ᠲᠡᠷᠢᠭᠦᠨ ᠨᠢᠭᠤᠷ>ᠠᠮᠢᠳᠤᠷᠠᠯ ᠥᠷᠲᠡᠭᠡ>ᠦᠯᠢᠭᠡᠷ

2026-09-25 20:56:04

ᠵᠣᠬᠢᠶᠠᠭ᠍ᠴᠢ᠄ ᠣᠷᠢᠬᠠᠨ ᠠᠶᠠᠰᠨ᠎ᠠ ᠬᠠᠰᠪᠢᠯᠢᠭ᠌ ᠣᠩᠱᠢᠭ᠍ᠰᠠᠨ ᠣᠳᠠᠭ᠎ᠠ᠄ 3

ᠰᠢᠯᠢ ᠵᠢᠨ ᠭᠤᠤᠯ ᠠᠢᠮᠠᠬ᠎ᠤᠨ ᠬᠦᠪᠡᠭᠡᠲᠦ ᠰᠢᠷ᠎ᠠ ᠬᠤᠰᠢᠭᠤᠨ᠎ᠤ ᠪᠣᠬ᠍ᠳᠠ᠎ᠶ᠋ᠢᠨ ᠭᠤᠣᠯ ᠰᠣᠮᠣᠨ᠎ᠤ ᠬᠠᠳᠠᠨ ᠰᠦᠮ᠎ᠡ ᠭᠠᠴᠠᠭᠠᠨ᠎ᠤ ᠠᠷᠠᠳ᠎ᠤᠨ ᠣᠷᠠᠯᠢᠬ᠍ᠴᠢᠨ ᠭᠤ·ᠬᠠᠰᠪᠠᠭᠠᠨ᠎ᠠ ᠣᠷᠠᠨ ᠨᠠᠷᠢᠯᠢᠭ ᠮᠤᠳᠤᠨ ᠰᠡᠢᠯᠤᠮᠠᠯ᠎ᠤᠨ ᠪᠦᠳᠦᠭᠡᠯ᠎ᠢᠶᠠᠷ᠎ᠢᠶᠠᠨ ᠭᠦᠮᠦᠨ ᠣᠯᠠᠨ᠎ᠳ᠋ᠠᠭᠠᠨ ᠲᠠᠨᠢᠬ᠍ᠳᠠᠵᠦ᠍᠂ ᠮᠣᠳᠣᠨ ᠰᠠᠢᠯᠣᠮᠠᠯ᠎ᠤᠨ ᠣᠷ᠎ᠡ ᠡᠷᠳᠡᠮ᠎ᠢᠶᠠᠨ ᠦᠪᠯᠡᠨ ᠣᠯᠠᠮᠵᠢᠯᠠᠵᠣ ᠶᠠᠪᠣᠭ᠎ᠠ ᠦᠪᠦᠷ ᠮᠤᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠮᠣᠳᠣᠨ ᠰᠡᠢᠯᠦᠮᠡᠯ᠎ᠤᠨ ᠤᠷ᠎ᠠ ᠮᠡᠷᠭᠡᠵᠢᠯ᠎ᠤᠨ ᠪᠣᠳᠠᠰ᠎ᠤᠨ ᠪᠤᠰᠤ ᠰᠣᠶᠣᠯ᠎ᠤᠨ ᠤᠯᠠᠮᠵᠢᠯᠠᠭ᠍ᠴᠢ ᠪᠢᠯᠡ᠃


QQ20260925-205152.png


ᠰᠤᠷᠪᠤᠯᠵᠢᠯᠠᠭ᠍ᠴᠢ ᠲᠦᠷᠦᠭᠦᠬᠡᠨ ᠭᠣ·ᠬᠠᠰᠪᠠᠭᠠᠨ᠎ᠠ᠎ᠶ᠋ᠢᠨ ᠠᠵᠢᠯ᠎ᠤᠨ ᠲᠠᠰᠤᠭ᠎ᠲᠤ ᠭᠦᠷᠭᠦ᠎ᠳᠤ ᠲᠡᠷᠡ ᠮᠣᠳᠣᠨ ᠳᠡᠭᠡᠷ᠎ᠡ ᠬᠡ ᠤᠭᠠᠯᠵᠠ ᠵᠢᠷᠣᠬᠤ᠂ ᠣᠷᠠᠯᠠᠵᠦ᠍ ᠰᠡᠢᠯᠭᠦ᠌ ᠵᠡᠷᠭᠡ ᠮᠣᠳᠣᠨ ᠰᠡᠢᠯᠣᠮᠡᠯ᠎ᠤᠨ ᠨᠠᠷᠢᠯᠢᠭ ᠠᠵᠢᠯ᠎ᠳᠠᠭᠠᠨ ᠮᠣᠩᠭᠠᠨᠢᠵᠦ ᠪᠠᠢᠯ᠎ᠠ᠃ ᠠᠵᠢᠯ᠎ᠤᠨ ᠲᠠᠰᠤᠭ᠎ᠲᠠᠬᠢ ᠡᠯ᠎ᠡ ᠵᠦᠢᠯ᠎ᠤᠨ ᠥᠪᠡᠷᠮᠢᠴᠡ ᠣᠨᠴᠠᠯᠢᠭ ᠪᠦᠭᠦᠢ ᠣᠷᠠᠨ ᠨᠠᠷᠢᠯᠢᠭ ᠮᠣᠳᠣᠨ ᠰᠡᠢᠯᠦᠮᠡᠯ᠎ᠤᠨ ᠪᠦᠳᠦᠭᠡᠯ᠎ᠨᠢ ᠭᠦᠮᠦᠰ᠎ᠤᠨ ᠬᠠᠷᠠᠭ᠎ᠠ᠎ᠶ᠋ᠢ ᠪᠣᠯᠢᠶᠠᠨ᠎ᠠ᠃《ᠪᠢ ᠬᠡᠤᠬᠡᠳ ᠪᠠᠭ᠎ᠠ᠎ᠨᠠᠰᠤᠨ ᠡᠴᠡ᠎ᠪᠠᠨ ᠡᠨᠡ ᠶᠠᠭᠤᠮᠠᠨ᠎ᠳᠤ ᠳᠤᠷᠠᠲᠠᠢ᠂ ᠪᠠᠭ᠎ᠠ᠎ᠳᠠᠭᠠᠨ ᠱᠢᠪᠠᠷ ᠨᠤᠬᠤᠭᠠᠳ ᠱᠤᠭᠤᠮᠠᠯ᠂ ᠲᠡᠷᠭᠡ ᠤᠨᠤᠭ᠎ᠠ ᠵᠡᠷᠭᠡ᠎ᠶ᠋ᠢ ᠬᠢᠵᠤ᠂ ᠠᠷᠪᠠᠨ ᠲᠠᠪᠤ ᠵᠢᠷᠭᠤᠭᠠᠨ ᠨᠠᠰᠤ ᠬᠦᠷᠦᠭᠡᠳ ᠮᠤᠳᠤᠨ ᠰᠡᠢᠯᠤᠮᠡᠯ ᠬᠢᠵᠦ ᠡᠬᠢᠯᠡᠭᠡᠳ᠂ ᠤᠳᠣ ᠪᠣᠯᠲᠠᠯ᠎ᠠ ᠨᠢᠭᠡᠨᠲᠡ ᠭᠤᠴᠢ ᠲᠥᠴᠢᠭᠡᠳ ᠵᠢᠯ ᠪᠤᠯᠵᠤ ᠪᠠᠢᠨ᠎ᠠ᠃ ᠱᠢᠳᠠᠷ᠎ᠠ ᠬᠢᠬᠦ᠌᠎ᠶ᠋ᠢ ᠬᠠᠷᠠᠬᠠᠨ ᠪᠠᠭ᠎ᠠ᠎ᠠᠴᠠ᠎ᠪᠠᠨ ᠲᠤᠰᠭᠠᠢ ᠰᠣᠷᠴᠦ᠍᠂ ᠰᠣᠷᠣᠭ᠍ᠴᠢ ᠦᠶ᠎ᠡ᠎ᠠᠴᠠ᠎ᠪᠠᠨ ᠬᠢᠵᠦ ᠡᠬᠢᠯᠡᠯ᠎ᠡ᠂ ᠱᠢᠳᠠᠷ᠎ᠠ᠎ᠪᠤᠯ ᠮᠤᠳᠤᠨ ᠰᠡᠢᠯᠤᠮᠡᠯ᠎ᠤᠨ ᠳᠤᠲᠤᠷ᠎ᠠ ᠤᠷᠢᠳ ᠵᠢᠡᠷ ᠬᠢᠵᠤ ᠰᠤᠷᠤᠭ᠍ᠰᠠᠨ ᠵᠦᠢᠯ ᠡ᠂ ᠱᠢᠲᠠᠷ᠎ᠠ᠎ᠶ᠋ᠢ ᠪᠤᠰᠤᠳ᠎ᠤᠨ ᠵᠠᠬᠢᠶᠠᠯᠠᠭ᠎ᠠ᠎ᠪᠠᠷ ᠬᠢᠬᠦ ᠪᠤᠶᠤ ᠵᠠᠷᠢᠮ᠎ᠳᠠᠭᠠᠨ ᠥᠪᠡᠷ᠎ᠢᠶᠠᠨ ᠰᠡᠳᠭᠢᠵᠤ ᠬᠢᠳᠡᠭ》 ᠭᠡᠵᠤ ᠭᠤ·ᠬᠠᠰᠪᠠᠭᠠᠨ᠎ᠠ ᠲᠠᠨᠢᠯᠴᠠᠭᠤᠯᠤᠯ᠎ᠠ᠃


QQ20260925-205209.png


ᠭᠤᠴᠢᠭᠠᠳ ᠵᠢᠯ᠎ᠤᠨ ᠲᠣᠷᠰᠢ ᠭᠤ·ᠬᠠᠰᠪᠠᠭᠠᠨ᠎ᠠ ᠭᠠᠷ᠎ᠤᠨ ᠣᠷ᠎ᠠ ᠣᠬᠠᠭᠠᠨ᠎ᠤ ᠣᠨᠳᠣᠷᠣᠯ᠎ᠢᠶᠠᠷ᠎ᠢᠶᠠᠨ ᠮᠠᠰᠢ ᠠᠷᠪᠢᠨ ᠪᠦᠳᠦᠭᠡᠯ ᠪᠦᠳᠦᠭᠡᠵᠡᠢ᠃ ᠡᠭᠦᠨ᠎ᠳᠤ ᠬᠠᠮᠤᠭ᠎ᠤᠨ ᠰᠣᠳᠣᠨ ᠪᠦᠭᠡᠳ ᠬᠠᠮᠤᠭ᠎ᠤᠨ ᠬᠦᠴᠦ᠍ ᠭᠦᠳᠡᠯᠮᠦᠷᠢ ᠵᠠᠷᠣᠴᠠᠭᠤᠯᠣᠬ᠍ᠰᠠᠨ ᠪᠥᠲᠦᠭᠡᠯ᠎ᠨᠢ ᠮᠣᠩᠭᠤᠯ ᠱᠢᠳᠠᠷ᠎ᠠ ᠪᠣᠯᠤᠨ᠎ᠠ᠃ ᠲᠡᠭᠦᠨ᠎ᠤ ᠰᠡᠢᠯᠦᠭ᠌ᠰᠡᠨ ᠱᠢᠳᠠᠷ᠎ᠠ᠎ᠶ᠋ᠢᠨ ᠭᠦᠯᠭᠡ ᠨᠢᠭᠡ ᠪᠦᠷᠢ᠎ᠨᠢ ᠣᠷᠠᠨ ᠳᠦᠷᠰᠦᠯᠢᠭ ᠪᠦᠭᠡᠳ ᠭᠦᠨ ᠵᠤᠵᠠᠭᠠᠨ ᠰᠣᠶᠣᠯ᠎ᠤᠨ ᠠᠭᠤᠯᠤᠭᠳᠠᠬᠤᠨ᠎ᠲᠠᠢ ᠪᠠᠢᠳᠠᠭ᠃ ᠤᠯᠠᠨ ᠵᠢᠯ᠎ᠤᠨ ᠲᠤᠷᠰᠢ ᠲᠡᠷᠡ ᠨᠢᠭᠡ ᠰᠡᠳᠭᠢᠯ᠎ᠢᠶᠠᠷ ᠱᠢᠮᠳᠠᠨ ᠰᠤᠳᠤᠯᠵᠤ᠂ ᠮᠤᠳᠤᠨ ᠰᠡᠢᠯᠦᠮᠡᠯ᠎ᠤᠨ ᠲᠤᠷᠱᠢᠯᠭ᠎ᠠ᠎ᠪᠠᠨ ᠡᠮᠬᠢᠯᠡᠨ ᠳ᠋ᠦᠩᠨᠡᠭᠡᠳ᠂ ᠮᠣᠩᠭᠤᠯ ᠱᠢᠳᠠᠷ᠎ᠠ᠎ᠶ᠋ᠢᠨ ᠲᠤᠬᠠᠢ ᠲᠤᠰᠭᠠᠢ ᠮᠡᠷᠭᠡᠵᠢᠯ᠎ᠤᠨ ᠨᠣᠮ ᠨᠠᠢᠷᠠᠭᠤᠯᠤᠨ ᠪᠢᠴᠢᠵᠦ᠂ ᠦᠰᠦᠭ ᠪᠢᠴᠢᠭ᠎ᠢᠶᠠᠷ ᠤᠯᠠᠮᠵᠢᠯᠠᠯᠲᠦ ᠣᠷᠠᠯᠠᠯ᠎ᠤᠨ ᠤᠬᠢ ᠰᠣᠳᠣ᠎ᠶ᠋ᠢ ᠲᠡᠮᠳᠡᠭ᠌ᠯᠡᠭ᠌ᠰᠡᠨ ᠪᠠᠢᠨ᠎ᠠ᠃ ᠡᠭᠦᠨ᠎ᠢᠶᠠᠷ ᠪᠠᠷᠠᠬᠤ ᠦᠭᠡᠢ ᠭᠤ·ᠬᠠᠰᠪᠠᠭᠠᠨ᠎ᠠ ᠮᠣᠳᠣᠨ ᠰᠡᠢᠯᠣᠮᠡᠯ᠎ᠳᠤ ᠪᠠᠭ᠍ᠠᠲᠠᠢ ᠭᠦᠮᠦᠰ᠎ᠲᠤ ᠣᠷ᠎ᠠ ᠮᠡᠷᠭᠡᠵᠢᠯ᠎ᠢᠶᠠᠨ ᠣᠯᠠᠮᠵᠢᠯᠠᠵᠦ᠍᠂ ᠡᠨᠡ ᠭᠦ᠌ ᠪᠣᠳᠠᠰ᠎ᠤᠨ ᠪᠣᠰᠣ ᠰᠣᠶᠣᠯ᠎ᠤᠨ ᠦᠪ᠎ᠢᠶᠠᠨ ᠨᠡᠩ ᠣᠯᠠᠨ ᠭᠦᠮᠦᠰ᠎ᠲᠤ ᠲᠠᠨᠢᠭᠤᠯᠵᠦ᠍ ᠶᠠᠪᠣᠨ᠎ᠠ᠃《ᠪᠢ 2000 ᠤᠨ᠎ᠠᠴᠠ ᠱᠠᠪᠢ ᠳᠠᠭᠠᠭᠤᠯᠣᠭ᠍ᠰᠠᠨ᠂ ᠬᠥᠪᠡᠭᠡᠲᠦ ᠱᠢᠷ᠎ᠠ ᠬᠤᠱᠢᠭᠤ᠎ᠡᠴᠡ ᠭᠠᠳᠠᠨ᠎ᠠ ᠥᠭᠡᠷ᠎ᠡ ᠬᠤᠱᠢᠭᠤ ᠭᠠᠳᠠᠨ᠎ᠠ ᠤᠷᠤᠨ᠎ᠳᠤ ᠪᠠᠰᠠ ᠱᠠᠪᠢ ᠨᠠᠷ ᠪᠤᠢ᠃ ᠳᠡᠭᠡᠷ᠎ᠡ ᠵᠢᠯ ᠬᠥᠪᠡᠭᠡᠲᠦ ᠱᠢᠷ᠎ᠠ ᠬᠤᠱᠢᠭᠤᠨ᠎ᠤ ᠨᠤᠮ᠎ᠤᠨ ᠰᠠᠩ ᠨᠠᠮ᠎ᠠ᠎ᠶ᠋ᠢ ᠵᠠᠯᠠᠭᠠᠳ ᠮᠤᠳᠤᠨ ᠰᠡᠢᠯᠤᠮᠡᠯ ᠵᠢᠭᠠᠯᠭᠠᠬᠤ ᠦᠶ᠎ᠡ᠎ᠳᠤ ᠳᠦᠷᠪᠡ ᠲᠠᠪᠣᠨ ᠱᠠᠪᠢ ᠡᠷᠢᠵᠦ ᠢᠷᠡᠭᠡᠳ ᠪᠢ ᠨᠢᠭᠡ ᠵᠢᠯ ᠬᠥᠮᠦᠵᠢᠭᠦᠯᠵᠡᠢ᠃ ᠬᠤᠵᠢᠮ ᠴᠦ᠍ ᠵᠠᠯᠠᠭᠤᠴᠣᠳ ᠪᠠᠭᠠᠴᠣᠳ ᠢᠷᠡᠵᠤ ᠤᠷᠠᠨ ᠰᠡᠢᠯᠦᠮᠠᠯ ᠰᠣᠷᠣᠭᠠᠷᠠᠢ ᠬᠢᠭᠡᠷᠠᠢ ᠭᠡᠵᠤ ᠬᠦᠰᠡᠵᠤ ᠪᠠᠢᠨ᠎ᠠ》 ᠭᠡᠵᠤ ᠭᠤ·ᠬᠠᠰᠪᠠᠭᠠᠨ᠎ᠠ ᠶᠠᠷᠢᠯ᠎ᠠ᠃


QQ20260925-205140.png


ᠭᠤ·ᠬᠠᠰᠪᠠᠭᠠᠨ᠎ᠠ ᠤᠷᠠᠨ ᠪᠢᠴᠢᠯᠭᠡ᠂ ᠵᠣᠬᠢᠶᠠᠨ ᠪᠢᠴᠢᠯᠭᠡ᠎ᠳᠤ ᠪᠠᠭ᠍ᠠᠲᠠᠢ ᠪᠠᠢᠳᠠᠭ᠎ᠪᠤᠯᠬᠤᠷ ᠰᠣᠶᠣᠯ᠎ᠤᠨ ᠰᠣᠯᠢᠯᠴᠠᠭᠠᠨ᠎ᠤ ᠠᠵᠢᠯᠯᠠᠭ᠎ᠠ᠎ᠳᠤ ᠢᠳᠡᠪᠬᠢᠲᠠᠢ ᠣᠷᠣᠯᠴᠠᠵᠤ᠂ ᠱᠢᠯᠢ᠎ᠶ᠋ᠢᠨ ᠭᠤᠣᠯ ᠠᠢᠮᠠᠭ᠎ᠤᠨ ᠠᠷᠠᠳ᠎ᠤᠨ ᠣᠷᠠᠯᠢᠬ᠍ᠴᠢᠳ᠎ᠤᠨ ᠣᠯᠠᠮᠵᠢᠯᠠᠯᠳᠣ ᠭᠠᠷ ᠤᠷᠠᠯᠠᠯ᠎ᠤᠨ ᠪᠥᠲᠦᠭᠡᠯ᠎ᠤᠨ ᠤᠷᠤᠯᠳᠤᠭᠠᠨ᠎ᠤ ᠨᠢᠭᠡᠳᠦᠭᠡᠷ ᠳᠡᠰ᠎ᠤᠨ ᠱᠠᠩᠨᠠᠯ᠂ ᠪᠦᠬᠦ᠌ ᠣᠷᠣᠨ᠎ᠤ ᠱᠤᠭ ᠶᠠᠷᠢᠶᠠᠨ᠎ᠤ ᠤᠷᠤᠯᠳᠤᠭᠠᠨ ᠵᠢᠴᠢ ᠬᠤᠶᠠᠳᠤᠭᠠᠷ ᠬᠤᠭᠤᠴᠠᠭᠠᠨ᠎ᠤ 《ᠳ᠋᠊·ᠵᠢᠮᠪᠠᠵᠠᠮᠰᠤ》ᠨᠡᠷᠡᠮᠵᠢᠳᠣ ᠱᠤᠭ ᠶᠠᠷᠢᠶᠠᠨ᠎ᠤ ᠤᠷᠤᠯᠳᠤᠭᠠᠨ᠎ᠳᠤ ᠱᠢᠯᠢᠳᠡᠭ ᠱᠠᠩᠨᠠᠯ ᠵᠡᠷᠭᠡ ᠵᠢ ᠬᠦᠷᠳᠡᠵᠡᠢ᠃

ᠪᠤᠳᠠᠰ᠎ᠤᠨ ᠪᠣᠰᠣ ᠰᠣᠶᠣᠯ᠎ᠤᠨ ᠥᠪ᠎ᠤᠨ ᠤᠯᠠᠮᠵᠢᠯᠠᠭ᠍ᠴᠢ ᠪᠤᠯᠤᠭ᠍ᠰᠠᠨ ᠭᠤ·ᠬᠠᠰᠪᠠᠭᠠᠨ᠎ᠠ ᠲᠠᠰᠣᠷᠠᠯᠳᠠ ᠦᠭᠡᠢ ᠱᠢᠮᠳᠠᠨ ᠰᠣᠷᠣᠯᠴᠠᠵᠦ᠍᠂ ᠲᠣᠰᠭᠠᠢ ᠮᠡᠷᠭᠡᠵᠢᠯ᠎ᠤᠨ ᠭᠢᠷᠢ ᠲᠦᠪᠱᠢᠨ᠎ᠢᠶᠠᠨ ᠳᠡᠭᠡᠭ᠌ᠰᠢᠯᠡᠭᠦᠯᠵᠦ᠍᠂ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠯᠠᠮᠵᠢᠯᠠᠯ ᠪᠠ ᠬᠥᠭ᠌ᠵᠢᠯᠲᠡ᠎ᠳᠤ ᠬᠤᠪᠢ ᠨᠡᠮᠡᠷᠢ᠎ᠪᠠᠨ ᠡᠷᠭᠦᠭᠦ᠎ᠪᠠᠷ ᠦᠷᠭᠦᠯᠵᠢᠯᠡᠨ ᠴᠢᠷᠮᠠᠢᠵᠦ᠍ ᠶᠠᠪᠣᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面