳᠤ ᠪᠠᠢᠳᠠᠯ᠎ᠢᠶᠠᠨ ᠬᠤᠪᠢᠷᠠᠭᠤᠯᠬᠤ ᠦᠭᠡᠢ ᠪᠤᠯ ᠪᠠᠶᠠᠵᠢᠯ᠎ᠤᠨ ᠵᠠᠮ᠎ᠢᠶᠠᠷ ᠵᠠᠮᠨᠠᠵᠤ ᠲᠡᠢᠯᠬᠦ᠌ ᠦᠭᠡᠢ ᠭᠡᠳᠡᠭ᠎ᠢ ᠰᠡᠷᠭᠡᠭ᠎ᠢᠶᠠᠷ ᠲᠠᠨᠢᠵᠤ᠂ ᠤᠯᠠᠨ ᠭᠠᠵᠠᠷ᠎ᠢᠶᠠᠷ ᠰᠤᠷᠤᠯᠴᠠᠨ ᠲᠤᠷᠱᠢᠯᠭ᠎ᠠ ᠬᠤᠷᠠᠮᠳᠤᠭᠤᠯᠵᠤ᠂ ᠱᠢᠨᠵᠢᠯᠡᠬᠦ᠌ ᠤᠬᠠᠭᠠᠨᠴᠢ᠎ᠪᠠᠷ ᠲᠠᠷᠢᠶᠠᠯᠠᠵᠤ ᠮᠠᠯᠵᠢᠨ᠂ ᠣᠷᠣᠯᠭ᠎ᠠ᠎ᠪᠠᠨ ᠨᠡᠮᠡᠭ᠌ᠳᠡᠭᠦᠯᠬᠦ᠌᠎ᠶ᠋ᠢᠨ ᠬᠠᠮᠲᠤ ᠥᠷᠭᠡᠨ ᠤᠯᠠᠨ ᠮᠠᠯᠴᠢᠨ ᠲᠠᠷᠢᠶᠠᠴᠢᠨ᠎ᠢ ᠲᠠᠢᠴᠢᠯᠠᠨ᠂ ᠣᠢᠷ᠎ᠠ ᠬᠠᠪᠢ᠎ᠳᠤᠨᠢ ᠠᠵᠢᠯ ᠣᠯᠭᠤᠵᠤ᠂ 1 ᠰᠠᠤᠷᠢ ᠲᠠᠷᠢᠶᠠᠯᠠᠩ᠎ᠤᠨ ᠮᠠᠱᠢᠨ᠎ᠠᠴᠠ ᠡᠬᠢᠯᠡᠨ 《ᠠᠨᠵᠢᠯ》 ᠲᠤᠰᠭᠠᠢ ᠬᠤᠷᠱᠢᠶ᠎ᠠ ᠪᠠᠢᠭᠤᠯᠵᠤ᠂ ᠮᠠᠱᠢᠨᠴᠢᠯᠠᠯᠲᠠ᠎ᠪᠠᠷ ᠪᠠᠶᠠᠵᠢᠬᠤ ᠵᠠᠮ ᠢ ᠨᠡᠭᠡᠭᠡᠨ᠂ ᠬᠥᠳᠡᠭᠡ ᠲᠣᠰᠭᠤᠨ ᠢ ᠬᠥᠭ᠌ᠵᠢᠭᠦᠯᠦᠨ ᠮᠠᠨᠳᠤᠭᠤᠯᠬᠤ᠎ᠳᠤ ᠬᠥᠳᠡᠯᠭᠡᠬᠦ᠌ ᠬᠦᠴᠦᠨ ᠨᠡᠮᠡᠷᠢᠯᠡᠵᠡᠢ᠃

ᠬᠠᠪᠤᠷ᠎ᠤᠨ ᠲᠠᠷᠢᠶᠠᠯᠠᠭ᠎ᠠ ᠵᠢᠨ ᠦᠶ᠎ᠡ᠎ᠳᠤ ᠱᠢᠨᠡᠬᠦ᠋ᠷᠢᠶᠡ ᠰᠤᠮᠤᠨ᠎ᠤ ᠤᠯᠠᠭᠠᠨᠴᠢᠯᠠᠭᠤ ᠭᠠᠴᠠᠭᠠᠨ᠎ᠤ ᠲᠠᠷᠢᠶᠠᠨ ᠭᠠᠵᠠᠷ᠎ᠢᠶᠠᠷ 《ᠠᠨᠵᠢᠯ》 ᠬᠤᠷᠰᠢᠶ᠎ᠠ ᠵᠢᠨ ᠨᠠᠷᠠᠨᠮᠠᠨᠳᠤᠯ᠎ᠠ᠎ᠶ᠋ᠢᠨ ᠳᠠᠭᠠᠭᠤᠯᠤᠭ᠍ᠰᠠᠨ ᠲᠠᠷᠢᠶᠠᠯᠠᠩ᠎ᠤᠨ ᠮᠠᠱᠢᠨ᠎ᠤ ᠦᠢᠯᠡᠴᠢᠯᠡᠭᠡᠨ᠎ᠤ ᠠᠩᠭᠢ᠎ᠶ᠋ᠢᠨ ᠭᠠᠵᠠᠷ ᠬᠥᠷᠪᠡᠬᠦᠯᠬᠦ᠌ ᠮᠠᠱᠢᠨ᠂ ᠭᠠᠵᠠᠷ ᠲᠡᠭ᠌ᠰᠢᠯᠡᠬᠦ᠌ ᠮᠠᠱᠢᠨ ᠶᠠᠭᠠᠷᠠᠯᠲᠠᠢ ᠠᠵᠢᠯᠯᠠᠵᠦ᠂ ᠮᠠᠯᠴᠢᠨ ᠲᠠᠷᠢᠶᠠᠴᠢᠳ ᠲᠦ᠍ ᠨᠡᠢᠭᠡᠮᠴᠢᠯᠡᠭᠰᠡᠨ ᠦᠢᠯᠡᠴᠢᠯᠡᠭᠡ ᠬᠠᠩᠭᠠᠪᠠ᠃ ᠡᠨᠡ ᠬᠦ᠌ ᠲᠤᠰᠭᠠᠢᠵᠢᠭ᠍ᠰᠠᠨ᠂ ᠬᠡᠪᠴᠢᠶᠡᠵᠢᠭ᠌ᠰᠡᠨ ᠲᠠᠷᠢᠶᠠᠯᠠᠩ᠎ᠤᠨ ᠮᠠᠱᠢᠨ᠎ᠤ ᠬᠤᠷᠱᠢᠶ᠎ᠠ ᠵᠢ ᠪᠠᠢᠭᠤᠯᠬᠤ᠎ᠳᠤ ᠠᠩᠬ᠎ᠠ ᠡᠬᠢᠨᠳ᠋ᠡᠬᠡᠨ ᠵᠦᠪᠬᠡᠨ ᠨᠡᠷᠠᠨᠮᠠᠨᠳᠤᠯᠠ ᠵᠢᠨ ᠪᠣᠷᠣᠭ᠍ᠵᠢᠭᠤᠨ ᠪᠤᠳᠤᠯ ᠲᠡᠳᠦᠢ ᠪᠠᠢᠵᠠᠢ᠃ᠭᠡᠪᠡᠴᠤ᠌ ᠲᠠᠷᠠ ᠪᠡᠷ ᠶᠠᠮᠠᠷᠪᠠ ᠶᠠᠭᠤᠮ᠎ᠠ᠎ᠶ᠋ᠢ ᠨᠢᠭᠡ ᠥᠵᠡᠪᠡᠯ ᠨᠡᠪᠳᠡᠷᠡᠳᠡᠯ᠎ᠡ ᠥᠢᠯᠠᠭᠠᠵᠤ᠂ ᠲᠠᠭᠤᠰᠳᠠᠯ᠎ᠠ ᠬᠢᠳᠡᠭ ᠵᠠᠯᠠᠭᠤ ᠪᠤᠯᠬᠤᠷ ᠦᠪᠡᠷ᠎ᠤᠨ ᠪᠤᠳᠤᠯ ᠵᠢᠠᠨ ᠪᠠᠷᠢᠮᠳᠡᠯᠡᠨ ᠬᠢᠭᠰᠡᠡ ᠪᠠᠢᠨ᠎ᠠ᠃
《2010 ᠣᠨ᠎ᠳᠤ ᠪᠢ ᠵᠡᠭᠦᠨ ᠬᠤᠢᠲᠤ ᠣᠷᠣᠨ᠎ᠳᠤ ᠵᠢᠭᠤᠯᠴᠢᠯᠠᠬᠤ᠎ᠪᠠᠷ ᠬᠥᠷᠥᠭᠡᠳ᠂ ᠲᠤᠬᠠᠢ᠎ᠶ᠋ᠢᠨ ᠭᠠᠵᠠᠷ᠎ᠤᠨ᠎ᠬᠢᠨ ᠡᠷᠳᠡᠨᠢ ᠱᠢᠰᠢ᠎ᠪᠠᠨ ᠮᠠᠱᠢᠨ᠎ᠢᠶᠠᠷ ᠬᠠᠳᠤᠵᠤ ᠬᠤᠷᠢᠶᠠᠵᠤ ᠪᠠᠢᠬᠤ᠎ᠶ᠋ᠢ ᠥᠵᠡᠯᠠ᠂ ᠲᠡᠭᠡᠭᠡᠳ ᠮᠠᠨ᠎ᠤ ᠮᠠᠯᠵᠢᠬᠤ ᠣᠷᠣᠨ᠎ᠳᠤ ᠲᠠᠷᠢᠶᠠᠯᠠᠩ᠎ᠤᠨ ᠮᠠᠱᠢᠨ ᠴᠥᠭᠡᠨ᠂ ᠤᠯᠠᠩᠬᠢ᠎ᠳᠠᠭᠠᠨ ᠬᠥᠮᠥᠨ᠎ᠤ ᠬᠦᠴᠦᠨ᠎ᠳᠤ ᠲᠦᠱᠢᠭ᠌ᠯᠡᠵᠦ᠍᠂ ᠡᠳᠦᠷ᠎ᠲᠤ ᠵᠥᠪᠬᠡᠨ ᠨᠢᠭᠡ ᠮᠦ᠍ ᠲᠠᠷᠢᠶ᠎ᠠ ᠬᠠᠳᠤᠵᠤ᠂ ᠠᠵᠢᠯ ᠬᠥᠨᠳᠤ ᠪᠦᠭᠡᠳ ᠤᠳᠠᠭᠠᠨ ᠪᠤᠯᠬᠤᠷ ᠬᠥᠭ᠌ᠵᠢᠭ᠌ᠰᠡᠨ ᠭᠠᠵᠠᠷ᠎ᠤᠨ ᠮᠠᠱᠢᠨ᠎ᠢ ᠨᠤᠳᠤᠭ᠎ᠲᠠᠭᠠᠨ ᠠᠪᠴᠢᠷᠠᠭᠠᠳ ᠮᠠᠯᠴᠢᠳ᠎ᠲᠠᠭᠠᠨ ᠥᠢᠯᠡᠴᠢᠯᠡᠵᠤ ᠥᠵᠡᠶ᠎ᠡ ᠭᠡᠬᠦ ᠪᠤᠳᠤᠯ ᠤᠷᠤᠯ᠎ᠠ᠃ ᠲᠡᠭᠡᠭᠡᠳ ᠡᠷᠳᠡᠨᠢ ᠱᠢᠰᠢ ᠬᠤᠷᠢᠶᠠᠬᠤ ᠮᠠᠱᠢᠨ ᠬᠤᠳᠠᠯᠳᠤᠨ ᠠᠪᠴᠢᠷᠠᠵᠤ ᠂ ᠡᠷᠳᠡᠨᠢ ᠱᠢᠰᠢ ᠬᠠᠳᠤᠵᠤ ᠬᠤᠷᠢᠶᠠᠨ᠂ ᠮᠠᠯᠴᠢᠳ᠎ᠤᠨ ᠬᠥᠳᠡᠯᠮᠥᠷᠢ ᠬᠥᠴᠥ᠎ᠶ᠋ᠢ ᠶᠡᠭᠡ ᠪᠡᠷ ᠠᠷᠪᠢᠯᠠᠵᠤ᠂ ᠬᠤᠷᠳᠤᠴᠠ ᠥᠷ᠎ᠡ ᠠᠱᠢᠭ ᠡᠯ᠎ᠡ ᠲᠠᠯ᠎ᠠ᠎ᠪᠠᠷ ᠴᠥᠮ ᠮᠠᠰᠢ ᠰᠠᠢᠨ ᠪᠠᠢᠵᠤ᠂ ᠤᠢᠷ᠎ᠠ ᠬᠠᠪᠢ᠎ᠶ᠋ᠢᠨ ᠮᠠᠯᠴᠢᠳ᠎ᠤᠨ ᠢᠳᠡᠭᠡᠯ ᠨᠠᠢᠳᠠᠯᠭ᠎ᠠ᠎ᠶ᠋ᠢ ᠤᠯᠵᠠᠢ᠃ ᠪᠢ ᠲᠡᠷᠡ ᠦᠶ᠎ᠡ᠎ᠠᠴᠠ ᠡᠬᠢᠯᠡᠨ ᠮᠠᠱᠢᠨᠴᠢᠯᠠᠯᠲᠠ᠎ᠪᠠᠷ ᠮᠠᠯᠵᠢᠬᠤ ᠣᠷᠣᠨ᠎ᠤ ᠬᠥᠳᠡᠯᠮᠦᠷᠢᠯᠡᠬᠦ᠌ ᠠᠷᠭ᠎ᠠ ᠬᠡᠯᠪᠡᠷᠢ᠎ᠶ᠋ᠢ ᠬᠤᠪᠢᠷᠠᠭᠤᠯᠬᠤ᠎ᠪᠠᠷ ᠵᠣᠷᠢᠭ ᠱᠢᠭᠤᠳᠴᠠᠢ》 ᠭᠡᠵᠦ᠍ ᠨᠠᠷᠠᠨᠮᠠᠨᠳᠤᠯ᠎ᠠ ᠲᠠᠨᠢᠯᠴᠠᠭᠤᠯᠪᠡ᠃
2011 ᠣᠨ᠎ᠳᠤ᠂ ᠨᠠᠷᠠᠨᠮᠠᠨᠳᠤᠯ᠎ᠠ 58 ᠲᠦᠮᠡᠨ ᠲᠥᠭᠦᠷᠢᠭ᠎ᠤᠨ ᠪᠡᠯᠡ ᠮᠥᠩᠭᠦ᠌ ᠴᠤᠭ᠍ᠯᠠᠭᠤᠯᠵᠤ᠂ ᠠᠩᠬᠠᠨ᠎ᠤ ᠲᠠᠷᠢᠶᠠᠯᠠᠩ᠎ᠤᠨ ᠮᠠᠱᠢᠨᠵᠢᠡᠨ ᠬᠤᠳᠠᠯᠳᠤᠨ ᠠᠪᠤᠭᠠᠳ᠂ 《ᠠᠨᠵᠢᠯ》 ᠬᠤᠷᠰᠢᠶ᠎ᠠ ᠵᠢ ᠪᠠᠢᠭᠤᠯᠤᠨ᠂ ᠲᠠᠷᠢᠶᠠᠯᠠᠩ᠎ᠤᠨ ᠮᠠᠱᠢᠨ᠎ᠤ ᠦᠢᠯᠡᠴᠢᠯᠡᠭᠡᠨ᠎ᠤ ᠠᠩᠭᠢ ᠵᠢ ᠵᠤᠬᠢᠶᠠᠨ ᠪᠠᠢᠭᠤᠯᠤᠭᠠᠳ ᠮᠠᠯᠴᠢᠳ᠎ᠲᠠᠭᠠᠨ ᠥᠢᠯᠡᠴᠢᠯᠡᠵᠡᠢ᠃ ᠮᠠᠱᠢᠨᠴᠢᠯᠠᠯᠳᠠᠨᠢ ᠬᠥᠴᠥ᠍ ᠠᠷᠪᠢᠯᠠᠵᠤ᠂ ᠴᠠᠭ᠎ᠢ ᠭᠠᠮᠨᠠᠨ᠂ ᠵᠠᠷᠤᠳᠠᠯ᠎ᠢ ᠪᠠᠭᠠᠰᠭᠠᠭ᠍ᠰᠠᠨ᠎ᠡᠴᠡ ᠮᠠᠰᠢ ᠲᠦᠷᠭᠡᠨ ᠮᠠᠯᠴᠢᠳ᠎ᠲᠤ ᠮᠡᠳᠡᠷᠡᠭᠳᠡᠪᠡ᠃ ᠲᠡᠷᠡ ᠵᠢᠯ ᠳᠠᠷᠠᠭᠠᠯᠠᠨ ᠪᠡᠯᠡ ᠣᠷᠣᠭᠤᠯᠤᠯᠲᠠ᠎ᠪᠠᠨ ᠨᠡᠮᠡᠭ᠌ᠳᠡᠭᠦᠯᠵᠦ᠍᠂ ᠦᠷᠭᠦᠯᠵᠢᠯᠡᠨ ᠲᠡᠰ ᠳᠡᠪᠱᠢᠭᠦᠯᠦᠨ᠂ ᠬᠤᠷᠱᠢᠶᠠᠨ ᠳ᠋ᠠᠭᠠᠨᠲᠷᠠᠺᠲ᠋ᠤᠷ᠂ ᠡᠪᠡᠰᠥ᠍ ᠬᠠᠳᠤᠬᠤ ᠮᠠᠱᠢᠨ ᠵᠡᠷᠭᠡ 30 ᠭᠠᠷᠤᠢ ᠵᠦᠢᠯ᠎ᠤᠨ ᠲᠠᠷᠢᠶᠠᠯᠠᠩ᠎ᠤᠨ ᠮᠠᠱᠢᠨ ᠬᠤᠳᠠᠯᠳᠤᠨ ᠠᠪᠴᠤ᠌᠂ ᠬᠠᠪᠤᠷ᠎ᠤᠨ ᠲᠠᠷᠢᠶᠠᠯᠠᠭ᠎ᠠ᠂ ᠨᠠᠮᠤᠷ᠎ᠤᠨ ᠬᠤᠷᠢᠶᠠᠯᠲᠠ᠂ ᠬᠠᠳᠠᠭᠠᠯᠠᠵᠤ ᠵᠥᠭᠡᠭᠡᠪᠦᠷᠢᠯᠡᠬᠦ᠌ ᠪᠦᠬᠦ᠌ ᠶᠠᠪᠤᠴᠠ᠎ᠳᠤ ᠮᠠᠱᠢᠨᠴᠢᠯᠠᠯᠲᠠ᠎ᠶ᠋ᠢ ᠪᠡᠶᠡᠯᠡᠭᠦᠯᠵᠦ᠍᠂ ᠮᠠᠯᠵᠢᠬᠤ ᠣᠷᠣᠨ᠎ᠤ ᠲᠠᠷᠢᠶᠠᠯᠠᠩ᠎ᠤᠨ ᠮᠠᠱᠢᠨ᠎ᠤ ᠳᠤᠲᠠᠭᠤᠳᠠᠯ᠎ᠢ ᠨᠥᠬᠦᠪᠦᠷᠢᠯᠡᠵᠡᠢ᠃ ᠲᠡᠷᠡᠴᠢᠯᠡᠨ ᠲᠠᠷᠢᠶᠠᠯᠠᠩ᠎ᠤᠨ ᠮᠠᠱᠢᠨ᠎ᠤ ᠠᠱᠢᠭ᠍ᠯᠠᠯᠲᠠ᠎ᠶ᠋ᠢᠨ ᠨᠤᠷᠮ᠎ᠠ᠎ᠶ᠋ᠢ ᠳᠡᠭᠡᠭ᠌ᠰᠢᠯᠡᠭᠦᠯᠵᠦ᠍᠂ ᠣᠷᠣᠯᠭ᠎ᠠ᠎ᠪᠠᠨ ᠨᠡᠮᠡᠭ᠌ᠳᠡᠭᠦᠯᠬᠦ᠌ ᠠᠷᠭ᠎ᠠ ᠵᠠᠮ᠎ᠢ ᠥᠷᠭᠡᠳᠭᠡᠬᠦ᠌᠎ᠶ᠋ᠢᠨ ᠲᠥᠯᠥᠭᠡ ᠲᠠᠷᠢᠶᠠᠯᠠᠩ᠎ᠤᠨ ᠰᠡᠯᠡᠭᠦᠦ ᠴᠠᠭ᠎ᠲᠤ᠌ ᠲᠡᠷᠡ ᠦᠢᠯᠡᠴᠢᠯᠡᠭᠡᠨ᠎ᠤ ᠠᠩᠭᠢ᠎ᠪᠠᠨ ᠳᠠᠭᠠᠭᠤᠯᠵᠤ ᠂ ᠭᠠᠨᠰᠤ᠂ ᠠᠨᠾᠦ᠋ᠢ᠂ ᠵᠢᠶᠠᠩᠰᠤ᠂ ᠬᠤᠪᠧᠢ᠂ ᠬᠥᠯᠥᠨ ᠪᠤᠢᠷ ᠵᠡᠷᠭᠡ ᠤᠯᠠᠨ ᠭᠠᠵᠠᠷ᠎ᠲᠤ ᠬᠦᠷᠴᠦ᠍᠂ ᠣᠷᠣᠨ ᠠᠯᠤᠰᠯᠠᠨ ᠠᠵᠢᠯᠯᠠᠵᠤ᠂ ᠦᠢᠯᠡᠴᠢᠯᠡᠭᠡᠨ᠎ᠤ ᠬᠡᠪᠴᠢᠶ᠎ᠡ᠎ᠪᠠᠨ ᠲᠠᠰᠤᠷᠠᠯᠳᠠ ᠦᠭᠡᠢ ᠥᠷᠭᠡᠳᠭᠡᠵᠦ᠍᠂ ᠮᠠᠯᠴᠢᠳ᠎ᠢᠶᠠᠨ ᠮᠠᠯ ᠠᠵᠤ ᠠᠬᠤᠢ ᠲᠠᠷᠢᠶᠠᠯᠠᠩ᠎ᠢ ᠵᠡᠷᠭᠡ ᠪᠡᠷ ᠬᠥᠭ᠌ᠵᠢᠬᠦᠯᠬᠦ᠌ ᠵᠠᠮᠵᠦᠭ ᠬᠥᠳᠥᠯᠵᠤ᠂ ᠴᠢᠨᠡᠭᠡᠯᠢᠭ᠌ ᠠᠮᠢᠳᠤᠷᠠᠯ᠎ᠤᠨ ᠵᠠᠮ᠎ᠳᠤ ᠤᠷᠤᠭᠤᠯᠤᠭ᠍ᠰᠠᠨ ᠪᠠᠢᠨ᠎ᠠ᠃

ᠥᠪᠡᠷ᠎ᠢᠶᠠᠨ ᠶᠠᠭᠤ ᠬᠢᠭ᠌ᠰᠡᠨ ᠴᠦ᠍ ᠥᠯᠥᠭᠡᠢ ᠨᠤᠳᠤᠭ᠂ ᠮᠠᠯᠴᠢᠨ ᠲᠥᠮᠡᠨ᠎ᠢᠶᠠᠨ ᠥᠨᠡᠨ ᠰᠡᠳᠭᠢᠯ᠎ᠠᠴᠠ᠎ᠪᠠᠨ ᠬᠠᠢᠷᠠᠯᠠᠵᠤ ᠶᠠᠪᠤᠭ᠎ᠠ ᠨᠠᠷᠠᠨᠮᠠᠨᠳᠤᠯ᠎ᠠ ᠣᠯᠠᠨ ᠵᠢᠯ᠎ᠤᠨ ᠲᠤᠷᠰᠢ ᠬᠠᠷᠢᠭᠤᠴᠠᠯᠭ᠎ᠠ ᠡᠭᠦᠷᠭᠡᠯᠡᠵᠤ᠂ ᠢᠳᠡᠭᠡᠯ ᠬᠥᠨᠳᠤ᠎ᠶ᠋ᠢ ᠡᠷᠬᠢᠮᠯᠡᠨ᠂ ᠠᠷᠠᠳ᠎ᠲᠤ ᠠᠱᠢᠭ ᠬᠦᠷᠲᠡᠭᠡᠨ ᠦᠢᠯᠡᠴᠢᠯᠡᠭᠦ᠎ᠶ᠋ᠢ ᠪᠠᠷᠢᠮᠲᠠᠯᠠᠨ᠂ ᠵᠢᠯ ᠪᠦᠷᠢ ᠡᠷᠬᠢᠨ ᠲᠣᠭᠤᠷᠢᠨ᠎ᠤ ᠮᠠᠯᠴᠢᠨ ᠲᠠᠷᠢᠶᠠᠴᠢᠨ᠎ᠤ 9000 ᠮᠦ᠍ ᠲᠠᠷᠢᠶᠠᠨ᠎ᠳᠤ ᠲᠠᠷᠢᠶᠠᠯᠠᠩ᠎ᠤᠨ ᠮᠠᠱᠢᠨ᠎ᠤ ᠨᠡᠢᠭᠡᠮᠴᠢᠯᠡᠭ᠌ᠰᠡᠨ ᠦᠢᠯᠡᠴᠢᠯᠡᠭᠡ ᠬᠠᠩᠭᠠᠵᠤ᠂ ᠮᠦ᠍ ᠪᠦᠷᠢ᠎ᠳᠤ 20 ᠲᠥᠭᠦᠷᠢᠭ᠎ᠠᠴᠠ 60 ᠲᠥᠭᠦᠷᠢᠭ ᠬᠢᠮᠳᠠᠷᠠᠭᠤᠯᠤᠨ᠂ ᠮᠠᠯᠴᠢᠳ᠎ᠤᠨ ᠲᠠᠷᠢᠶ᠎ᠠ ᠳᠠᠷᠢᠬᠤ ᠥᠪᠡᠷ᠎ᠤᠨ ᠥᠷᠲᠡᠭ᠎ᠢ᠎ᠨᠢ ᠪᠠᠭᠤᠷᠠᠭᠤᠯᠵᠤ ᠥᠭ᠌ᠳᠡᠭ᠃ ᠠᠵᠤ ᠦᠢᠯᠡᠰ ᠲᠣᠭ᠍ᠲᠠᠪᠤᠷᠢᠵᠢᠵᠤ᠂ ᠠᠵᠢᠯ᠎ᠤᠨ ᠪᠠᠢᠷᠢ ᠣᠯᠠᠱᠢᠷᠠᠭ᠍ᠰᠠᠨᠠᠴᠠ 《ᠠᠨᠵᠢᠯ》 ᠬᠤᠷᠱᠢᠶ᠎ᠠ 200 ᠭᠠᠷᠤᠢ ᠮᠠᠯᠴᠢᠨ ᠲᠠᠷᠢᠶᠠᠴᠢᠨ᠎ᠳᠤ ᠠᠵᠢᠯ ᠣᠯᠭᠤᠵᠤ᠂ ᠮᠠᠯᠴᠢᠳ ᠨᠤᠲᠤᠭ ᠤᠰᠤᠨ᠎ᠠᠴᠠ᠎ᠪᠠᠨ ᠬᠤᠯᠠᠳᠠᠯ ᠦᠭᠡᠢᠭᠡᠷᠤᠨ ᠵᠢᠡᠨ ᠬᠠᠪᠢ᠎ᠳᠤ ᠲᠣᠭ᠍ᠲᠠᠭᠤᠨ᠎ᠢᠶᠠᠷ ᠤᠷᠤᠯᠭ᠎ᠠ ᠤᠯᠬᠤ ᠪᠤᠯᠵᠠᠢ᠃
《ᠪᠢ ᠠᠨᠵᠢᠯ ᠬᠤᠷᠱᠢᠶ᠎ᠠ᠎ᠳᠤ ᠢᠷᠡᠭᠡᠳ ᠬᠤᠶᠠᠷ ᠵᠢᠯ ᠲᠡᠷᠭᠡ ᠵᠢᠯᠤᠭᠤᠳᠴᠤ᠌ ᠪᠤᠢ᠃ ᠭᠡᠷ᠎ᠠᠴᠠ᠎ᠪᠠᠨ ᠣᠢᠷᠠᠬᠠᠨ ᠪᠦᠭᠡᠳ ᠡᠳᠦᠷ᠎ᠲᠤ ᠬᠤᠶᠠᠷ ᠭᠤᠷᠪᠠᠨ ᠵᠠᠭᠤᠨ ᠲᠥᠭᠦᠷᠢᠭ᠎ᠤᠨ ᠤᠷᠤᠯᠭ᠎ᠠ ᠲᠠᠢ᠃ ᠨᠤᠲᠤᠭ ᠤᠰᠤ᠎ᠠᠴᠠ᠎ᠪᠠᠨ ᠰᠠᠯᠵᠤ ᠭᠠᠳᠠᠭ᠍ᠰᠢ ᠭᠠᠷᠴᠤ᠌ ᠬᠥᠯᠥᠰᠦᠨ ᠠᠵᠢᠯ ᠬᠢᠬᠦ᠌ ᠬᠡᠷᠡᠭ ᠦᠭᠡᠢ᠂ ᠭᠡᠷ᠎ᠤᠨ ᠵᠢᠡᠨ ᠡᠭᠦᠳᠡᠨᠳᠡᠭᠡᠷᠡᠵᠣᠭᠤᠰ ᠣᠯᠵᠤ ᠳᠡᠢᠯᠬᠦ᠌᠎ᠪᠠᠷ ᠪᠠᠷᠠᠬᠤ ᠦᠭᠡᠢ ᠪᠠᠰᠠ ᠭᠡᠷ᠎ᠢᠶᠠᠨ ᠬᠠᠷᠠᠭᠠᠯᠵᠠᠵᠤ ᠲᠠᠢᠯᠤᠨ᠎ᠠ》 ᠭᠡᠵᠦ ᠮᠠᠯᠴᠢᠨ ᠡᠷᠬᠢᠮ ᠶᠠᠷᠢᠵᠤ ᠪᠠᠢᠯ᠎ᠠ᠃
ᠠᠷᠪᠠᠭᠠᠳ ᠵᠢᠯ᠎ᠤᠨ ᠴᠢᠷᠮᠠᠢᠯᠭ᠎ᠠ ᠪᠡᠷ ᠤᠳᠤ 《ᠠᠨᠵᠢᠯ》 ᠬᠤᠷᠱᠢᠶ᠎ᠠ ᠵᠢᠨ ᠲᠤᠭ᠍ᠳᠠᠮᠠᠯ ᠬᠥᠷᠥᠩᠭᠡ ᠨᠢ ᠪᠠᠷᠤᠭ 580 ᠭᠠᠷᠤᠢ ᠲᠦᠮᠡᠨ ᠲᠥᠭᠦᠷᠢᠭ᠎ᠲᠤ ᠬᠥᠷᠴᠤ᠌᠂ ᠲᠤᠰᠭᠠᠢ ᠮᠡᠷᠭᠡᠵᠢᠯ᠎ᠤᠨ ᠦᠢᠯᠡᠴᠢᠯᠡᠭᠡᠨᠢ ᠮᠠᠯᠴᠢᠨ ᠲᠠᠷᠢᠶᠠᠴᠢᠨ᠎ᠤ ᠬᠦᠷᠢᠶᠡᠯᠡᠯ᠎ᠢ ᠤᠯᠪᠠ᠃ ᠬᠥᠳᠡᠭᠡ ᠲᠤᠰᠭᠤᠨ᠎ᠢ ᠬᠥᠭ᠌ᠵᠢᠭᠦᠯᠥᠨ ᠮᠠᠨᠳᠤᠭᠤᠯᠬᠤ ᠲᠥᠷᠥ᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠬᠦ᠌ ᠶᠠᠪᠤᠴᠠ᠎ᠳᠤ ᠱᠢᠨ᠎ᠡ ᠤᠢᠯᠠᠭᠠᠭ᠍ᠳᠠᠬᠤᠨ ᠲᠠᠢ᠂ ᠬᠤᠯᠠ ᠵᠢᠨ ᠬᠠᠷᠠᠴᠠ ᠲᠠᠢ᠂ ᠢᠲᠡᠭᠡᠯ ᠵᠤᠷᠢᠭᠲᠠᠢ ᠵᠠᠯᠠᠭᠤᠴᠤᠳ ᠭᠤᠤᠯ ᠬᠥᠴᠥᠨ ᠡᠭᠦᠷᠭᠡᠯᠡᠬᠦ᠌᠎ᠶ᠋ᠢ ᠬᠡᠷᠡᠭᠰᠡᠵᠦ ᠪᠠᠢᠭ᠎ᠠ ᠪᠤᠯᠬᠤᠷ 2020 ᠣᠨ᠎ᠳᠤ ᠨᠠᠷᠠᠨᠮᠠᠨᠳᠤᠯ᠎ᠠ ᠭᠠᠴᠠᠭᠠᠨ᠎ᠤ ᠪᠠᠨ ᠨᠠᠮ᠎ᠤᠨ ᠡᠭᠦᠷ᠎ᠤᠨ ᠱᠦᠵᠢ᠎ᠶ᠋ᠢᠨ ᠲᠤᠱᠢᠶᠠᠯ᠎ᠢ ᠬᠠᠷᠢᠭᠤᠴᠠᠨ᠂ ᠠᠵᠤ ᠦᠢᠯᠡᠰ᠎ᠤᠨ ᠵᠠᠮ᠎ᠢᠶᠠᠨ ᠲᠠᠰᠤᠷᠠᠯᠲᠠ ᠦᠭᠡᠢ ᠥᠷᠭᠡᠳᠭᠡᠵᠦ᠍᠂ ᠬᠠᠲᠠᠭᠠᠭ᠍ᠰᠠᠨ ᠬᠤᠨᠢᠨ ᠮᠢᠬ᠎ᠠ ᠪᠣᠯᠪᠠᠰᠤᠷᠠᠭᠤᠯᠬᠤ ᠦᠢᠯᠡᠳᠪᠦᠷᠢ ᠪᠠᠢᠭᠤᠯᠵᠤ᠂ ᠤᠷᠤᠨ ᠨᠤᠳᠤᠭ᠎ᠤᠨ ᠮᠠᠯ ᠠᠵᠤ ᠠᠬᠤᠢ᠎ᠶ᠋ᠢᠨ ᠠᠵᠤ ᠦᠢᠯᠡᠰ᠎ᠤᠨ ᠬᠡᠯᠬᠢᠶ᠎ᠡ᠎ᠪᠠᠨ ᠤᠷᠳᠤᠳᠭᠠᠬᠤ᠎ᠳᠤ ᠥᠯᠡᠮᠵᠢ ᠬᠤᠪᠢ ᠨᠡᠮᠡᠷᠢ ᠥᠵᠡᠭᠦᠯᠥᠭ᠌ᠰᠡᠨ ᠪᠠᠢᠨ᠎ᠠ᠃
ᠨᠠᠷᠠᠨᠮᠠᠨᠳᠤᠯ᠎ᠠ ᠨᠤᠲᠤᠭ᠎ᠲᠠᠭᠠᠨ ᠪᠤᠴᠠᠵᠤ ᠦᠢᠯᠡᠰ ᠪᠤᠰᠭᠠᠬᠤ᠎ᠠᠴᠠ ᠦᠨᠳᠦᠰᠦᠨ ᠱᠠᠲᠤᠨ᠎ᠤ ᠭᠠᠴᠠᠭᠠᠨ᠎ᠤ ᠨᠠᠮ᠎ᠤᠨ ᠡᠭᠦᠷ᠎ᠤᠨ ᠱᠦᠵᠢ ᠪᠤᠯᠳᠠᠯ᠎ᠠ᠂ ᠭᠠᠭ᠍ᠴᠠ ᠰᠠᠤᠷᠢ ᠲᠠᠷᠢᠶᠠᠯᠠᠩ᠎ᠤᠨ ᠮᠠᠱᠢᠨ᠎ᠠᠴᠠ ᠤᠯᠠᠨ ᠡᠱᠢᠲᠦ ᠠᠵᠤ ᠦᠢᠯᠡᠰ᠎ᠢ ᠴᠤᠭ᠍ᠴᠠᠯᠠᠬᠤ ᠬᠦᠷᠲᠡᠯ᠎ᠡ᠂ ᠠᠯᠬᠤᠮ ᠠᠯᠬᠤᠮ᠎ᠢᠶᠠᠷ ᠬᠠᠢᠨ ᠰᠥᠪᠡᠭ᠌ᠴᠢᠯᠡᠵᠤ᠂ ᠤᠯᠠᠠ ᠵᠢᠯ 《ᠲᠥᠷᠥᠭᠦᠴᠢ ᠭᠠᠯᠠᠭᠤ》 ᠪᠤᠯᠵᠤ ᠱᠢᠭᠤᠷᠬᠠᠢᠯᠠᠨ᠂ ᠤᠷᠤᠨ ᠨᠤᠳᠤᠭ᠎ᠤᠨ᠎ᠢᠶᠠᠨ ᠮᠠᠯᠴᠢᠨ ᠲᠠᠷᠢᠶᠠᠴᠢᠨ᠎ᠢᠶᠠᠨ ᠲᠠᠢᠴᠢᠯᠠᠨ᠂ ᠪᠠᠶᠠᠵᠢᠯ᠎ᠤᠨ ᠵᠠᠮ᠎ᠢᠶᠠᠷ ᠴᠤᠴᠠᠯᠳᠠ ᠦᠭᠡᠢ ᠴᠢᠷᠮᠠᠢᠭ᠍ᠰᠠᠭᠠᠷ ᠁
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃