ᠲᠡᠷᠢᠭᠦᠨ ᠨᠢᠭᠤᠷ>ᠠᠮᠢᠳᠤᠷᠠᠯ ᠥᠷᠲᠡᠭᠡ>ᠦᠯᠢᠭᠡᠷ

2026-10-09 10:19:06

ᠵᠣᠬᠢᠶᠠᠭ᠍ᠴᠢ᠄ ᠲᠠᠪᠰᠢᠯᠳᠤ ᠣᠩᠱᠢᠭ᠍ᠰᠠᠨ ᠣᠳᠠᠭ᠎ᠠ᠄ 3

ᠲᠥᠷᠥᠭᠥᠬᠡᠨ ᠮᠤᠩᠭᠤᠯ ᠤᠯᠤᠰ ᠤ᠋ᠨ ᠤᠯᠠᠭᠠᠨᠪᠠᠭᠠᠳᠤᠷ ᠬᠤᠳᠠᠨ᠎ᠠ ᠬᠤᠷᠠᠯᠳᠤᠵᠤ ᠥᠩᠬᠡᠷᠡᠭᠰᠡᠨ ᠤᠯᠠᠨ ᠤᠯᠤᠰ᠎ᠤᠨ ᠮᠤᠩᠭᠤᠯᠴᠢ ᠡᠷᠳᠡᠮᠳᠡᠨ᠎ᠦ ᠠᠷᠪᠠᠨ ᠭᠤᠷᠪᠠᠳᠤᠭᠠᠷ ᠶᠡᠬᠡ ᠬᠤᠷᠠᠯ ᠳ᠋ᠥ ᠳᠤᠮᠳᠠᠳᠤ᠂ ᠮᠤᠩᠭᠤᠯ᠂ ᠶᠠᠫᠤᠨ᠂ ᠠᠮᠸᠷᠢᠺᠠ ᠵᠡᠷᠭᠡ ᠭᠤᠴᠢᠨ ᠤᠯᠤᠰ᠎ᠤᠨ 546 ᠡᠷᠳᠡᠮᠲᠡᠨ ᠤᠷᠤᠯᠴᠠᠵᠤ᠂ 《ᠮᠤᠩᠭᠤᠯ ᠲᠡᠤᠬᠡ ᠰᠤᠳᠤᠯᠤᠯ》᠂ 《ᠮᠤᠩᠭᠤᠯ᠎ᠤᠨ ᠰᠤᠶᠤᠯ ᠤᠷᠠᠯᠢᠭ᠋᠂ ᠤᠳᠬ᠎ᠠ ᠵᠤᠬᠢᠶᠠᠯ ᠰᠤᠳᠤᠯᠤᠯ》 ᠵᠡᠷᠬᠡ 6 ᠰᠠᠯᠪᠤᠷᠢ ᠰᠤᠳᠤᠯᠭᠠᠨ᠎ᠦ ᠬᠤᠷᠠᠯ ᠢ᠋ ᠬᠤᠷᠠᠯᠳᠤᠭᠤᠯᠤᠭᠰᠠᠨ ᠪᠠᠢᠨ᠎ᠠ᠃ ᠲᠤᠰ ᠬᠤᠷᠠᠯ ᠤ᠋ᠨ ᠨᠢᠬᠡᠳᠤᠬᠡᠷ ᠰᠠᠯᠪᠤᠷᠢ ᠬᠤᠷᠠᠯ ᠪᠤᠯᠬᠤ 《ᠮᠤᠩᠭᠤᠯ ᠲᠡᠤᠬᠡ ᠰᠤᠳᠤᠯᠤᠯ》 ᠤ᠋ᠨ ᠰᠤᠳᠤᠯᠭᠠᠨ᠎ᠦ ᠬᠤᠷᠠᠯ ᠳ᠋ᠥ ᠠᠯᠠᠱᠠ ᠨᠤᠳᠤᠭ ᠲᠠᠢ ᠤᠶᠤᠳᠠᠨ ᠵᠠᠯᠠᠭᠤ ᠪᠠᠶᠠᠨ᠎ᠠ ᠶᠤᠸᠠᠨ (ᠦᠨ) ᠬᠥᠷᠤᠨ᠎ᠦ ᠲᠡᠤᠬᠡ ᠰᠤᠳᠤᠯᠤᠯ ᠤ᠋ᠨ ᠴᠢᠭᠯᠡᠯ ᠢ᠋ᠶ᠋ᠠᠷ ᠢᠯᠡᠳᠬᠡᠯ ᠳᠡᠪᠰᠢᠭᠦᠯᠵᠦ᠂ ᠲᠥᠷᠥᠯᠬᠢ ᠬᠡᠯᠡᠨ᠎ᠦ ᠤᠷᠠᠨ᠂ ᠲᠡᠤᠬᠡ ᠰᠤᠶᠤᠯ ᠤ᠋ᠨ ᠰᠤᠳᠤᠨ ᠢ᠋ ᠰᠤᠨᠤᠰᠬᠠᠵᠤ᠂ ᠨᠤᠳᠤᠭ ᠤᠰᠤᠨ᠎ᠦ ᠪᠠᠨ ᠨᠡᠷ᠎ᠡ ᠠᠯᠳᠠᠷ ᠢ᠋ ᠲᠡᠯᠡᠬᠡᠢ ᠳ᠋ᠠᠬᠢᠨ ᠳ᠋ᠥ ᠲᠠᠭᠤᠷᠢᠰᠤᠭᠤᠯᠤᠭᠰᠠᠨ ᠪᠢᠯᠡ᠃


1.png


ᠪᠠᠬᠰᠢ ᠲᠠᠢ ᠪᠡᠨ ᠬᠠᠮᠳᠤ

ᠪᠠᠶᠠᠨ᠎ᠠ ᠠᠯᠠᠱᠠ ᠵᠡᠭᠥᠨ ᠬᠤᠰᠢᠭᠤᠨ᠎ᠦ ᠪᠠᠶᠠᠨᠬᠤᠳᠠ ᠪᠠᠯᠭᠠᠰᠤᠨ᠎ᠳᠦ ᠨᠤᠳᠤᠭ ᠲᠠᠢ᠃ ᠲᠡᠷᠡ 2020 ᠤᠨ᠎ᠦ ᠶᠡᠬᠡ ᠲᠡᠬᠡᠳᠤ ᠰᠤᠷᠭᠠᠭᠤᠯᠢ ᠳ᠋ᠥ ᠲᠡᠪᠰᠢᠭᠥ ᠤᠯᠤᠰ ᠤ᠋ᠨ ᠨᠢᠬᠡᠳᠤᠯᠳᠠᠢ ᠰᠢᠯᠭᠠᠯᠳᠠ ᠶ᠋ᠢᠨ ᠬᠢᠳᠠᠳ ᠬᠡᠯᠡᠨ᠎ᠦ ᠰᠢᠯᠭᠠᠯᠳᠠ ᠶ᠋ᠢ 104.75 ᠬᠤᠪᠢ ᠰᠢᠯᠭᠠᠵᠤ᠂ ᠲᠤᠰ ᠵᠢᠯ ᠤ᠋ᠨ ᠥᠪᠦᠷ ᠮᠣᠩᠭᠤᠯ ᠤ᠋ᠨ ᠰᠢᠯᠭᠠᠭᠤᠯᠤᠭᠰᠠᠳ ᠤ᠋ᠨ ᠲᠤᠳᠤᠷ᠎ᠠ ᠠ᠋ᠴᠠ ᠬᠢᠳᠡᠳ ᠬᠡᠯᠡᠨ᠎ᠦ ᠰᠢᠯᠭᠠᠯᠳᠠ ᠶ᠋ᠢᠨ ᠬᠢᠷᠢ ᠪᠥᠳᠤᠮᠵᠢ ᠪᠠᠷ ᠢ᠋ᠶ᠋ᠠᠨ ᠣᠷᠤᠢᠯᠠᠪᠠ᠃ 2024 ᠤᠨ ᠳ᠋ᠥ ᠦᠪᠦᠷ ᠮᠤᠩᠭᠤᠯ ᠦ᠋ᠨ ᠶᠡᠬᠡ ᠰᠤᠷᠭᠠᠭᠤᠯᠢ ᠶ᠋ᠢᠨ ᠮᠤᠩᠭᠤᠯ ᠲᠡᠦᠬᠡ ᠶ᠋ᠢᠨ ᠰᠠᠯᠪᠦᠷᠢ ᠠ᠋ᠴᠠ ᠲᠡᠭᠥᠰᠴᠤ᠂ ᠮᠥᠨ ᠵᠢᠯ ᠳ᠋ᠡᠬᠡᠨ ᠱᠠᠩᠬᠠᠢ ᠶᠡᠬᠡ ᠰᠤᠷᠭᠠᠭᠤᠯᠢ ᠶ᠋ᠢᠨ ᠲᠡᠦᠬᠡ ᠶ᠋ᠢᠨ ᠰᠠᠯᠪᠦᠷᠢ ᠶ᠋ᠢᠨ ᠠᠰᠫᠢᠷᠠᠨᠲ ᠵᠢᠡᠷ ᠪᠠᠲᠤᠯᠠᠭᠳᠠᠨ ᠡᠳᠦᠭᠡ ᠶᠤᠸᠠᠨ ᠬᠦᠷᠦᠨ᠎ᠦ ᠲᠡᠦᠬᠡ᠂ ᠡᠷᠲᠡᠨ᠎ᠦ ᠳᠤᠮᠳᠠᠳᠤ ᠰᠤᠯᠤᠩᠭᠤᠰ᠎ᠤᠨ ᠭᠠᠳᠠᠭᠠᠳᠤ ᠬᠠᠷᠢᠯᠴᠠᠭᠠᠨ ᠤ᠋ ᠲᠡᠦᠬᠡ ᠶ᠋ᠢᠨ ᠴᠢᠭᠯᠡᠯ ᠢ᠋ᠶ᠋ᠠᠷ ᠬᠥᠰᠡᠯ ᠵᠤᠷᠢᠯ ᠤ᠋ᠨ ᠠᠶᠠᠨ ᠳ᠋ᠠᠭᠠᠨ ᠬᠥᠯᠥᠭ ᠤ᠋ᠨ ᠵᠢᠯᠤᠭᠤ ᠰᠤᠩᠭᠠᠵᠤ ᠪᠠᠢᠨᠠᠮ᠃ ᠤᠷᠢᠳ ᠬᠣᠵᠢᠳ ᠤᠯᠤᠰ ᠤ᠋ᠨ ᠰᠤᠷᠤᠯᠭ᠎ᠠ ᠶ᠋ᠢᠨ ᠱᠠᠩᠨᠠᠯ ᠤ᠋ᠨ ᠮᠦᠩᠭᠦ᠂ ᠰᠢᠶᠤᠤ ᠮᠢ ᠨᠡᠷᠡᠮᠵᠢᠲᠤ ᠰᠤᠷᠤᠯᠭ᠎ᠠ ᠶ᠋ᠢᠨ ᠱᠠᠩᠨᠠᠯ ᠤ᠋ᠨ ᠮᠥᠩᠭᠥ᠂ ᠱᠠᠩᠬᠠᠢ ᠶᠡᠬᠡ ᠰᠤᠷᠭᠠᠭᠤᠯᠢ ᠶ᠋ᠢᠨ ᠰᠤᠷᠤᠯᠭ᠎ᠠ ᠶ᠋ᠢᠨ ᠱᠠᠩᠨᠠᠯ ᠤ᠋ᠨ ᠮᠥᠩᠭᠥ ᠶ᠋ᠢ ᠬᠦᠷᠲᠡᠭᠰᠡᠨ᠎ᠢᠶᠡᠷ ᠪᠠᠷᠠᠬᠤ ᠥᠬᠡᠢ ᠦᠪᠦᠷ ᠮᠤᠩᠭᠤᠯ ᠦ᠋ᠨ ᠦᠪᠡᠷᠲᠡᠭᠡᠨ ᠵᠠᠰᠠᠬᠤ ᠣᠷᠣᠨ ᠤ᠋ 《ᠭᠤᠷᠪᠠᠨ ᠰᠠᠢᠨᠲᠠᠢ ᠰᠤᠷᠤᠭ᠍ᠴᠢ》 ᠶ᠋ᠢᠨ ᠢᠷᠠᠭᠤ ᠠᠯᠳᠠᠷ᠎ᠢ ᠬᠦᠷᠲᠡᠵᠤ ᠥᠩᠬᠡᠷᠡᠪᠡ᠃ ᠲᠡᠷᠡᠴᠢᠯᠡᠨ ᠶᠠᠨᠪᠢᠶᠠᠨ ᠶᠡᠬᠡ ᠰᠤᠷᠭᠠᠭᠤᠯᠢ᠂ ᠱᠠᠨ ᠰᠢ ᠶ᠋ᠢᠨ ᠪᠠᠭ᠍ᠰᠢ ᠶ᠋ᠢᠨ ᠶᠡᠬᠡ ᠰᠤᠷᠭᠠᠭᠤᠯᠢ᠂ ᠦᠪᠦᠷ ᠮᠤᠩᠭᠤᠯ ᠦ᠋ᠨ ᠶᠡᠬᠡ ᠰᠤᠷᠭᠠᠭᠤᠯᠢ ᠵᠡᠷᠭᠡ ᠶᠡᠬᠡ ᠲᠡᠬᠡᠳᠤ ᠰᠤᠷᠭᠠᠭᠤᠯᠢ᠎ᠳᠤ ᠡᠷᠳᠡᠮ ᠰᠢᠨᠵᠢᠯᠡᠬᠡᠨ᠎ᠦ ᠢᠯᠡᠳᠬᠡᠯ ᠳᠡᠪᠰᠢᠭᠦᠯᠦᠭᠰᠡᠨ ᠥᠩᠭᠡᠷᠡᠯᠲᠡ ᠲᠠᠢ ᠠᠵᠢ᠃

ᠤᠯᠠᠨ ᠤᠯᠤᠰ ᠤ᠋ᠨ ᠮᠤᠩᠭᠤᠯᠴᠢ ᠡᠷᠳᠡᠮᠳᠡᠨ᠎ᠦ ᠶᠡᠬᠡ ᠬᠤᠷᠠᠯ ᠢ᠋ 1959 ᠤᠨ ᠠ᠋ᠴᠠ ᠡᠬᠢᠯᠡᠨ ᠤᠯᠠᠮᠵᠢᠯᠠᠯ ᠪᠤᠯᠭᠠᠨ ᠵᠤᠬᠢᠶᠠᠨ ᠪᠠᠢᠭᠤᠯᠵᠤ ᠢᠷᠡᠭᠰᠡᠨ ᠪᠥᠬᠡᠳ ᠥᠩᠬᠡᠷᠡᠭᠰᠡᠨ 66 ᠵᠢᠯ ᠤ᠋ᠨ ᠬᠤᠭᠤᠴᠠᠭᠠᠨ ᠳ᠋ᠥ ᠲᠡᠯᠡᠬᠡᠢ ᠶ᠋ᠢᠨ ᠮᠤᠩᠭᠤᠯ ᠰᠤᠳᠤᠯᠤᠯ ᠤ᠋ᠨ ᠨᠡᠷ᠎ᠡ ᠬᠥᠨᠳᠤᠳᠠᠢ ᠤᠯᠠᠨ ᠤᠯᠤᠰ ᠤ᠋ᠨ ᠡᠷᠳᠡᠮ ᠰᠢᠨᠵᠢᠯᠡᠬᠡᠨ᠎ᠦ ᠴᠢᠭᠤᠯᠭᠠᠨ ᠪᠤᠯᠵᠤ ᠬᠥᠭᠵᠢᠭᠰᠡᠨ ᠪᠠᠢᠨ᠎ᠠ᠃ ᠮᠡᠳᠡᠬᠡᠵᠢ ᠡᠨᠡ ᠬᠤᠷᠠᠯ ᠳ᠋ᠥ ᠤᠶᠤᠳᠠᠨ ᠪᠤᠯᠭᠠᠨ ᠤᠷᠤᠯᠴᠠᠬᠤ ᠪᠢᠰᠢ ᠬᠠᠷᠢᠨ ᠲᠡᠯᠡᠬᠡᠢ ᠶ᠋ᠢᠨ ᠡᠯ᠎ᠡ ᠤᠯᠤᠰ ᠤ᠋ᠨ ᠡᠷᠳᠡᠮᠳᠡᠨ ᠮᠡᠷᠬᠡᠳ ᠪᠠ ᠲᠡᠤᠬᠡ ᠰᠤᠳᠤᠯᠤᠭᠠᠴᠢ ᠨᠠᠷ ᠤᠷᠤᠯᠴᠠᠬᠤ ᠠ᠋ᠴᠠ ᠭᠠᠳᠠᠨ᠎ᠠ ᠤᠯᠤᠰ ᠤ᠋ᠨ ᠲᠤᠳᠤᠭᠠᠳᠤ ᠭᠠᠳᠠᠭᠠᠳᠤ ᠶ᠋ᠢᠨ ᠨᠡᠯᠢᠶᠡᠳ ᠨᠡᠷ᠎ᠡ ᠨᠥᠯᠤᠬᠡ ᠲᠠᠢ ᠶᠡᠬᠡ ᠲᠡᠬᠡᠳᠤ ᠰᠤᠷᠭᠠᠭᠤᠯᠢ ᠶ᠋ᠢᠨ ᠡᠷᠳᠡᠮ ᠰᠢᠨᠵᠢᠯᠡᠬᠡᠨ᠎ᠦ ᠲᠠᠯ᠎ᠠ ᠪᠠᠷ ᠤᠯᠠᠨ ᠠ᠋ᠴᠠ ᠤᠷᠤᠢᠯᠠᠭᠰᠠᠨ᠂ ᠲᠡᠤᠬᠡ ᠰᠤᠳᠤᠯᠤᠯ ᠤ᠋ᠨ ᠲᠠᠯ᠎ᠠ ᠪᠠᠷ ᠲᠤᠷ᠎ᠠ ᠪᠠᠬ᠎ᠠ ᠲᠠᠢ ᠮᠥᠷᠳᠡᠬᠡᠨ ᠰᠤᠷᠤᠯᠭ᠎ᠠ ᠶ᠋ᠢᠨ ᠶᠡᠷᠥᠩᠬᠡᠢ ᠬᠢᠷᠢ ᠪᠥᠳᠤᠮᠵᠢ ᠪᠠᠷ ᠨᠡᠯᠢᠶᠡᠳ ᠰᠠᠢᠨ ᠤᠶᠤᠳᠠᠳ ᠤ᠋ᠨ ᠥᠭᠥᠯᠡᠯ ᠢ᠋ ᠶᠡᠬᠡ ᠬᠤᠷᠠᠯ ᠤ᠋ᠨ ᠵᠤᠬᠢᠶᠠᠨ ᠪᠠᠢᠭᠤᠯᠬᠤ ᠺᠤᠮᠢᠰ ᠲᠣ᠌ ᠰᠤᠩᠭᠤᠨ ᠲᠡᠪᠰᠢᠭᠥᠯᠵᠤ ᠬᠢᠨᠠᠨ ᠵᠥᠪᠰᠢᠶᠡᠷᠡᠭᠥᠯᠳᠡᠭ ᠭᠡᠨ᠎ᠡ᠃ ᠡᠢᠨ᠎ᠬᠦ ᠪᠠᠶᠠᠨ᠎ᠠ ᠵᠢᠯᠤᠭᠤᠳᠤᠭ᠍ᠴᠢ ᠪᠠᠭ᠍ᠰᠢ ᠱᠤ᠌ ᠵᠢᠶᠠᠨ ᠫᠷᠣᠹᠧᠰᠰᠣᠷ᠎ᠢᠶᠠᠷ ᠵᠢᠭᠠᠨ ᠵᠢᠯᠤᠭᠤᠳᠤᠭᠤᠯᠵᠤ ᠪᠠᠢᠭᠠᠳ ᠲᠡᠪᠰᠢᠭᠥᠯᠥᠭᠰᠡᠨ 《〈ᠭᠤᠤᠯᠢ ᠶ᠋ᠢᠨ ᠲᠡᠤᠬᠡ〉 ᠳ᠋ᠠᠬᠢ ᠮᠣᠩᠭᠤᠯ ᠬᠠᠭᠠᠳ ᠤ᠋ᠨ ᠪᠢᠯᠢᠭ ᠤ᠋ᠨ ᠲᠤᠬᠠᠢ》 ᠬᠡᠮᠡᠭᠥ ᠥᠭᠥᠯᠡᠯ ᠨᠢ ᠶᠡᠬᠡ ᠬᠤᠷᠠᠯ ᠳ᠋ᠥ ᠤᠷᠤᠯᠴᠠᠬᠤ ᠵᠥᠪᠰᠢᠶᠡᠷᠡᠯ ᠢ᠋ ᠤᠯᠵᠤ᠂ ᠲᠡᠭᠥᠨ᠎ᠦ ᠶᠠᠷᠢᠶ᠎ᠠ ᠢᠯᠡᠳᠬᠡᠯ ᠨᠢ ᠲᠡᠯᠡᠬᠡᠢ ᠶ᠋ᠢᠨ ᠠᠬᠠᠮᠠᠳ ᠡᠷᠳᠡᠮᠳᠡᠳ ᠤ᠋ᠨ ᠥᠨᠳᠤᠷ ᠥᠨᠡᠯᠡᠯᠳᠡ ᠶ᠋ᠢ ᠤᠯᠤᠭᠠᠳ ᠭᠠᠨᠵᠤᠭ᠎ᠠ ᠲᠥᠭᠥᠷᠡᠩ ᠬᠠᠷᠢᠵᠤ ᠢᠷᠡᠪᠡ᠃


2.png


ᠶᠡᠬᠡ ᠰᠤᠷᠭᠠᠭᠤᠯᠢ᠎ᠳᠠᠭᠠᠨ ᠪᠠᠢᠬᠤ ᠦᠶ᠎ᠠ

《ᠪᠢ ᠪᠤᠯ ᠶᠡᠬᠡ ᠠᠵᠠ ᠲᠠᠢ ᠬᠥᠮᠤᠨ᠃ ᠤᠶᠤᠳᠠᠨ ᠪᠠᠢᠬᠤ᠎ᠳᠠᠭᠠᠨ ᠤᠯᠠᠨ ᠤᠯᠤᠰ ᠤ᠋ᠨ ᠮᠤᠩᠭᠤᠯᠴᠢ ᠡᠷᠳᠡᠮᠳᠡᠨ᠎ᠦ ᠬᠤᠷᠠᠯ ᠳ᠋ᠥ ᠤᠷᠤᠯᠴᠠᠭᠠᠳ ᠮᠠᠰᠢ ᠪᠠᠶᠠᠷᠳᠠᠢ ᠪᠠᠢᠨ᠎ᠠ᠃ ᠡᠨᠡ᠎ᠬᠦ ᠡᠷᠳᠡᠮ ᠰᠢᠨᠵᠢᠯᠡᠬᠡᠨ᠎ᠦ ᠲᠤᠮᠤ ᠲᠠᠪᠴᠠᠩ ᠢ᠋ᠶ᠋ᠠᠷ ᠲᠡᠤᠬᠡ ᠰᠤᠶᠤᠯ ᠤ᠋ᠨ ᠰᠤᠳᠤᠯᠭᠠᠨ᠎ᠦ ᠤᠯᠠᠨ ᠰᠠᠢᠬᠠᠨ ᠡᠷᠳᠡᠮᠳᠡᠨ ᠮᠡᠷᠬᠡᠳ ᠤ᠋ᠨ ᠰᠤᠷᠭᠠᠯ ᠢ᠋ ᠬᠥᠷᠳᠡᠵᠤ᠂ ᠮᠦᠨ ᠴᠤ᠌ ᠲᠡᠤᠬᠡ ᠰᠤᠶᠤᠯ ᠤ᠋ᠨ ᠲᠠᠯ᠎ᠠ ᠪᠠᠷ ᠪᠠᠰᠠ ᠤᠯᠠᠨ ᠵᠥᠢᠯ ᠢ᠋ ᠥᠢᠯᠠᠭᠠᠵᠤ ᠰᠤᠷᠤᠯ᠎ᠠ᠃ ᠪᠢ ᠪᠤᠯ ᠬᠤᠷᠠᠯ᠎ᠳᠤ ᠤᠷᠤᠯᠴᠠᠭᠰᠠᠨ ᠭᠤᠴᠢᠨ ᠤᠯᠤᠰ ᠤ᠋ᠨ ᠲᠠᠪᠤᠨ ᠵᠠᠭᠤ ᠭᠠᠷᠤᠢ ᠡᠷᠳᠡᠮᠳᠡᠨ᠎ᠦ ᠲᠤᠳᠤᠷ᠎ᠠ ᠠ᠋ᠴᠠ ᠨᠠᠰᠤ ᠪᠠᠷ ᠬᠠᠮᠤᠭ ᠤ᠋ᠨ ᠵᠠᠯᠠᠭᠤ ᠤᠷᠤᠯᠴᠠᠭ᠍ᠴᠢ ᠶ᠋ᠢᠨ ᠨᠢᠬᠡ ᠨᠢ ᠪᠤᠯᠤᠨ᠎ᠡ᠃ ᠭᠡᠪᠡᠴᠦ ᠠᠬᠠᠮᠠᠳ ᠪᠠᠭ᠍ᠰᠢ ᠨᠠᠷ ᠮᠢᠨᠤ ᠢᠯᠡᠳᠬᠡᠯ ᠢ᠋ ᠰᠤᠨᠤᠰᠤᠭᠰᠠᠨ᠎ᠦ ᠲᠠᠷᠠᠭ᠎ᠠ ᠨᠡᠯᠢᠶᠡᠳ ᠥᠨᠳᠤᠷ ᠥᠨᠡᠯᠡᠯᠳᠡ ᠥᠭ᠌ᠴᠤ᠂ 〈ᠵᠠᠯᠠᠭᠤ ᠬᠥᠮᠤᠨ᠎ᠦ ᠵᠠᠮ ᠤ᠋ᠨ ᠥᠵᠥᠭᠥᠷ ᠬᠤᠯᠠ ᠪᠠᠢᠭ᠎ᠠ ᠲᠤᠯᠠ ᠡᠷᠳᠡᠮ ᠰᠢᠨᠵᠢᠯᠡᠬᠡᠨ᠎ᠦ ᠲᠠᠯ᠎ᠠ ᠪᠠᠷ ᠥᠷᠭᠥᠯᠵᠢᠯᠡᠨ ᠴᠢᠷᠮᠠᠢᠭᠳᠤᠨ〉 ᠬᠡᠵᠤ ᠤᠷᠮᠠᠰᠢᠭᠤᠯᠤᠨ ᠵᠤᠷᠢᠭ᠍ᠵᠢᠭᠤᠯᠤᠭᠰᠠᠨ ᠶᠤᠮ᠃ ᠮᠢᠨᠤ ᠪᠠᠭ᠍ᠰᠢ ᠱᠤ᠌ ᠵᠢᠶᠠᠨ ᠫᠷᠣᠹᠧᠰᠰᠣᠷ ᠶᠡᠷᠤ ᠶ᠋ᠢᠨ ᠴᠠᠭ ᠲᠣ᠌ ᠲᠡᠤᠬᠡ ᠶ᠋ᠢᠨ ᠰᠤᠳᠤᠯᠭᠠᠨ᠎ᠦ ᠲᠠᠯ᠎ᠠ ᠪᠠᠷ ᠪᠤᠰᠤᠳ ᠠ᠋ᠴᠠ ᠢᠯᠡᠭᠥᠤ ᠰᠤᠷᠤᠯᠴᠠᠵᠤ᠂ ᠤᠯᠤᠰ ᠤ᠋ᠨ ᠲᠤᠳᠤᠭᠠᠳᠤ ᠭᠠᠳᠠᠭᠠᠳᠤ ᠶ᠋ᠢᠨ ᠲᠡᠤᠬᠡ ᠰᠤᠳᠤᠯᠤᠯ᠎ᠤᠨ ᠰᠢᠨ᠎ᠡ ᠪᠦᠲᠦᠭᠡᠯ ᠠ᠋ᠴᠠ ᠢᠯᠡᠭᠥᠬᠡᠨ ᠯᠠᠪᠯᠠᠬᠤ ᠶ᠋ᠢ ᠱᠠᠭᠠᠷᠳᠠᠳᠠᠭ ᠶᠤᠮ᠃ ᠬᠤᠢᠰᠢᠳᠠ ᠪᠠᠭ᠍ᠰᠢ ᠶ᠋ᠢᠨ ᠢ᠋ᠶ᠋ᠠᠨ ᠰᠤᠷᠭᠠᠯ᠎ᠢ ᠨᠡᠩ ᠨᠢᠮᠪᠠᠢ ᠲᠤᠭᠤᠰᠢᠯᠠᠭᠤᠯᠵᠤ ᠦᠷᠭᠦᠯᠵᠢᠯᠡᠨ ᠴᠢᠷᠮᠠᠢᠨ᠎ᠡ》 ᠬᠡᠵᠤ ᠪᠠᠶᠠᠨ᠎ᠠ ᠥᠪᠡᠷ ᠤ᠋ᠨ ᠪᠤᠳᠤᠯ ᠰᠡᠳᠬᠢᠭᠳᠡᠯ ᠢ᠋ᠶ᠋ᠠᠨ ᠬᠤᠪᠢᠶᠠᠯᠴᠠᠯ᠎ᠠ᠃

《ᠰᠠᠢᠨ ᠶᠠᠪᠤᠬᠤ ᠰᠠᠨᠠᠭᠠᠨ᠎ᠦ ᠬᠢ ᠰᠠᠢᠬᠠᠨ ᠶᠠᠪᠤᠬᠤ ᠵᠠᠶᠠᠭᠠᠨ᠎ᠦ ᠬᠢ》 ᠬᠡᠳᠡᠭ ᠢ᠋ᠶ᠋ᠠᠷ ᠪᠠᠶᠠᠨ᠎ᠠ ᠬᠠᠷᠠᠬᠠᠨ ᠪᠠᠭ᠎ᠠ ᠠ᠋ᠴᠠ ᠪᠠᠨ ᠲᠡᠤᠬᠡ ᠶ᠋ᠢᠨ ᠨᠤᠮ ᠥᠵᠡᠭᠥ᠂ ᠲᠡᠤᠬᠡ ᠵᠢᠨ ᠦᠯᠢᠬᠡᠷ ᠰᠤᠨᠤᠰᠬᠤ ᠲᠤᠷᠠᠳᠠᠢ ᠬᠡᠤᠬᠡᠳ ᠪᠠᠢᠪᠠ᠃ ᠪᠠᠭ᠎ᠠ ᠰᠤᠷᠭᠠᠭᠤᠯᠢ᠎ᠳᠤ ᠪᠠᠢᠬᠤ ᠳ᠋ᠠᠭᠠᠨ 《ᠮᠤᠩᠭᠤᠯ ᠤ᠋ᠨ ᠨᠢᠭᠤᠴᠠ ᠲᠤᠪᠴᠢᠶᠠᠨ》᠂《ᠭᠤᠷᠪᠠᠨ ᠤᠯᠤᠰ ᠤ᠋ᠨ ᠥᠯᠢᠬᠡᠷ》᠂ 《ᠲᠤᠮᠳᠠᠳᠤ᠎ᠶᠢᠨ 5000 ᠵᠢᠯ᠎ᠦᠨ ᠲᠡᠦᠬᠡ》 ᠵᠡᠷᠭᠡ ᠨᠤᠮ ᠢ᠋ ᠤᠩᠰᠢᠬᠤ ᠲᠤᠷᠠᠳᠠᠢ ᠪᠤᠯᠪᠠᠴᠤ ᠨᠠᠰᠤ ᠪᠠᠭ᠎ᠠ ᠪᠠᠢᠭᠰᠠᠨ ᠪᠤᠯᠬᠤᠷ ᠤᠳᠬ᠎ᠠ ᠠᠭᠤᠯᠭ᠎ᠠ ᠶ᠋ᠢ ᠨᠢ ᠪᠥᠷᠢᠨ ᠥᠢᠯᠠᠭᠠᠵᠤ ᠴᠢᠳᠠᠳᠠᠭ ᠥᠬᠡᠢ ᠪᠠᠢᠵᠠᠢ᠃ ᠰᠡᠭᠥᠯᠡᠷ ᠨᠢ ᠠᠩᠬ᠎ᠠ ᠲᠤᠮᠳᠠᠳᠤ᠂ ᠥᠨᠳᠤᠷ ᠲᠤᠮᠳᠠᠳᠤ ᠶ᠋ᠢᠨ ᠰᠤᠷᠤᠭ᠍ᠴᠢ ᠪᠤᠯᠤᠭᠰᠠᠨ᠎ᠦ ᠬᠤᠢᠨ᠎ᠠ ᠡᠳᠡᠬᠡᠷ ᠨᠤᠮ ᠢ᠋ ᠲᠠᠬᠢᠨ ᠲᠠᠪᠳᠠᠨ ᠤᠩᠰᠢᠵᠤ᠂ ᠥᠢᠯᠠᠭᠠᠵᠤ ᠮᠡᠳᠡᠭᠥ ᠥᠬᠡᠢ ᠵᠥᠢᠯᠡᠰ ᠢ᠋ᠶ᠋ᠠᠨ ᠲᠡᠤᠬᠡ ᠶ᠋ᠢᠨ ᠪᠠᠭ᠍ᠰᠢ ᠠ᠋ᠴᠠ ᠪᠠᠨ ᠠᠰᠠᠭᠤᠨ ᠯᠠᠪᠯᠠᠵᠤ ᠲᠤᠩᠭᠠᠨ ᠲᠤᠭᠳᠠᠭᠠᠳᠠᠭ ᠪᠤᠯᠤᠭᠰᠠᠨ ᠪᠠᠢᠨ᠎ᠠ᠃ ᠲᠡᠬᠡᠬᠡᠳ ᠪᠠᠶᠠᠨ᠎ᠠ ᠲᠡᠤᠬᠡ ᠶ᠋ᠢᠨ ᠬᠢᠴᠢᠶᠡᠯ ᠲᠡᠬᠡᠷ᠎ᠡ ᠪᠤᠶᠤ ᠬᠢᠴᠢᠶᠡᠯ ᠤ᠋ᠨ ᠭᠠᠳᠠᠨᠠᠬᠢ ᠰᠤᠯᠠ ᠴᠠᠭ ᠢ᠋ᠶ᠋ᠠᠷ ᠠᠯᠢ ᠤᠯᠠᠨ ᠲᠡᠤᠬᠡ ᠶ᠋ᠢᠨ ᠲᠤᠬᠠᠢ ᠠᠰᠠᠭᠤᠯᠳᠠ ᠶ᠋ᠢ ᠲᠤᠷᠠᠳᠴᠤ ᠪᠠᠭ᠍ᠰᠢ ᠪᠠᠨ 《ᠭᠠᠷᠳᠠᠭᠠᠳᠠᠭ》 ᠤ᠋ᠨ ᠨᠢᠬᠡ ᠨᠢ ᠪᠠᠢᠪᠠ᠃


3.png


ᠨᠤᠮ᠎ᠤᠨ ᠰᠠᠩ᠎ᠳᠤ

ᠪᠠᠶᠠᠨ᠎ᠠ ᠤᠳᠤ ᠪᠤᠯᠳᠠᠯ᠎ᠠ ᠡᠨᠡ ᠬᠦ᠌ ᠵᠠᠩᠰᠢᠯ ᠢ᠋ᠶ᠋ᠠᠨ ᠪᠠᠷᠢᠮᠳᠠᠯᠠᠭᠰᠠᠭᠠᠷ᠃ ᠲᠡᠤᠬᠡ ᠶ᠋ᠢᠨ ᠰᠠᠯᠪᠤᠷᠢ ᠶ᠋ᠢᠨ ᠠᠰᠫᠢᠷᠠᠨᠲ ᠪᠤᠯᠤᠭᠰᠠᠨ᠎ᠦ ᠬᠤᠪᠢ ᠳ᠋ᠥ ᠲᠡᠭᠥᠨ᠎ᠦ ᠰᠤᠳᠤᠯᠵᠤ ᠪᠥᠳᠤᠬᠡᠭᠥ ᠵᠥᠢᠯ ᠲᠤᠩ ᠤᠯᠠᠨ ᠪᠤᠢ᠃ ᠲᠡᠷᠡ ᠲᠡᠤᠬᠡ ᠶ᠋ᠢᠨ ᠤᠬᠠᠭᠠᠨ ᠢ᠋ ᠰᠤᠳᠤᠯᠬᠤ ᠶᠠᠪᠤᠴᠠ ᠳ᠋ᠥ ᠲᠡᠤᠬᠡ ᠰᠤᠷᠤᠯᠴᠠᠬᠤ ᠪᠤᠯᠤᠨ ᠲᠡᠤᠬᠡ ᠰᠤᠳᠤᠯᠬᠤ ᠶ᠋ᠢᠨ ᠢᠯᠭᠠᠭ᠎ᠠ ᠶ᠋ᠢ ᠬᠥᠢᠴᠡᠳ ᠲᠠᠨᠢᠵᠤ᠂ ᠲᠡᠤᠬᠡ ᠶ᠋ᠢᠨ ᠰᠤᠳᠤᠯᠭᠠᠨ᠎ᠦ ᠲᠠᠯ᠎ᠠ ᠪᠠᠷ ᠨᠡᠩ ᠬᠥᠨᠵᠡᠬᠡᠢ ᠮᠥᠷᠳᠡᠬᠡᠨ ᠰᠢᠰᠲᠸᠮ ᠲᠠᠢ ᠰᠤᠷᠤᠯᠴᠠᠬᠤ ᠪᠣᠯᠪᠠ᠃ ᠲᠠᠷᠤᠢ ᠲᠡᠤᠬᠡ ᠶ᠋ᠢᠨ ᠰᠤᠳᠤᠯᠭᠠᠨ᠎ᠦ ᠲᠠᠯ᠎ᠠ ᠪᠠᠷ ᠶᠠᠮᠠᠷ ᠨᠢᠬᠡᠨ ᠥᠢᠯᠠᠭᠠᠵᠤ ᠮᠡᠳᠡᠭᠥ ᠥᠬᠡᠢ ᠵᠥᠢᠯ ᠪᠤᠶᠤ ᠰᠤᠨᠢᠷᠬᠠᠯᠳᠠᠢ ᠵᠥᠢᠯ ᠭᠠᠷᠪᠠᠯ ᠪᠠᠭ᠍ᠰᠢ ᠲᠠᠢ ᠪᠠᠨ ᠪᠤᠯᠵᠤᠵᠤ ᠠᠰᠠᠭᠤᠨ ᠯᠠᠪᠯᠠᠨ᠎ᠠ᠂ ᠭᠠᠷᠠᠭ ᠪᠤᠯᠭᠠᠨ ᠪᠠᠭ᠍ᠰᠢ ᠲᠠᠢ ᠪᠠᠨ ᠲᠡᠤᠬᠡ ᠶ᠋ᠢᠨ ᠲᠤᠬᠠᠢ ᠶᠠᠷᠢᠯᠴᠠᠨ᠎ᠠ᠃ ᠶᠠᠭ ᠡᠢᠮᠤᠷᠬᠥᠤ ᠥᠪᠡᠷ ᠤ᠋ᠨ ᠬᠡᠰᠡᠨ ᠰᠤᠷᠤᠯᠴᠠᠬᠤ ᠠᠷᠭ᠎ᠠ ᠮᠠᠶᠢᠭ᠋᠂ ᠲᠥᠰᠥᠪ ᠲᠥᠯᠤᠪ᠂ ᠤᠬᠠᠭᠠᠨ ᠰᠠᠮᠪᠠᠭ᠎ᠠ ᠨᠢ ᠲᠡᠭᠥᠨ᠎ᠦ ᠲᠡᠤᠬᠡ ᠶ᠋ᠢᠨ ᠤᠬᠠᠭᠠᠨ᠎ᠦ ᠲᠠᠯ᠎ᠠ ᠪᠠᠷ ᠰᠡᠳᠬᠢᠵᠤ᠂ ᠰᠤᠳᠤᠯᠵᠤ᠂ ᠪᠥᠳᠤᠬᠡᠭᠥ ᠳ᠋ᠤᠨᠢ ᠬᠡᠷᠡᠯ ᠬᠡᠬᠡ ᠠᠪᠴᠢᠷᠠᠵᠤ᠂ ᠲᠡᠤᠬᠡ ᠶ᠋ᠢᠨ ᠥᠨᠡᠨ ᠢ᠋ ᠮᠥᠷᠳᠡᠨ ᠥᠪᠡᠷ ᠢ᠋ ᠪᠠᠨ ᠲᠡᠭᠥᠯᠳᠡᠷᠵᠢᠭᠥᠯᠭᠥ ᠳ᠋ᠤᠨᠢ ᠶᠡᠬᠡᠬᠡᠨ ᠲᠤᠰᠠ ᠪᠤᠯᠤᠭᠰᠠᠨ ᠪᠠᠢᠨ᠎ᠠ᠃ ᠡᠬᠦᠨ ᠡᠴᠨ ᠭᠠᠳᠠᠨ᠎ᠠ ᠲᠡᠷᠡ ᠬᠢᠴᠢᠶᠡᠯ ᠰᠤᠷᠤᠯᠭ᠎ᠠ ᠳ᠋ᠠᠭᠠᠨ ᠰᠢᠮᠳᠠᠬᠤ ᠶ᠋ᠢᠨ ᠲᠠᠭᠠᠤ 《ᠶᠤᠸᠠᠨ(ᠦᠨ) — ᠭᠤᠤᠯᠢ ᠶ᠋ᠢᠨ ᠭᠠᠳᠠᠭᠠᠳᠤ ᠬᠠᠷᠢᠯᠴᠠᠭᠠᠨ ᠤ᠋ ᠪᠢᠴᠢᠭ ᠦ᠋ᠨ ᠬᠠᠷᠠᠭᠤᠯᠤᠭᠰᠠᠨ ᠬᠤᠪᠢᠯᠠᠢ ᠶ᠋ᠢᠨ ᠤᠯᠤᠰ ᠲᠥᠷᠥ ᠶ᠋ᠢᠨ ᠵᠠᠮᠨᠠᠯ》᠂ 《〈ᠺᠦᠢ ᠵᠠᠩ ᠭᠧ〉᠄ ᠡᠭᠦᠰᠦᠯᠲᠡ᠂ ᠰᠡᠷᠭᠦᠯᠲᠡ ᠬᠢᠭᠡᠳ ᠲᠡᠦᠬᠡᠨ ᠪᠡᠯᠭᠡᠳᠡᠯ》᠂ 《ᠬᠤᠪᠢᠯᠠᠢ ᠶ᠋ᠢᠨ ᠰᠠᠨᠠᠭᠠᠰᠢᠷᠠᠯ᠄ ᠵᠢᠨ ᠼᠢ ᠮᠦᠽᠧᠢ ᠳ᠋ᠥ ᠬᠠᠳᠠᠭᠠᠯᠠᠵᠤ ᠪᠤᠢ ᠨᠢᠭᠡᠨ ᠬᠦᠰᠢᠶᠡᠨ ᠪᠢᠴᠢᠭ ᠦ᠋ᠨ ᠵᠢᠱ᠌ᠢᠶᠡᠨ ᠳᠡᠭᠡᠷ᠎ᠡ》 ᠵᠡᠷᠬᠡ ᠥᠭᠥᠯᠡᠯ ᠢ᠋ᠶ᠋ᠠᠨ ᠬᠠᠮᠢᠶ᠎ᠠ ᠪᠥᠭᠥᠢ ᠡᠷᠳᠡᠮ ᠰᠢᠨᠵᠢᠯᠡᠬᠡᠨ᠎ᠦ ᠲᠠᠪᠴᠠᠩ᠎ᠳᠤ ᠨᠡᠢᠳᠡᠯᠡᠵᠠᠢ᠃

《ᠮᠢᠨᠤ ᠲᠡᠤᠬᠡ ᠰᠤᠷᠤᠯᠴᠠᠵᠤ ᠰᠤᠳᠤᠯᠬᠤ ᠤᠷᠮ᠎ᠠ ᠶ᠋ᠢ ᠬᠥᠭᠵᠢᠬᠡᠭᠰᠡᠨ ᠬᠥᠮᠤᠰ ᠪᠤᠯ ᠮᠢᠨᠤ ᠠᠪᠤ ᠡᠵᠢ᠂ ᠲᠥᠷᠥᠯ ᠲᠥᠷᠥᠭᠰᠡᠳ ᠪᠤᠯᠤᠨ ᠡᠪᠤᠬᠡᠳ ᠪᠤᠭᠤᠷᠤᠯᠴᠤᠳ ᠪᠤᠯᠬᠤ ᠶᠤᠮ᠃ ᠲᠡᠳᠡ ᠵᠢᠯ ᠴᠠᠭᠠᠨ ᠰᠠᠷ᠎ᠠ ᠪᠤᠶᠤ ᠡᠪᠤᠯ ᠵᠤᠨ᠎ᠦ ᠠᠮᠠᠷᠠᠯᠳᠠ ᠪᠠᠷ ᠨᠠᠮ᠎ᠠ ᠶ᠋ᠢ ᠲᠠᠭᠠᠭᠤᠯᠵᠤ ᠡᠪᠤᠬᠡ ᠲᠡᠬᠡᠳᠤᠰ ᠤ᠋ᠨ ᠲᠥᠷᠥᠵᠤ ᠥᠰᠥᠭᠰᠡᠨ ᠥᠯᠤᠬᠡᠢ ᠨᠤᠳᠤᠭ ᠢ᠋ᠶ᠋ᠠᠷ ᠲᠤᠭᠤᠷᠢᠭᠤᠯᠵᠤ᠂ ᠨᠤᠳᠤᠭ ᠤᠰᠤᠨ᠎ᠦ ᠲᠤᠬᠠᠢ ᠤᠯᠠᠨ ᠰᠠᠢᠬᠠᠨ ᠬᠠᠭᠤᠴᠢ ᠲᠤᠮᠤᠭ ᠢ᠋ ᠶᠠᠷᠢᠵᠤ ᠥᠭᠳᠡᠭ ᠶᠤᠮ᠃ ᠴᠢᠨᠠᠭᠰᠢᠯᠠᠨ ᠨᠡᠭᠥᠳᠡᠯ ᠠᠮᠢᠳᠤᠷᠠᠯ᠂ ᠮᠠᠯᠵᠢᠬᠤ ᠰᠤᠶᠤᠯ᠂ ᠵᠠᠩ ᠥᠢᠯᠠ ᠶ᠋ᠢᠨ ᠲᠤᠬᠠᠢ ᠬᠡᠯᠡᠵᠤ ᠲᠠᠢᠯᠪᠤᠷᠢᠯᠠᠵᠤ᠂ ᠵᠠᠬᠢᠵᠤ ᠰᠤᠷᠭᠠᠵᠤ ᠥᠭᠭᠥᠭᠰᠡᠨ ᠲᠠᠢ ᠰᠢᠭᠤᠳ ᠬᠤᠯᠪᠤᠭ᠎ᠠ ᠲᠠᠢ᠃ ᠡᠭᠥᠨ ᠠ᠋ᠴᠠ ᠭᠠᠳᠠᠨ᠎ᠠ ᠨᠠᠳᠠ ᠶ᠋ᠢ ᠡᠷᠳᠡᠠ᠎ᠦ ᠲᠡᠤᠬᠡ ᠰᠤᠶᠤᠯ ᠤ᠋ᠨ ᠵᠥᠢᠯᠡᠰ ᠢ᠋ ᠬᠠᠳᠠᠭᠠᠯᠠᠵᠤ ᠪᠤᠢ ᠮᠥᠽᠸᠢ᠂ ᠡᠷᠳᠡᠨ᠎ᠦ ᠬᠤᠳᠠ ᠪᠠᠯᠭᠠᠳ ᠤ᠋ᠨ ᠪᠠᠭᠤᠷᠢ᠂ ᠰᠤᠶᠤᠯ ᠵᠢᠭᠤᠯᠴᠢᠯᠠᠯ ᠤ᠋ᠨ ᠭᠠᠵᠠᠷ ᠢ᠋ᠶ᠋ᠠᠷ ᠲᠤᠭᠤᠷᠢᠭᠤᠯᠤᠨ ᠵᠢᠭᠤᠯᠴᠢᠯᠠᠭᠤᠯᠵᠤ᠂ ᠲᠡᠤᠬᠡᠨ ᠴᠠᠭ ᠥᠶ᠎ᠡ ᠶ᠋ᠢᠨ ᠪᠠᠢᠳᠠᠯ ᠢ᠋ ᠥᠢᠯᠠᠭᠠᠭᠤᠯᠵᠤ᠂ ᠲᠡᠤᠬᠡᠨ ᠬᠥᠮᠤᠰ ᠲᠠᠢ 〈ᠵᠣᠯᠭᠠᠭᠤᠯᠤᠭᠰᠠᠨ〉 ᠤ᠋ ᠠᠴᠢ ᠲᠤᠰᠠ ᠪᠤᠯᠤᠨ᠎ᠡ᠃ ᠲᠡᠤᠬᠡ ᠶ᠋ᠢ ᠬᠥᠮᠤᠨ ᠪᠥᠳᠤᠬᠡᠳᠡᠭ ᠪᠤᠯᠬᠤᠷ ᠲᠡᠤᠬᠡ ᠶ᠋ᠢ ᠶᠠᠷᠢᠬᠤ ᠳ᠋ᠥ ᠲᠤᠬᠠᠢ ᠶ᠋ᠢᠨ ᠥᠶ᠎ᠡ ᠶ᠋ᠢᠨ ᠲᠡᠤᠬᠡᠨ ᠬᠥᠮᠤᠰ ᠤ᠋ᠨ ᠰᠠᠨᠠᠭ᠎ᠠ ᠶ᠋ᠢ ᠥᠢᠯᠠᠭᠠᠭᠰᠠᠨ ᠪᠠᠢᠬᠤ ᠬᠡᠷᠡᠭ᠌ᠳᠠᠢ᠃ ᠲᠡᠤᠬᠡ ᠶ᠋ᠢᠨ ᠰᠤᠳᠤᠯᠭᠠᠨ᠎ᠦ ᠬᠥᠷᠢᠶᠡᠨ ᠳ᠋ᠥ ᠲᠡᠤᠬᠡᠨ ᠬᠥᠮᠤᠨ ᠢ᠋ᠶ᠋ᠠᠷ ᠥᠨᠳᠤᠰᠤ ᠪᠤᠯᠭᠠᠭᠰᠠᠨ ᠰᠤᠳᠤᠯᠭᠠᠨ ᠶᠡᠬᠡ ᠲᠤᠳᠠᠭᠳᠠᠵᠤ ᠪᠠᠢᠨ᠎ᠠ᠂ ᠡᠨᠡ ᠪᠤᠯ ᠮᠢᠨᠤ ᠬᠤᠵᠢᠮ ᠤ᠋ᠨ ᠪᠠᠰᠠ ᠨᠢᠬᠡᠨ ᠬᠠᠨᠳᠤᠯᠭᠠᠳᠤ ᠰᠤᠳᠤᠯᠭᠠᠨ᠎ᠦ ᠴᠢᠭᠯᠡᠯ ᠪᠤᠯᠵᠤ ᠪᠠᠢᠨ᠎ᠠ᠃ ᠡᠢᠮᠤ ᠠ᠋ᠴᠠ ᠪᠢ ᠪᠥᠭᠥᠢᠯᠠ ᠬᠡᠷ ᠤ᠋ᠨ ᠬᠥᠮᠤᠰ ᠪᠤᠯᠤᠨ ᠬᠥᠨᠳᠤᠳᠤ ᠪᠠᠭ᠍ᠰᠢ ᠨᠥᠬᠦᠳ᠎ᠲᠡᠬᠡᠨ ᠲᠠᠯᠠᠷᠬᠠᠵᠤ᠂ ᠥᠪ ᠵᠤᠵᠠᠭᠠᠨ ᠲᠡᠤᠬᠡ ᠰᠤᠶᠤᠯ ᠲᠠᠢ ᠨᠤᠳᠤᠭ ᠤᠰᠤᠨ ᠳ᠋ᠠᠭᠠᠨ ᠲᠠᠯᠠᠷᠬᠠᠵᠤ᠂ ᠥᠪᠯᠡᠨ ᠬᠢᠮᠠᠭᠠᠳᠠᠬᠤ ᠲᠡᠤᠬᠡ ᠰᠤᠶᠤᠯ ᠢ᠋ᠶ᠋ᠠᠨ ᠥᠪᠯᠡᠵᠤ ᠶᠠᠪᠤᠭ᠎ᠠ ᠨᠤᠳᠤᠭ ᠤ᠋ᠨ ᠲᠥᠮᠡᠨ ᠳ᠋ᠡᠬᠡᠨ ᠲᠠᠯᠠᠷᠬᠠᠵᠤ ᠶᠠᠪᠤᠳᠠᠭ ᠶᠤᠮ ᠰᠢᠤ》 ᠬᠡᠵᠤ ᠪᠠᠶᠠᠨ᠎ᠠ ᠰᠡᠳᠬᠢᠯ ᠤ᠋ᠨ ᠦᠬᠡ ᠪᠡᠨ ᠲᠡᠯᠬᠡᠵᠤ ᠪᠢᠯᠡ᠃


4.png


ᠲᠡᠬᠦᠰᠬᠦ ᠶᠤᠰᠤᠯᠠᠯ᠎ᠳᠤ ᠤᠷᠤᠯᠴᠠᠨ ᠳᠤᠷᠠᠰᠬᠠᠯ ᠦᠯᠡᠳᠡᠬᠡᠨ᠎ᠠ


ᠲᠡᠷᠡ ᠬᠤᠢᠰᠢᠳᠠ ᠶᠤᠸᠠᠨ ᠬᠥᠷᠤᠨ᠎ᠦ ᠲᠡᠤᠬᠡ᠂ ᠮᠤᠩᠭᠤᠯ ᠪᠠ ᠲᠥᠪᠡᠳ ᠤ᠋ᠨ ᠬᠠᠷᠢᠯᠴᠠᠭᠠᠨ᠎ᠤ ᠲᠡᠤᠬᠡ ᠵᠢᠴᠢ ᠠᠯᠠᠱᠠ ᠶ᠋ᠢᠨ ᠲᠡᠤᠬᠡ ᠶ᠋ᠢ ᠰᠤᠳᠤᠯᠬᠤ ᠴᠢᠭᠯᠡᠯ ᠢ᠋ᠶ᠋ᠠᠨ ᠨᠢᠬᠡᠨᠳᠡ ᠲᠤᠭᠳᠠᠭᠠᠵᠤ᠂ ᠰᠤᠷᠤᠯᠭ᠎ᠠ ᠶ᠋ᠢᠨ ᠲᠤᠮᠳᠠ ᠪᠠᠨ ᠬᠢᠳᠠᠳ ᠬᠡᠯᠡ᠂ ᠠᠩᠭ᠌ᠯᠢ ᠬᠡᠯᠡ᠂ ᠲᠥᠪᠡᠳ ᠬᠡᠯᠡ ᠪᠠᠨ ᠤᠯᠠᠮ ᠰᠠᠢᠨ ᠪᠠᠳᠤᠳᠬᠠᠨ ᠰᠤᠷᠤᠯᠴᠠᠵᠤ᠂ ᠲᠡᠤᠬᠡ ᠰᠤᠶᠤᠯ ᠢ᠋ᠶ᠋ᠠᠨ ᠥᠷᠬᠡᠨ ᠬᠡᠪᠴᠢᠶᠡᠨ ᠳ᠋ᠥ ᠤᠬᠠᠭᠤᠯᠤᠨ ᠰᠤᠷᠳᠠᠯᠴᠢᠯᠠᠬᠤ᠂ ᠥᠢᠯᠠᠭᠠᠭᠤᠯᠤᠨ ᠲᠠᠨᠢᠭᠤᠯᠬᠤ᠂ ᠥᠪᠯᠡᠨ ᠤᠯᠠᠮᠵᠢᠯᠠᠵᠤ ᠲᠡᠤᠬᠡ ᠶ᠋ᠢᠨ ᠤᠬᠠᠭᠠᠨᠳᠠᠨ ᠪᠤᠯᠬᠤ ᠠᠯᠤᠰ ᠤ᠋ᠨ ᠬᠠᠷᠠᠯᠳᠠ ᠶ᠋ᠢ ᠡᠪᠤᠷᠯᠡᠨ ᠥᠷᠭᠥᠯᠵᠢᠯᠡᠨ ᠴᠢᠷᠮᠠᠢᠵᠤ ᠪᠠᠢᠨ᠎ᠠ᠃ ᠡᠳᠤᠬᠡ ᠪᠠᠶᠠᠨ᠎ᠠ ᠭᠤᠷᠪᠠᠨ ᠵᠢᠯ ᠤ᠋ᠨ ᠠᠰᠫᠢᠷᠠᠨᠲ ᠤ᠋ᠨ ᠰᠤᠷᠤᠯᠭ᠎ᠠ ᠪᠠᠨ ᠤᠳᠠᠯ ᠥᠬᠡᠢ ᠠᠮᠵᠢᠯᠳᠠ ᠲᠠᠢ ᠲᠡᠭᠥᠰᠬᠡᠭᠥ ᠬᠡᠵᠤ ᠪᠠᠢᠭ᠎ᠠ ᠶᠤᠮ᠃ ᠲᠠᠷᠠᠭ᠎ᠠ ᠪᠠᠷ ᠲᠡᠤᠬᠡ ᠶ᠋ᠢᠨ ᠤᠬᠠᠭᠠᠨ᠎ᠦ ᠳ᠋ᠤᠺᠲ᠋ᠤᠷ ᠢ᠋ᠶ᠋ᠠᠷ ᠰᠢᠯᠭᠠᠭᠤᠯᠬᠤ ᠪᠠᠷ ᠬᠢᠴᠢᠶᠡᠯ ᠰᠤᠷᠤᠯᠭ᠎ᠠ ᠳ᠋ᠠᠭᠠᠨ ᠰᠢᠮᠳᠠᠵᠤ᠂ ᠪᠤᠭᠤᠷᠤᠯ ᠲᠡᠤᠬᠡ ᠶ᠋ᠢᠨ ᠬᠤᠯᠠ ᠶ᠋ᠢᠨ ᠠᠶᠠᠨ ᠳ᠋ᠥ ᠬᠤᠷᠳᠤᠨ ᠬᠥᠯᠥᠭ ᠢ᠋ᠶ᠋ᠠᠨ ᠰᠥᠢᠵᠤ ᠪᠠᠢᠨᠠᠮ᠃

《ᠡᠷᠳᠡᠮ ᠨᠤᠮ ᠡᠷᠬᠢᠮ ᠪᠠᠶᠠᠨ᠂ ᠥᠷ᠎ᠡ ᠬᠡᠤᠬᠡᠳ ᠲᠤᠮᠳᠠ ᠪᠠᠶᠠᠨ᠂ ᠡᠳ᠋ ᠬᠥᠷᠥᠩᠬᠡ ᠠᠳᠠᠭ ᠪᠠᠶᠠᠨ》 ᠬᠡᠳᠡᠭ ᠪᠢᠵᠠ᠃ ᠤᠶᠤᠳᠠᠨ ᠵᠠᠯᠠᠭᠤ ᠪᠠᠶᠠᠨ᠎ᠠ ᠶ᠋ᠢᠨ ᠡᠷᠳᠡᠮ ᠮᠡᠳᠡᠯᠬᠡ ᠪᠠᠷ ᠪᠡᠶ᠎ᠡ ᠪᠠᠨ ᠴᠢᠮᠡᠵᠤ᠂ ᠲᠡᠤᠬᠡ ᠰᠤᠶᠤᠯ ᠤ᠋ᠨ ᠬᠥᠭᠵᠢᠯᠳᠡ ᠶ᠋ᠢᠨ ᠠᠯᠳᠠᠨ ᠬᠠᠭᠤᠳᠠᠰᠤᠨ ᠳ᠋ᠥ ᠨᠡᠷ᠎ᠡ ᠪᠠᠨ ᠲᠡᠮᠳᠡᠭᠯᠡᠬᠦᠯᠵᠦ ᠶᠠᠪᠤᠭ᠎ᠠ ᠥᠢᠯᠠ ᠠᠵᠢᠯᠯᠠᠭ᠎ᠠ ᠶ᠋ᠢ ᠬᠠᠷᠠᠬᠤ ᠳ᠋ᠥ ᠰᠡᠳᠬᠢᠯ ᠪᠠᠶᠠᠰᠴᠤ᠂ ᠨᠢᠳᠤ ᠰᠡᠷᠭᠥᠵᠤ᠂ ᠤᠬᠠᠭᠠᠨ ᠰᠠᠷᠠᠭᠤᠯᠵᠢᠮᠠᠷ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面