ᠲᠡᠷᠢᠭᠦᠨ ᠨᠢᠭᠤᠷ>ᠠᠮᠢᠳᠤᠷᠠᠯ ᠥᠷᠲᠡᠭᠡ>ᠦᠯᠢᠭᠡᠷ

2026-10-23 12:34:03

ᠵᠣᠬᠢᠶᠠᠭ᠍ᠴᠢ᠄ ᠰᠦᠯᠲᠡ ᠣᠩᠱᠢᠭ᠍ᠰᠠᠨ ᠣᠳᠠᠭ᠎ᠠ᠄ 3

ᠤᠢᠷ᠎ᠠ᠎ᠳᠤ ᠰᠦᠯᠵᠢᠶ᠎ᠡ ᠪᠡᠷ 《ᠴᠠᠭᠠᠨ ᠢᠳᠡᠭᠡᠨ᠎ᠦ ᠵᠠᠬ᠎ᠠ ᠳᠡᠯᠭᠡᠭᠦᠷ ᠶᠡᠬᠡ ᠰᠠᠶ᠋ᠢᠨ ᠪᠠᠶ᠋ᠢᠨ᠎ᠠ᠂ ᠦᠷᠦᠮ᠎ᠡ᠎ᠶᠢᠨ ᠦᠨ᠎ᠡ ᠦᠰᠦᠭᠰᠡᠡ ᠭᠡᠨ᠎ᠡ》 ᠭᠡᠰᠡᠨ ᠰᠤᠷᠠᠭ᠎ᠢᠶᠠᠷ ᠪᠢᠳᠠ ᠴᠠᠭᠠᠨ ᠢᠳᠡᠭᠡᠨ᠎ᠦ ᠵᠠᠬ᠎ᠠ ᠳᠡᠯᠭᠡᠭᠦᠷ᠎ᠢ ᠪᠠᠶ᠋ᠢᠴᠠᠭᠠᠨ ᠰᠣᠳᠣᠯᠬᠣ ᠰᠣᠨᠢᠷᠬᠠᠯ᠎ᠢᠶᠠᠷ ᠤᠷᠳᠤᠰ ᠬᠤᠳᠠ ᠵᠢᠨ ᠦᠤᠱᠢᠨ ᠬᠤᠰᠢᠭᠤᠨ᠎ᠤ ᠤᠯᠠᠭᠠᠨᠲᠤᠯᠤᠭᠠᠢ ᠪᠠᠯᠭᠠᠰᠤᠨ᠎ᠤ ᠪᠠᠶᠠᠨᠭᠣᠣᠯ ᠭᠠᠴᠠᠭᠠᠨ᠎ᠤ ᠵᠠᠩᠭ᠎ᠠ ᠪᠣᠯᠣᠨ ᠭᠠᠯᠠᠭᠤᠳᠤ ᠪᠠᠯᠭᠠᠰᠤᠨ᠎ᠤ ᠪᠤᠵᠠᠢ ᠭᠠᠴᠠᠭᠠᠨ᠎ᠤ ᠮᠦᠷᠡᠨ ᠪᠤᠯᠤᠨ ᠲᠣᠨᠠᠯ᠎ᠤᠨ ᠴᠠᠭᠠᠨ ᠢᠳᠡᠭᠡ ᠪᠣᠯᠪᠠᠰᠤᠷᠠᠭᠤᠯᠬᠣ ᠭᠠᠵᠠᠷ ᠢ᠋ ᠵᠣᠷᠢᠵᠣ ᠪᠢᠯᠡ᠃ ᠡᠨᠡ ᠵᠢᠯ ᠦᠣᠰᠢᠨ ᠨᠣᠳᠣᠭ᠎ᠲᠤ᠌ ᠬᠠᠪᠤᠷ ᠲᠠᠭᠠᠨ ᠭᠠᠩ ᠲᠠᠢ ᠪᠣᠯᠪᠠᠴᠣ ᠵᠣᠨ᠎ᠤ ᠰᠡᠭᠦᠯ ᠨᠠᠮᠣᠷ᠎ᠤᠨ ᠡᠬᠢ ᠪᠡᠷ ᠪᠣᠷᠣᠭᠠᠨ ᠰᠠᠢᠨ ᠲᠤᠯᠠ ᠴᠠᠶ᠋ᠢᠳᠠᠮ ᠪᠦᠷᠢᠳᠦ ᠪᠡᠷ ᠲᠦᠭᠦᠷᠡᠩ ᠣᠰᠤ ᠲᠠᠢ᠂ ᠴᠠᠭ ᠠᠭᠠᠷ ᠶᠡᠬᠡ ᠳᠣᠯᠠᠭᠠᠬᠠᠨ ᠪᠠᠶ᠋ᠢᠭᠰᠠᠠ᠎ᠢᠶᠠᠷ ᠵᠠᠮ᠎ᠤᠨ ᠬᠠᠵᠠᠭᠣ ᠪᠡᠷ ᠯᠠᠮ᠎ᠠ ᠰᠢᠪᠠᠭᠣ᠂ ᠪᠣᠷᠣ ᠭᠠᠯᠠᠭᠣ ᠶᠡᠬᠡ ᠤᠯᠠᠨ ᠨᠡᠭᠦᠳᠡᠯᠯᠡᠨ ᠢᠷᠡᠭᠰᠡᠡ ᠪᠠᠶ᠋ᠢᠪᠠ᠃



ᠪᠢᠳᠠ ᠵᠠᠩᠭ᠎ᠠ᠎ᠶᠢᠨ ᠭᠡᠷ᠎ᠲᠦ᠍ ᠬᠦᠷᠬᠦ᠎ᠳᠤ ᠠᠷᠪᠠᠭᠠᠳ ᠬᠦᠮᠦᠰ ᠤᠶ᠋ᠢᠯᠡᠳᠪᠣᠷᠢᠯᠡᠬᠦ᠌ ᠳᠠᠰᠣᠭ᠎ᠲᠤ᠌ ᠶᠠᠭᠠᠷᠠᠯᠳᠣᠵᠣ ᠪᠠᠶ᠋ᠢᠯ᠎ᠠ᠃ ᠡᠳᠡᠠ᠎ᠤ ᠬᠢᠨ᠎ᠤ ᠰᠠᠭᠣᠷᠢ ᠪᠦᠳᠦᠭᠡᠨ ᠪᠠᠶ᠋ᠢᠭᠣᠯᠣᠯᠳᠠ ᠨᠢ ᠶᠡᠬᠡ ᠳᠦᠭᠦᠮᠬᠡᠨ ᠪᠤᠯᠪᠠᠴᠤ ᠶᠡᠬᠡ ᠰᠢᠨᠡᠷᠭᠦᠦ ᠪᠠᠶ᠋ᠢᠵᠤ᠂ ᠨᠢᠭᠡ ᠡᠳᠦᠷ ᠬᠣᠶᠠᠷ ᠮᠢᠩᠭᠠᠨ ᠲᠣᠭᠣᠭ᠎ᠠ ᠦᠷᠦᠮ᠎ᠡ ᠬᠦᠭᠡᠷᠦᠭᠦᠯᠵᠤ᠂ ᠬᠠᠵᠠᠭᠣ ᠪᠡᠷ ᠨᠢ ᠱᠦᠭᠦᠮᠡᠯ᠂ ᠰᠢᠷ᠎ᠠ ᠳᠤᠰᠤ᠂ ᠪᠡᠯᠡᠬᠡᠨ ᠴᠠᠢ᠎ᠶᠢᠨ ᠪᠣᠭᠣᠯᠳᠠ ᠵᠡᠷᠭᠡ᠎ᠶᠢ ᠬᠢᠵᠦ᠍ ᠪᠦᠭᠡᠮ ᠵᠢᠡᠷ ᠪᠣᠷᠣᠯᠠᠭᠣᠯᠣᠭᠠᠳ᠂ ᠵᠢᠯ᠎ᠤᠨ ᠴᠡᠪᠡᠷ ᠤᠷᠣᠯᠭ᠎ᠠ ᠵᠠᠭᠣᠨ ᠲᠦᠮᠡᠨ ᠲᠦᠭᠦᠷᠢᠭ᠎ᠢ ᠳᠠᠪᠠᠳᠠᠭ ᠬᠡᠵᠤ ᠵᠠᠩᠭ᠎ᠠ ᠵᠢᠨ ᠶᠠᠷᠢᠶ᠎ᠠ ᠡᠴᠨ ᠤᠯᠵᠤ ᠮᠡᠳᠡᠯ᠎ᠠ᠃ ᠡᠨᠡ  ᠨᠢ ᠨᠢᠭᠡᠨ ᠮᠠᠯᠴᠢᠨ ᠠᠶ᠋ᠢᠯ᠎ᠳᠤ ᠠᠪᠴᠣ ᠬᠡᠯᠡᠪᠡᠯ ᠶᠡᠬᠡ ᠤᠷᠣᠯᠭ᠎ᠠ ᠲᠠᠢ᠎ᠳᠤ ᠲᠤᠭᠠᠴᠠᠭᠳᠠᠬᠣ ᠪᠣᠯᠪᠠᠴᠣ ᠭᠡᠷ᠎ᠦᠨ ᠬᠢᠨ ᠭᠠᠳᠠᠨ᠎ᠠ ᠦᠨᠡᠲᠠᠢ ᠲᠡᠷᠭᠡ ᠮᠠᠰᠢᠨ᠂ ᠭᠡᠷ ᠬᠤᠷᠤᠭ᠎ᠠ ᠪᠡᠨ ᠰᠤᠷᠳᠤᠭᠤᠯᠠᠵᠤ ᠴᠢᠮᠡᠭᠰᠡᠡ ᠦᠭᠡᠢ ᠶᠡᠬᠡ ᠪᠣᠷᠣᠭᠵᠢᠭᠣᠨ ᠪᠠᠶ᠋ᠢᠭᠰᠠᠠ ᠨᠢ ᠮᠠᠯᠴᠢᠳ ᠬᠦᠮᠤᠨ᠎ᠤ ᠲᠦᠷᠤᠯᠬᠢ ᠤᠤᠷ ᠴᠢᠨᠠᠷ ᠪᠠᠢᠯᠬᠦᠢ ᠬᠡᠬᠦ  ᠪᠣᠳᠣᠯ ᠤᠷᠤᠯ᠎ᠠ᠃

ᠬᠠᠯᠠᠭᠣᠨ ᠲᠤᠭᠣᠭᠠᠨ᠎ᠤ ᠬᠤᠭᠤᠯᠠᠨ ᠬᠡᠷ᠎ᠤᠨ ᠰᠣᠨᠢᠷᠬᠠᠯᠳᠠᠢ ᠨᠢᠭᠡᠨ ᠤᠴᠢᠷ᠎ᠢ ᠶᠠᠷᠢᠬᠤ᠎ᠳᠤ ᠶᠡᠬᠡ ᠤᠷᠮ᠎ᠠ ᠲᠠᠢ ᠪᠠᠢᠨ᠎ᠠ᠃ ᠶᠠᠭᠤ ᠭᠡᠪᠡᠯ᠂ ᠬᠠᠯᠠᠭᠤᠨ ᠳᠤᠭᠤᠭᠠᠨ᠎ᠤ ᠱᠦᠯᠦ᠎ᠶᠢᠨ ᠬᠢᠨᠢ ᠲᠦᠷᠦᠯ ᠵᠤᠶ᠋ᠢᠯ᠎ᠳ᠋ᠤ᠌ ᠭᠣᠱᠣᠭᠣᠨ᠂ ᠮᠦᠭᠦ᠌ ᠲᠠᠢ᠂ ᠲᠦᠪᠡᠳ ᠬᠠᠰᠢ ᠲᠠᠢ᠂ ᠰᠢᠷ᠎ᠠ ᠠᠮᠤ ᠲᠠᠢ᠂ ᠪᠣᠷᠴᠠ ᠲᠠᠢ᠂ ᠦᠷᠦᠮ᠎ᠡ ᠲᠠᠢ ᠲᠤᠭᠣᠭ᠎ᠠ ᠭᠡᠬᠦ᠌ ᠮᠨᠳᠦ ᠪᠡᠷ ᠲᠦᠷᠦᠯᠵᠢᠭᠦᠯᠦᠭᠰᠡᠡ᠎ᠢᠶᠡᠷ ᠪᠢᠳᠠ ᠪᠣᠷᠴᠠ᠎ᠶᠢᠨ ᠳᠡᠭᠡᠷ᠎ᠡ ᠦᠷᠦᠮ᠎ᠡ ᠬᠢᠭᠰᠡᠡ ᠲᠤᠭᠤᠭ᠎ᠠ᠎ᠶᠢ ᠨᠢ ᠠᠪᠣᠭᠰᠠᠠ ᠪᠦᠭᠡᠳ ᠠᠮᠲᠠ ᠨᠢ ᠴᠤᠬᠤᠮ ᠰᠠᠶ᠋ᠢᠬᠠᠨ ᠪᠠᠶ᠋ᠢᠭᠰᠠᠠ᠎ᠢ ᠶᠠᠭᠣᠨ ᠬᠡᠯᠡᠬᠦᠪ᠃ ᠡᠨᠡ ᠨᠢ ᠮᠦᠨ ᠴᠤ᠌ ᠨᠠᠳᠠ ᠳ᠋ᠤ  ᠬᠦᠨ ᠰᠠᠭᠤᠭᠳᠠᠯ ᠦᠯᠡᠳᠡᠬᠡᠭᠰᠡᠡ ᠮᠦᠷᠳᠡᠬᠡᠨ ᠨᠤᠳᠤᠭ᠎ᠤᠰᠤᠨ᠎ᠳᠠᠭᠠᠨ ᠢᠢᠮᠤᠷᠬᠦᠤ ᠰᠢᠨ᠎ᠠ ᠰᠡᠪᠡᠬᠦᠨ ᠬᠤᠭᠤᠯᠠ ᠵᠢ ᠰᠡᠳᠬᠢᠯ ᠲᠠᠯᠪᠢᠨ ᠬᠢᠵᠤ  ᠪᠠᠢᠭ᠎ᠠ ᠵᠠᠯᠠᠭᠤᠴᠤᠳ᠎ᠢ ᠪᠢᠰᠢᠷᠡᠭᠰᠡᠡ ᠪᠠᠢᠨ᠎ᠠ᠃



ᠦᠳᠡ ᠦᠩᠭᠡᠷᠡᠭᠡᠳ ᠪᠢᠳᠠ ᠭᠠᠯᠠᠭᠣᠳᠣ ᠪᠠᠯᠭᠠᠰᠤᠨ᠎ᠤ ᠪᠤᠵᠠᠢ ᠭᠠᠴᠠᠭᠠᠨ᠎ᠤ ᠮᠦᠷᠡᠨ᠎ᠦ ᠬᠢ᠎ᠶᠢ ᠴᠢᠭᠯᠡᠪᠡ᠃ 2024 ᠤᠨ᠎ᠳᠦ ᠭᠠᠯᠠᠭᠣᠳᠤ ᠪᠠᠯᠭᠠᠰᠤᠨ᠎ᠤ ᠪᠣᠵᠠᠢ ᠭᠠᠴᠠᠭᠠᠨ᠎ᠳᠤ ᠪᠣᠯᠣᠭᠰᠠᠠ ᠭᠢᠨᠢᠰ᠎ᠦᠨ ᠲᠡᠮᠳᠡᠭᠯᠡᠯ᠎ᠢ ᠡᠭᠦᠳᠦᠭᠰᠡᠡ 9.48 ᠳᠡᠭᠰᠢ ᠳᠦᠷᠪᠡᠯᠵᠢᠨ ᠮᠸᠲᠷ᠎ᠦᠨ ᠲᠠᠯᠠᠪᠠᠢ ᠲᠠᠢ ᠦᠷᠦᠮ᠎ᠡ᠎ᠶᠢ ᠮᠦᠷᠡᠨ ᠭᠣᠸᠠᠢ ᠬᠢᠭᠰᠡᠡ ᠪᠠᠢᠵᠠᠢ᠃ ᠬᠦᠦ ᠨᠢ ᠬᠡᠵᠤ ᠳᠦᠩᠭᠡᠵᠢ ᠶᠡᠬᠡ ᠰᠤᠷᠭᠠᠭᠣᠯᠢ ᠪᠡᠨ ᠲᠡᠭᠦᠰᠦᠭᠰᠡᠡ ᠠᠵᠢᠯᠴᠢ ᠭᠠᠩᠭᠠᠩ ᠵᠠᠯᠠᠭᠤ ᠪᠢᠳᠠᠨ᠎ᠢ ᠳᠠᠭᠠᠭᠣᠯᠣᠨ ᠠᠵᠢᠯᠯᠠᠬᠣ ᠦᠷᠦᠭᠡ ᠪᠡᠨ ᠲᠠᠨᠢᠯᠴᠠᠭᠣᠯᠪᠠ᠃ ᠡᠨᠡ ᠵᠠᠯᠠᠭᠣ ᠶᠡᠬᠡ ᠰᠤᠷᠭᠠᠭᠣᠯᠢ᠎ᠪᠡᠨ ᠲᠡᠭᠦᠰᠬᠡᠭᠰᠡᠡ᠎ᠤ ᠳᠠᠷᠠᠭ᠎ᠠ ᠭᠠᠳᠠᠭᠠᠳᠤ᠎ᠳᠦ ᠰᠤᠷᠣᠯᠴᠠᠬᠣ ᠬᠦᠰᠡᠯ ᠲᠠᠢ ᠪᠠᠶ᠋ᠢᠭᠰᠠᠠ ᠪᠣᠯᠪᠠᠴᠣ ᠠᠷᠣ ᠭᠡᠷ᠎ᠲᠡᠬᠡᠨ ᠲᠠᠳᠠᠭᠳᠠᠵᠤ᠂ ᠬᠦᠰᠡᠯ ᠮᠦᠷᠤᠬᠡᠳᠤᠯ ᠵᠢᠠᠨ ᠲᠠᠶᠠᠭᠳᠠᠵᠤ᠂ ᠨᠤᠳᠤᠭ ᠲᠠᠭᠠᠨ ᠪᠤᠴᠠᠨ ᠠᠪᠤ ᠡᠵᠢ ᠪᠡᠨ ᠬᠠᠪᠰᠤᠷᠬᠤ ᠵᠢᠨ ᠬᠠᠮᠳᠤ ᠦᠪᠡᠷ᠎ᠤᠨ ᠠᠵᠢᠯ ᠤᠢᠯᠠᠰ ᠵᠢᠠᠨ ᠪᠤᠰᠬᠠᠵᠤ ᠮᠡᠷᠠᠢᠵᠤ ᠪᠠᠢᠬᠤ ᠨᠢ ᠢᠯᠡᠬᠡᠨ ᠬᠠᠷᠠᠭᠳᠠᠵᠤ ᠪᠠᠢᠬᠰᠠᠠ ᠶᠤᠮ᠃



《ᠮᠠᠨ᠎ᠤ ᠬᠢᠨ ᠡᠳᠦᠷ ᠪᠦᠷᠢ ᠬᠤᠶᠠᠷ ᠮᠢᠩᠭᠠᠨ ᠲᠤᠭᠤᠭ᠎ᠠ ᠦᠷᠦᠮ᠎ᠡ ᠬᠦᠭᠡᠷᠦᠭᠦᠯᠳᠡᠭ ᠪᠦᠭᠡᠳ ᠡᠬᠡᠳᠡᠭᠰᠡᠡ ᠰᠦ ᠪᠡᠷ ᠨᠢ ᠱᠦᠭᠦᠮᠡᠯ ᠬᠢᠵᠦ᠍ ᠵᠢᠯ᠎ᠦᠨ ᠴᠡᠪᠡᠷ ᠣᠷᠣᠯᠭ᠎ᠠ ᠵᠠᠭᠤ ᠬᠤᠷᠢᠨ ᠲᠦᠮᠡ᠎ᠶᠢ ᠳᠠᠪᠠᠳᠠᠭ》ᠬᠡᠵᠤ ᠮᠦᠷᠡᠨ ᠪᠠᠶᠠᠷᠳᠠᠢᠬᠠᠨ ᠪᠢᠳᠠᠨ᠎ᠳᠤ ᠶᠠᠷᠢᠨ᠎ᠠ᠃ ᠶᠠᠮᠠᠷ ᠴᠤ᠌ ᠶᠡᠬᠡ ᠤᠷᠣᠯᠭ᠎ᠠ ᠲᠠᠢ ᠠᠶ᠋ᠢᠯ ᠪᠤᠢ ᠭᠡᠬᠦ᠌᠎ᠡᠴᠡ ᠵᠠᠯᠠᠭᠣ ᠬᠦᠮᠦᠨ᠎ᠦ ᠴᠤᠬ ᠵᠤᠯᠪᠤᠭ᠎ᠠ᠂ ᠦᠭᠡ ᠶᠠᠷᠢᠶ᠎ᠠ ᠡᠴᠨ ᠨᠢ ᠬᠤᠯᠠ ᠵᠢᠨ ᠬᠠᠷᠠᠯᠳᠠ ᠲᠠᠢ᠂ ᠨᠠᠷᠢᠨ ᠲᠦᠰᠦᠪ ᠲᠦᠯᠦᠪᠯᠡᠬᠡ ᠲᠠᠢ ᠪᠠᠢᠬᠤ ᠵᠢ ᠦᠵᠡᠨ ᠭᠠᠷᠴᠤ ᠪᠤᠯᠤᠨ᠎ᠠ᠃ 2017 ᠤᠨ᠎ᠳᠤ  ᠮᠦᠷᠠᠨ ᠬᠡᠷᠬᠡᠢ ᠲᠠᠢ ᠪᠡᠨ ᠶᠠᠭᠤ ᠨᠢᠬᠡ ᠵᠢ ᠬᠢᠶ᠎ᠠ ᠬᠡᠵᠤ ᠪᠤᠳᠤᠵᠤ ᠪᠤᠳᠤᠭᠠᠳ ᠬᠠᠰᠢᠯᠠ ᠦᠪᠡᠷ᠎ᠤᠨ ᠬᠠᠮᠤᠭ᠎ᠤᠨ ᠰᠠᠢᠨ ᠬᠢᠵᠤ ᠴᠢᠳᠠᠳᠠᠭ ᠴᠠᠭᠠᠨ ᠢᠳᠡᠬᠡ ᠬᠢᠵᠤ ᠪᠤᠷᠤᠯᠠᠭᠤᠯᠬᠤ ᠪᠡᠷ ᠰᠢᠢᠳᠴᠠᠢ᠃ ᠮᠦᠨ ᠵᠢᠯ᠎ᠳ᠋ᠡᠬᠡᠨ 120 ᠭᠠᠷᠣᠢ ᠲᠦᠮᠡᠨ ᠲᠦᠭᠦᠷᠢᠭ᠎ᠦᠨ ᠪᠡᠯᠡ ᠣᠷᠣᠭᠣᠯᠣᠨ ᠰᠠᠭᠣᠷᠢ ᠪᠦᠳᠦᠭᠡᠨ ᠪᠠᠶ᠋ᠢᠭᠣᠯᠣᠯᠳᠠ ᠬᠢᠵᠦ᠍᠂ ᠤᠳᠤᠬᠠᠨ ᠪᠤᠯᠬᠤ᠎ᠳᠤ ᠴᠠᠭᠠᠨ ᠢᠳᠡᠭᠡ ᠪᠤᠷᠤᠯᠠᠭᠤᠯᠤᠨ ᠬᠤᠳᠠᠯᠳᠤᠵᠤ ᠨᠠᠢ᠍ᠮᠠ ᠶᠢᠰᠦᠨ ᠵᠢᠯ᠎ᠦᠨ ᠨᠢᠭᠤᠷ᠎ᠢ ᠦᠵᠡᠵᠤ ᠪᠠᠢᠬᠤ ᠳᠤᠯᠠ ᠬᠦᠴᠢᠷ᠎ᠢ ᠲᠠᠪᠠᠨ ᠰᠡᠯᠬᠢ ᠵᠢ ᠰᠦᠷᠤᠨ᠂ ᠵᠠᠬ᠎ᠠ ᠲᠡᠯᠬᠡᠬᠦᠷ ᠲᠤ᠌ ᠳᠤᠬᠢᠷᠠᠭᠰᠠᠠ ᠠᠷᠭ᠎ᠠ ᠵᠠᠮ ᠵᠢᠠᠨ ᠤᠯᠵᠤ ᠴᠢᠷᠮᠠᠢᠨ ᠤᠷᠤᠭᠰᠢᠯᠠᠵᠤ ᠶᠠᠪᠤᠨ᠎ᠠ᠃

ᠨᠤᠳᠤᠭ᠎ᠤᠨ ᠤᠳᠣᠨ ᠰᠣᠳᠣᠨ ᠪᠤᠯᠣᠭᠰᠠᠠ ᠲᠣᠨᠠᠯ ᠴᠠᠭᠠᠨ ᠢᠳᠡᠭᠡᠨ᠎ᠦ ᠵᠠᠬ᠎ᠠ᠎ᠳᠤ ᠪᠠᠰᠠ ᠤᠯᠠᠨ ᠰᠢᠨ᠎ᠡ ᠪᠦᠳᠦᠭᠡᠭᠳᠡᠬᠦᠨ᠂ ᠰᠢᠨ᠎ᠡ ᠰᠦᠪᠡᠭᠴᠢᠯᠡᠯᠳᠡ ᠬᠢᠵᠦ᠍ ᠪᠠᠶ᠋ᠢᠭ᠎ᠠ ᠨᠢ ᠶᠡᠬᠡ ᠪᠢᠰᠢᠷᠡᠭᠦᠰᠢᠳᠡᠢ ᠶᠤᠮ᠃ ᠦᠨᠤ ᠠᠶ᠋ᠢᠯ ᠡᠳᠦᠷ ᠪᠦᠷᠢ ᠬᠤᠶᠠᠷ ᠮᠢᠩᠭ᠎ᠠ ᠭᠠᠷᠤᠢ ᠲᠤᠭᠤᠭ᠎ᠠ ᠦᠷᠦᠮ᠎ᠡ ᠬᠦᠭᠡᠷᠦᠭᠦᠯᠳᠡᠭ ᠪᠦᠭᠡᠳ ᠴᠠᠭᠠᠨ ᠢᠳᠡᠭᠡᠨ ᠡᠴᠨ ᠭᠠᠳᠠᠨ᠎ᠠ ᠪᠤᠰᠤᠳ ᠪᠣᠷᠣᠯᠠᠭᠣᠯᠣᠯᠳᠠ ᠪᠡᠷ ᠨᠢᠭᠡ ᠵᠢᠯ᠎ᠦᠨ ᠴᠡᠪᠡᠷ ᠣᠷᠣᠯᠭ᠎ᠠ ᠨᠢ ᠳᠠᠯᠠᠨ ᠲᠦᠮᠡᠨ ᠲᠦᠭᠦᠷᠢᠭ᠎ᠢ ᠳᠠᠪᠠᠳᠠᠭ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面