2026-10-31 16:21:17
ᠨᠠᠮᠤᠷᠤᠨ ᠰᠢᠷᠭᠠᠯ ᠤᠯᠠᠷᠢᠯᠳᠤ ᠠᠭᠤᠷ ᠠᠮᠢᠰᠬᠤᠯ ᠬᠦᠢᠳᠡᠷᠡᠨ᠂ ᠤᠳᠠᠯ ᠦᠬᠡᠢ ᠬᠦᠢᠳᠡᠨᠤ ᠡᠷᠴᠢ ᠴᠢᠩᠭᠠᠷᠠᠬᠤ ᠨᠢ ᠡ ᠁ ᠬᠡᠵᠤ ᠪᠤᠳᠤᠨ ᠪᠤᠳᠤᠬᠰᠠᠭᠠᠷ ᠪᠢᠷ ᠵᠢᠠᠨ ᠪᠠᠷᠢᠵᠤ ᠴᠠᠭᠠᠰᠤ ᠪᠡᠨ ᠲᠡᠯᠭᠡᠠ ᠶᠠᠭᠤ ᠨᠢᠬᠡ ᠵᠢ ᠪᠢᠴᠢᠬᠦ ᠵᠢ ᠰᠠᠨᠠᠯ᠎ᠠ᠃
ᠮᠢᠨᠤ ᠡᠵᠢ ᠵᠢᠨ ᠤᠤᠯ ᠨᠡᠷ᠎ᠡ ᠵᠢ ᠬᠠᠷᠠᠡᠦ᠋ᠬᠢᠨ ᠭᠡᠳᠡᠭ᠃ ᠬᠤᠵᠢᠮ ᠨᠢ ᠠᠢᠯᠤᠨ ᠪᠡᠷᠢ ᠪᠤᠯᠵᠦ᠍ ᠮᠦᠴᠢᠷᠮᠠ ᠭᠡᠳᠡᠭ ᠰᠢᠨ᠎ᠡ ᠨᠡᠷ᠎ᠡ ᠲᠠᠢ ᠪᠣᠯᠤᠭᠰᠠᠨᠡᠴᠠ ᠠᠶ᠋ᠢᠯ ᠠᠢᠮᠠᠭᠤᠨ ᠬᠢᠨ ᠪᠦᠷ ᠮᠦᠴᠢᠷᠮᠠ ᠪᠡᠷ ᠨᠢ ᠲᠠᠭᠤᠳᠠᠬᠤ ᠪᠤᠯᠵᠠᠢ᠃ ᠡᠨᠡ ᠨᠢ ᠮᠠᠨᠤ ᠨᠤᠲᠤᠭᠲᠤ᠌ ᠰᠢᠨ᠎ᠡ ᠪᠡᠷᠢᠳᠦ ᠪᠡᠯᠭᠡ ᠳᠡᠮᠪᠡᠷᠢᠯ ᠲᠠᠢ ᠰᠢᠨ᠎ᠡ ᠨᠡᠷ᠎ᠡ ᠥᠭᠳᠡᠭ ᠵᠠᠩᠰᠢᠯ ᠲᠠᠢ ᠡᠴᠡ ᠪᠤᠯᠤᠬᠰᠠᠨ ᠶᠤᠮ᠃

ᠬᠠᠢᠷᠠᠳᠤ ᠡᠵᠢ
ᠡᠵᠢ ᠮᠢᠨᠢ 1934 ᠤᠨ ᠳ᠋ᠤ ᠤᠳᠤ ᠶ᠋ᠢᠨ ᠠᠷᠤ ᠬᠤᠷᠴᠢᠨ ᠬᠤᠰᠢᠭᠤᠨ ᠤ᠋ ᠪᠠᠶᠠᠨᠪᠤᠯᠠᠭ ᠰᠤᠮᠤ ᠶ᠋ᠢᠨ ᠪᠤᠷᠬᠠᠨᠳᠤ ᠶ᠋ᠢᠨ ᠠᠶ᠋ᠢᠯᠤᠨ ᠷᠤᠯᠭᠠᠷ ᠰᠸᠵᠢᠮᠠ ᠶ᠋ᠢᠨ ᠦᠬᠢᠨ ᠪᠤᠯᠤᠨ ᠵᠠᠶᠠᠭᠠᠵᠠᠢ᠃ ᠡᠵᠢ ᠵᠢ ᠲᠦᠷᠪᠡᠨ ᠨᠠᠰᠤᠳᠠᠢ ᠪᠠᠶ᠋ᠢᠬᠤ ᠳ᠋ᠤᠨᠢ ᠨᠠᠭᠠᠴᠤ᠌ ᠡᠪᠦᠭᠡ ᠡᠮᠡᠭᠡ ᠬᠤᠶᠠᠭᠤᠯᠠ ᠤᠷᠤᠭ ᠰᠠᠯᠤᠭᠰᠠᠨ ᠡᠴᠡ ᠨᠠᠭᠠᠴᠤ᠌ ᠡᠮᠡᠭᠡ ᠵᠢ ᠲᠠᠭᠠᠵᠤ ᠤᠳᠤ ᠶ᠋ᠢᠨ ᠪᠠᠶᠠᠡᠡᠦ᠋ᠨᠳᠦᠷ ᠰᠤᠮᠤ ᠶ᠋ᠢᠨ ᠬᠡᠷᠡᠮᠤᠨ ᠠᠶ᠋ᠢᠯ ᠤ᠋ᠨ ᠦᠯᠵᠡᠢ ᠭᠡᠰᠡᠨ ᠬᠦᠮᠦᠨ ᠲᠠᠢ ᠠᠶ᠋ᠢᠯ ᠬᠡᠷ ᠪᠤᠯᠤᠨ ᠠᠮᠢᠳᠤᠷᠠᠵᠠᠢ᠃ ᠡᠵᠢ ᠮᠢᠨᠢ ᠪᠠᠭ᠎ᠠ ᠳ᠋ᠠᠭᠠᠨ ᠬᠤᠨᠢ ᠢᠮᠠᠭ᠎ᠠ ᠬᠠᠷᠢᠭᠤᠯᠵᠦ᠍᠂ ᠠᠳᠤᠭᠤ ᠮᠠᠯ ᠳ᠋ᠤ ᠶᠠᠪᠤᠬᠤ᠂ ᠠᠷᠭᠠᠯ ᠲᠦᠯᠡᠰᠢ ᠠᠪᠬᠤ᠂ ᠦᠨᠢᠶ᠎ᠡ ᠰᠠᠭᠠᠵᠦ᠍ ᠬᠤᠷᠤᠳ ᠬᠢᠬᠦ᠂ ᠦᠢᠯᠡ ᠤᠶᠤᠳᠠᠯ ᠤᠶᠤᠬᠤ ᠠᠵᠢᠯᠤᠳᠢ ᠵᠠᠪᠳᠤᠬᠤ ᠵᠢᠨ ᠵᠢᠡᠨ ᠬᠢᠷᠢ ᠪᠡᠷ ᠬᠢᠵᠦ᠍ ᠯᠡ ᠢᠷᠡᠭᠰᠡᠨ ᠭᠡᠳᠡᠭ᠃
ᠮᠠᠨᠤ ᠬᠢᠨ 1964 ᠤᠨ ᠪᠤᠯᠳᠠᠯ᠎ᠠ ᠵᠤᠰᠠᠯᠠᠩ ᠳ᠋ᠤ ᠭᠠᠷᠳᠠᠭ ᠪᠠᠶ᠋ᠢᠵᠠᠢ᠃ ᠲᠡᠷᠡ ᠦᠶ᠎ᠡ ᠶ᠋ᠢᠨ ᠵᠤᠰᠠᠯᠠᠩ ᠳ᠋ᠤ ᠶᠠᠪᠤᠬᠤ ᠨᠢ ᠭᠡᠷ ᠡᠴᠡ ᠪᠠᠨ ᠬᠤᠶ᠋ᠢᠰᠢ ᠵᠠᠭᠤᠨ ᠭᠠᠵᠠᠷᠤ᠋ᠨ ᠨᠠᠭᠠᠭᠤᠷ ᠴᠠᠭᠠᠭᠤᠷ ᠴᠤᠷᠪᠠᠢ ᠬᠦᠨᠳᠡᠢ᠂ ᠢᠮᠠᠭᠠᠳᠤ᠂ ᠬᠠᠷ᠎ᠠ ᠮᠤᠳᠤ᠂ ᠰᠢᠷ᠎ᠠ ᠵᠠᠮᠤ᠋ᠨ ᠬᠦᠨᠳᠡᠢ ᠁ ᠵᠡᠷᠭᠡ ᠭᠠᠵᠠᠷ ᠵᠢᠡᠷ ᠵᠤᠰᠠᠳᠠᠭ ᠪᠠᠶ᠋ᠢᠭᠰᠠᠨ ᠶᠤᠮ᠃ ᠠᠪᠤ ᠮᠢᠨᠢ ᠵᠤᠰᠠᠭᠠᠯ ᠳ᠋ᠤ ᠮᠠᠯ ᠵᠢᠡᠨ ᠲᠠᠭᠤᠭᠠᠳ ᠶᠠᠪᠤᠪᠠᠯ ᠡᠵᠢ ᠮᠢᠨᠢ ᠦᠬᠡᠷ ᠲᠡᠷᠭᠡ ᠪᠠᠨ ᠬᠦᠳᠦᠯᠵᠦ᠍᠂ ᠭᠡᠷ ᠲᠡᠷᠭᠡ ᠬᠡᠦᠬᠡᠳ ᠱᠤᠤᠬᠠᠳ ᠵᠢᠡᠨ ᠬᠠᠷᠠᠵᠤ ᠬᠠᠮᠢᠶᠠᠷᠤᠭᠠᠳ ᠶᠠᠪᠤᠳᠠᠭ᠃ ᠬᠤᠨᠤᠭ ᠪᠠᠭᠤᠴᠠ ᠶ᠋ᠢᠨ ᠭᠠᠵᠠᠷ ᠬᠦᠷᠪᠡᠯ ᠠᠪᠤ ᠪᠡᠨ ᠬᠠᠪᠰᠤᠷᠴᠤ᠌ ᠮᠤᠩᠭᠤᠯ ᠭᠡᠷ ᠵᠢᠡᠨ ᠪᠤᠰᠬᠠᠬᠤ᠂ ᠰᠢᠪᠡᠷ ᠵᠢᠡᠷ ᠵᠤᠣᠬᠠ ᠪᠠᠷᠢᠬᠤ᠂ ᠲᠤᠭᠤᠯᠤ᠋ᠨ ᠬᠤᠷᠤᠭ᠎ᠠ ᠬᠠᠰᠢᠶ᠎ᠠ ᠪᠠᠷᠢᠬᠤ ᠠᠵᠢᠯ ᠳ᠋ᠤ ᠶᠠᠭᠠᠷᠠᠵᠦ᠍ ᠡᠭᠢᠯᠡᠨ᠎ᠡ᠃ ᠮᠤᠩᠭᠤᠯ ᠭᠡᠷ ᠲᠤ᠌ ᠵᠤᠣᠬᠠ ᠪᠠᠷᠢᠬᠤ ᠠᠵᠢᠯ ᠪᠤᠯ ᠶᠡᠬᠡ ᠤᠷ᠎ᠠ ᠲᠡᠮ ᠱᠠᠭᠠᠷᠳᠠᠭᠳᠠᠬᠤ ᠠᠵᠢᠯ ᠪᠠᠢᠪᠡ᠃ ᠨᠠᠩᠬᠢ ᠰᠢᠪᠠᠷ ᠤᠯᠵᠦ᠍ ᠵᠦᠭᠡᠯᠡᠨ ᠮᠦᠷᠳᠡᠭᠡᠨ ᠪᠦᠬᠡᠯᠢᠭ ᠡᠪᠡᠰᠤ ᠪᠡᠷ ᠠᠭᠰᠢᠭᠤᠨ ᠰᠢᠩᠭᠡᠨ ᠢ᠋ ᠨᠢ ᠲᠡᠩᠴᠡᠭᠦᠯᠦᠨ ᠵᠠᠭᠤᠷᠠᠨᠠ᠃ ᠲᠡᠭᠡᠷ᠎ᠡ ᠨᠢ ᠲᠠᠯᠪᠢᠬᠤ ᠲᠤᠭᠤᠭ᠎ᠠ ᠶ᠋ᠢᠨ ᠶᠡᠬᠡ ᠪᠠᠭ᠎ᠠ ᠲᠡᠢ ᠪᠠᠨ ᠲᠡᠩᠴᠡᠭᠦᠯᠵᠦ᠍ ᠵᠤᠣᠬᠠ ᠪᠠᠨ ᠪᠠᠷᠢᠨ᠎ᠠ᠃ ᠵᠤᠤᠬᠠᠨ ᠬᠤᠭᠤᠯᠠᠢ᠂ ᠤᠳᠤᠭᠠᠨ ᠰᠤᠷᠤᠭᠤᠯ ᠢ᠋ ᠡᠪ ᠲᠡᠮᠲᠠᠢ ᠭᠠᠷᠭᠠᠨ᠎ᠠ᠃ ᠵᠤᠣᠬᠠᠨ ᠲᠡᠭᠡᠷ᠎ᠡ ᠪᠠᠨ ᠪᠤᠳᠠᠭ᠎ᠠ ᠨᠤᠭᠤᠭ᠎ᠠ ᠴᠢᠨᠠᠬᠤ᠂ ᠬᠤᠷᠤᠳ ᠬᠢᠬᠦ᠂ ᠰᠢᠷ᠎ᠠ ᠤᠰᠤ ᠪᠠᠨ ᠪᠤᠯᠭᠤᠭᠠᠵᠦ᠍ ᠠᠶ᠋ᠢᠷᠠᠭ ᠬᠢᠬᠦ᠂ ᠮᠢᠬ᠎ᠠ ᠴᠢᠨᠠᠵᠦ᠍ ᠴᠠᠢ ᠪᠤᠴᠠᠯᠭᠠᠬᠤ ᠵᠡᠷᠭᠡ ᠠᠵᠢᠯᠢ ᠬᠦᠢᠴᠡᠳᠭᠡᠳᠡᠭ ᠪᠠᠶ᠋ᠢᠯ᠎ᠠ᠃ ᠨᠠᠮ᠎ᠠ ᠵᠢ ᠠᠷᠪᠠᠨ ᠬᠡᠳᠦ ᠪᠤᠯᠳᠠᠯ᠎ᠠ ᠪᠦᠷ ᠮᠤᠩᠭᠤᠯ ᠭᠡᠷ ᠲᠡᠭᠡᠨ ᠰᠢᠪᠠᠷ ᠵᠤᠣᠬᠠ ᠪᠡᠨ ᠬᠡᠷᠡᠭᠯᠡᠭᠰᠡᠬᠡᠷ ᠢᠷᠡᠵᠠᠢ᠃
ᠲᠤᠬᠠᠢ ᠶ᠋ᠢᠨ ᠦᠶ᠎ᠡ ᠳ᠋ᠤ ᠮᠠᠨᠤ ᠳ᠋ᠤ ᠡᠪᠦᠭᠡ᠂ ᠡᠮᠡᠭᠡ᠂ ᠡᠮᠡᠭᠡ ᠵᠢᠨ ᠡᠭᠡᠴᠢ ᠭᠤᠷᠪᠠᠨ ᠨᠠᠰᠤᠳᠠᠨ ᠲᠠᠢ ᠪᠠᠶ᠋ᠢᠯ᠎ᠠ᠃ ᠡᠮᠡᠭᠡ ᠵᠢᠨ ᠡᠭᠡᠴᠢ ᠵᠢ ᠠᠷᠪᠠᠨ ᠨᠢᠭᠡᠨ ᠨᠠᠰᠤᠳᠠᠢ ᠪᠠᠶ᠋ᠢᠬᠤ ᠳ᠋ᠤᠨᠢ ᠨᠢᠳᠦ ᠨᠢ ᠡᠪᠡᠳᠴᠤ᠂ ᠡᠮᠴᠢ ᠪᠡᠷ ᠦᠵᠡᠭᠦᠯᠬᠦ᠌ ᠳ᠋ᠤ ᠲᠡᠷᠡ ᠡᠮᠴᠢ ᠨᠢ ᠵᠠᠰᠠᠵᠦ᠍ ᠪᠠᠶ᠋ᠢᠭᠠᠳ ᠲᠠᠭ ᠰᠤᠬᠤᠷ ᠪᠤᠯᠭᠠᠴᠢᠬᠠᠯᠠ ᠭᠡᠳᠡᠭ᠃ ᠳᠡᠭᠡᠭᠡᠳ ᠨᠢᠭᠡ ᠨᠠᠰᠤᠨ᠎ᠠ ᠬᠤᠷᠢᠮ ᠬᠢᠵᠦ᠍ ᠬᠠᠷᠢᠳᠤ ᠮᠤᠷᠳᠠᠭ᠎ᠠ ᠦᠭᠡᠢ᠂ ᠬᠡᠦᠬᠡᠨ ᠲᠡᠭᠦᠦ ᠪᠠᠨ ᠲᠠᠭᠠᠵᠦ᠍ ᠪᠢᠳᠠᠨ ᠲᠠᠢ ᠬᠠᠮᠳᠤ ᠠᠮᠢᠳᠤᠷᠠᠭᠰᠠᠭᠠᠷ ᠢᠷᠡᠵᠠᠢ᠃ ᠡᠵᠢ ᠮᠢᠨᠢ ᠡᠨᠡ ᠭᠤᠷᠪᠠᠨ ᠨᠠᠰᠤᠳᠠᠨ ᠵᠢᠡᠨ ᠪᠤᠷᠬᠠᠨ ᠪᠤᠯᠳᠠᠯ᠎ᠠ ᠠᠰᠠᠷᠠᠨ ᠬᠠᠷᠠᠭᠠᠯᠵᠠᠵᠦ᠍᠂ ᠢᠳᠡᠭᠡᠨᠤ᠋ ᠲᠡᠭᠡᠵᠢ ᠪᠠᠨ ᠪᠠᠷᠢᠵᠦ᠍᠂ ᠦᠨᠡᠨᠤ᠋ ᠭᠠᠵᠠᠷ ᠳᠤᠨᠢ ᠰᠠᠶ᠋ᠢᠬᠠᠨ ᠮᠤᠷᠳᠠᠭᠤᠯᠤᠭᠰᠠᠨ ᠶᠤᠮ᠃ ᠨᠠᠭᠠᠴᠤ᠌ ᠡᠵᠢ ᠵᠢ ᠴᠤ᠌ ᠡᠵᠢ ᠮᠢᠨᠢ ᠭᠡᠷ ᠲᠡᠬᠡᠨ ᠲᠤᠰᠤᠨ ᠠᠪᠴᠢᠷᠠᠵᠦ᠍ ᠠᠴᠢᠯᠠᠵᠦ᠍ ᠠᠰᠠᠷᠠᠵᠤ ᠪᠠᠶ᠋ᠢᠭᠠᠳ ᠨᠠᠰᠤ ᠪᠠᠷᠠᠵᠠᠢ᠃
ᠰᠤᠶᠤᠯᠤ᠋ᠨ ᠬᠤᠪᠢᠰᠬᠠᠯᠤ᠋ᠨ ᠦᠶ᠎ᠡ ᠳ᠋ᠤ ᠠᠮᠤ ᠪᠤᠳᠠᠭ᠎ᠠ ᠵᠢ ᠲᠤᠭᠳᠠᠭᠠᠯ ᠶᠤᠰᠤᠭᠠᠷ ᠨᠢᠭᠡᠳᠦᠯᠳᠡᠢ ᠬᠠᠩᠭᠠᠳᠠᠭ ᠡᠴᠡ ᠮᠠᠨᠤ ᠬᠢᠨᠳᠤ ᠭᠤᠴᠢᠨ ᠲᠠᠪᠤᠨ ᠵᠢᠩᠤ᠋ᠨ ᠬᠠᠷ᠎ᠠ ᠪᠤᠳᠠᠭ᠎ᠠ ᠬᠤᠪᠢᠶᠠᠷᠢᠯᠠᠵᠦ᠍᠂ ᠪᠠᠷᠤᠭ ᠨᠢ ᠡᠷᠳᠡᠨᠢ ᠰᠢᠰᠢ ᠪᠡᠷ ᠭᠤᠣᠯᠳᠠᠭᠤᠯᠵᠦ᠍ ᠪᠠᠶ᠋ᠢᠵᠠᠢ᠃ ᠬᠦᠳᠡᠯᠮᠦᠷᠢ ᠬᠦᠴᠦ᠍ ᠤᠯᠠᠨᠲᠠᠢ᠂ ᠬᠡᠦᠬᠡᠳ ᠪᠠᠭᠠᠲᠠᠢ ᠠᠶ᠋ᠢᠯ ᠪᠦᠯᠢ ᠶ᠋ᠢᠨ ᠰᠠᠷ᠎ᠠ ᠶ᠋ᠢᠨ ᠪᠤᠳᠠᠭ᠎ᠠ ᠨᠢ ᠬᠦᠷᠬᠦ᠌ ᠦᠭᠡᠢ ᠲᠤᠳᠠᠳᠠᠭ ᠪᠠᠶ᠋ᠢᠵᠠᠢ᠃ ᠮᠠᠨᠤ ᠬᠢᠨ ᠪᠤᠯ ᠬᠦᠮᠦᠨ ᠠᠮᠠ ᠤᠯᠠᠨ ᠬᠡᠬᠦᠳᠤ ᠨᠢᠯᠬ᠎ᠠ ᠬᠡᠦᠬᠡᠳ ᠴᠤ᠌ ᠤᠯᠠᠨ ᠪᠤᠯᠬᠤᠷ ᠪᠤᠳᠠᠭ᠎ᠠ ᠲᠤᠳᠠᠳᠠᠭ ᠦᠭᠡᠢ ᠮᠦᠷᠳᠡᠭᠡᠨ ᠦᠯᠡᠳᠡᠪᠦᠷᠢ ᠲᠠᠢ ᠠᠶ᠋ᠢᠯᠤ᠋ᠨ ᠨᠢᠭᠡ ᠨᠢ ᠪᠠᠶ᠋ᠢᠭᠰᠠᠨ ᠶᠤᠮ᠃ ᠬᠡᠪᠡᠴᠤ ᠵᠠᠷᠢᠮ ᠠᠢᠯ ᠰᠠᠷ᠎ᠠ ᠶ᠋ᠢᠨ ᠪᠤᠳᠠᠭ᠎ᠠ ᠨᠢ ᠰᠠᠷᠠᠳᠠᠭᠠᠨ ᠬᠦᠢᠴᠡᠬᠦ᠌ ᠦᠭᠡᠢ ᠲᠤᠳᠠᠳᠠᠭ ᠡᠴᠨ ᠡᠵᠢ ᠮᠢᠨᠢ ᠲᠡᠳᠡ ᠨᠡᠷ ᠲᠤ᠌ ᠦᠷᠬᠦᠯᠵᠢ ᠢᠳᠡᠬᠦ᠌ ᠶᠠᠭᠤᠮ᠎ᠠ ᠪᠡᠨ ᠨᠢᠭᠤᠯ ᠦᠬᠡᠢ ᠦᠭᠴᠤ᠂ ᠪᠤᠶᠠᠨ ᠤᠢᠯᠠᠳᠴᠤ ᠪᠤᠰᠤᠳ ᠢ᠋ ᠲᠤᠰᠠᠯᠠᠵᠦ᠍ ᠲᠡᠮᠵᠢᠭᠰᠡᠡ ᠦᠯᠢᠭᠡᠷ ᠤᠴᠠᠷᠠᠯ ᠨᠢ ᠠᠶ᠋ᠢᠯ ᠠᠢᠮᠠᠭ ᠲᠠᠭᠠᠨ ᠨᠠᠷᠠ ᠠᠯᠳᠠᠷ ᠲᠠᠢ ᠶᠤᠮ᠃

ᠠᠴᠢᠯᠠᠯᠳᠤ ᠡᠵᠢ ᠠᠪᠤ ᠬᠤᠶᠠᠷ
ᠮᠢᠨᠤ ᠡᠵᠢ ᠶᠡᠬᠡ ᠠᠵᠢᠯᠴᠢ ᠬᠦᠳᠡᠯᠮᠦᠷᠢᠴᠢ ᠬᠦᠮᠦᠨ ᠶᠤᠮ᠃ ᠭᠤᠷᠪᠠᠨ ᠡᠷᠢᠨᠤ᠋ ᠬᠤᠭᠤᠯᠠ ᠪᠤᠳᠠᠭ᠎ᠠ ᠵᠢ ᠬᠢᠬᠦ᠌ ᠡᠴᠡ ᠭᠠᠳᠠᠨ᠎ᠠ ᠦᠨᠢᠶ᠎ᠡ ᠰᠠᠭᠠᠬᠤ᠂ ᠬᠤᠷᠤᠳ ᠬᠢᠬᠦ᠂ ᠤᠶᠤᠵᠦ᠍ ᠲᠤᠪᠬᠢᠬᠤ ᠭᠡᠳ ᠯᠡ ᠡᠳᠦᠷᠵᠢᠨ ᠶᠠᠪ ᠶᠠᠭᠠᠷᠠᠤ᠃ ᠵᠠᠷᠢᠮᠳ᠋ᠠᠭᠠᠨ ᠡᠷᠳᠡ ᠶ᠋ᠢᠨ ᠴᠠᠢ ᠡᠴᠡ ᠡᠮᠦᠨ᠎ᠡ ᠤᠭᠤᠷ ᠵᠢᠡᠷ ᠬᠠᠭᠤᠷᠤᠭᠰᠠᠨ ᠪᠤᠳᠠᠭ᠎ᠠ ᠪᠠᠨ ᠨᠦᠳᠦᠵᠦ᠍ ᠴᠠᠶ᠋ᠢᠯᠭᠠᠳᠠᠭ ᠪᠠᠶ᠋ᠢᠭᠰᠠᠨ ᠶᠤᠮ᠃ ᠠᠮᠤ ᠬᠦᠨᠡᠰᠦ ᠵᠢ ᠬᠠᠩᠭᠠᠵᠦ᠍ ᠠᠮᠢᠳᠤᠷᠠᠯᠤ᠋ᠨ ᠲᠡᠦᠬᠡ ᠵᠢ ᠲᠡᠮᠳᠡᠭᠯᠡᠵᠦ᠍ ᠶᠠᠪᠤᠭᠰᠠᠨ ᠲᠡᠷᠡ ᠤᠭᠤᠷ ᠵᠢᠡᠨ ᠪᠢᠳᠡ 1998 ᠤᠨᠤ᠋ ᠶᠡᠬᠡ ᠦᠶᠡᠷᠤ᠋ᠨ ᠵᠢᠯᠳᠤ ᠭᠡᠭᠡᠴᠢᠬᠡᠭᠰᠡᠨ ᠶᠤᠮ᠃ ᠬᠠᠭᠤᠷᠤᠭᠰᠠᠨ ᠪᠤᠳᠠᠭ᠎ᠠ ᠭᠠᠷᠭᠠᠬᠤ ᠳ᠋ᠤ ᠪᠤᠳᠠᠭ᠎ᠠ ᠪᠠᠨ ᠬᠦᠬᠡᠯᠬᠡᠬᠦ᠂ ᠪᠤᠳᠠᠭ᠎ᠠ ᠪᠠᠨ ᠬᠠᠭᠤᠷᠬᠤ ᠵᠢ ᠲᠤᠬᠢᠷᠠᠭᠤᠯᠵᠦ᠍ ᠴᠢᠳᠠᠬᠤ ᠨᠢ ᠪᠤᠳᠠᠭᠠᠨᠤ᠋ ᠦᠩᠭᠡ᠂ ᠬᠠᠳᠠᠭᠤ ᠵᠦᠭᠡᠯᠡᠨ᠂ ᠠᠮᠳᠠ ᠰᠢᠮᠳᠠ ᠲᠠᠢ ᠰᠢᠭᠤᠳ ᠬᠤᠯᠪᠤᠭᠳᠠᠨ᠎ᠠ᠃ ᠡᠵᠢ ᠮᠢᠨᠢ ᠬᠠᠭᠤᠷᠤᠭᠰᠠᠨ ᠪᠤᠳᠠᠭ᠎ᠠ ᠭᠠᠷᠭᠠᠬᠤᠳᠠᠭᠠᠨ ᠨᠤᠳᠤᠭ ᠤᠰᠤᠨᠳᠠᠭᠠᠨ ᠨᠡᠷ᠎ᠠ ᠠᠯᠳᠠᠷᠲᠠᠢ ᠪᠤᠯᠬᠤᠷ ᠬᠠᠮᠳᠤ ᠨᠡᠶ᠋ᠢᠳᠡ ᠶ᠋ᠢᠨ ᠪᠤᠳᠠᠭ᠎ᠠ ᠵᠢ ᠤᠯᠠᠨ ᠬᠠᠭᠤᠷᠴᠤ᠌ ᠴᠠᠶ᠋ᠢᠯᠭᠠᠵᠦ᠍ ᠦᠭᠴᠤ᠌ ᠪᠠᠶ᠋ᠢᠭᠰᠠᠨ ᠶᠤᠮ᠃ ᠲᠡᠷᠡ ᠦᠶ᠎ᠡ ᠳ᠋ᠤ ᠲᠦᠭᠦᠬᠡᠢ ᠪᠤᠳᠠᠭ᠎ᠠ ᠪᠠᠨ ᠳ᠋ᠸᠤ ᠪᠡᠷ ᠬᠡᠮᠵᠢᠵᠦ᠍ ᠦᠭᠭᠦᠨ᠎ᠡ᠃ ᠬᠠᠭᠤᠷᠤᠭᠰᠠᠨ ᠪᠤᠳᠠᠭ᠎ᠠ ᠪᠠᠨ ᠲᠡᠭᠡᠷᠮ᠎ᠡ ᠲᠡᠭᠡᠷ᠎ᠡ ᠴᠠᠶ᠋ᠢᠯᠭᠠᠵᠦ᠍ ᠪᠠᠷᠠᠪᠠᠯ ᠪᠠᠷᠢᠭᠠᠳᠠ ᠲᠡᠭᠡᠷ᠎ᠡ ᠤᠴᠢᠵᠦ᠍ ᠵᠢᠩᠯᠡᠵᠦ᠍ ᠦᠭᠭᠦᠨ᠎ᠡ᠃ ᠨᠢᠭᠡ ᠳ᠋ᠸᠤ ᠲᠦᠬᠦᠭᠡᠢ ᠪᠤᠳᠠᠭ᠎ᠠ ᠡᠴᠡ ᠬᠡᠳᠦᠢ ᠵᠢᠩᠤ᠋ᠨ ᠴᠠᠶ᠋ᠢᠯᠭᠠᠭᠰᠠᠨ ᠬᠠᠭᠤᠷᠤᠭᠰᠠᠨ ᠪᠤᠳᠠᠭ᠎ᠠ ᠠᠪᠬᠤ ᠨᠢ ᠲᠤᠭᠳᠠᠭᠠᠯ ᠲᠠᠢ ᠪᠠᠶ᠋ᠢᠵᠠᠢ᠃ ᠬᠡᠮᠵᠢᠶ᠎ᠡ ᠡᠴᠡ ᠢᠯᠡᠬᠦᠦ ᠭᠠᠷᠤᠭᠰᠠᠨ ᠬᠠᠭᠤᠷᠤᠭᠰᠠᠨ ᠪᠤᠳᠠᠭ᠎ᠠ᠂ ᠠᠭᠠᠭ ᠨᠢ ᠪᠦᠷ ᠪᠤᠳᠠᠭ᠎ᠠ ᠭᠠᠷᠭᠠᠭᠰᠠᠨ ᠬᠦᠮᠦᠨᠤ᠋ ᠬᠢ ᠪᠤᠯᠳᠠᠭ᠃ ᠬᠦᠴᠦ᠍ ᠬᠦᠳᠡᠯᠮᠦᠷᠢ ᠶ᠋ᠢᠨ ᠬᠠᠷᠢᠭᠤ ᠳ᠋ᠤ ᠤᠯᠤᠭᠰᠠᠨ᠂ ᠵᠢᠩᠯᠡᠭᠡᠳ ᠬᠤᠪᠢᠨ ᠳ᠋ᠤ ᠤᠨᠤᠭᠳᠠᠭᠰᠠᠨ ᠲᠡᠷᠡ ᠬᠤᠪᠢ ᠮᠤᠩᠭᠤᠯ ᠠᠮᠤ ᠪᠠᠨ ᠡᠵᠢ ᠮᠢᠨᠢ ᠪᠦᠷ ᠡᠮᠡᠭᠡ ᠳ᠋ᠤ ᠮᠢᠨᠢ ᠢᠳᠡᠭᠦᠯᠳᠡᠭ ᠪᠠᠶ᠋ᠢᠪᠠ᠃ ᠲᠤᠬᠠᠢ ᠶ᠋ᠢᠨ ᠦᠶ᠎ᠡ ᠳ᠋ᠤ ᠪᠢᠳᠡ ᠪᠠᠷᠤᠭ ᠲᠠᠢ ᠳ᠋ᠤ ᠮᠤᠩᠭᠤᠯ ᠠᠮᠤ ᠤᠯᠵᠦ᠍ ᠬᠦᠷᠳᠡᠳᠡᠭ ᠦᠭᠡᠢ᠃ ᠤᠯᠠᠩᠬᠢ ᠳ᠋ᠠᠭᠠᠨ ᠨᠠᠷᠢᠮᠤ ᠶ᠋ᠢᠨ ᠬᠠᠭᠤᠷᠤᠭᠰᠠᠨ ᠪᠤᠳᠠᠭ᠎ᠠ ᠪᠤᠶᠤ ᠡᠷᠳᠡᠨᠢ ᠰᠢᠰᠢ ᠵᠢᠨ ᠵᠠᠷᠮ᠎ᠠ (ᠡᠷᠳᠡᠨᠢ ᠱᠢᠱᠢᠶᠢ ᠬᠠᠭᠤᠷᠴᠤ᠌ ᠳᠠᠯᠬᠠᠳᠠᠭᠰᠠᠨᠢ ᠬᠡᠯᠡᠨ᠎ᠡ᠂ ᠲᠦᠭᠦᠬᠡᠢᠶᠢ ᠨᠢ ᠭᠤᠯᠢᠷ ᠭᠡᠨ᠎ᠡ) ᠢᠳᠡᠳᠡᠭ ᠪᠠᠶ᠋ᠢᠵᠠᠢ᠃ ᠲᠠᠭᠠᠭᠠᠴᠢᠯᠠᠯᠳᠠ ᠶ᠋ᠢᠨ ᠲᠦᠷᠢᠮ ᠢ᠋ ᠬᠡᠷᠡᠭᠵᠢᠭᠦᠯᠦᠭᠰᠡᠨᠤ᠋ ᠲᠠᠷᠠᠭ᠎ᠠ ᠮᠤᠩᠭᠤᠯ ᠠᠮᠤ ᠪᠠᠨ ᠴᠢᠯᠦᠭᠡᠳᠡᠢ ᠢᠳᠡᠬᠦ ᠪᠤᠯᠪᠠ᠃ ᠡᠬᠦᠨ ᠡᠴᠡ ᠭᠠᠳᠠᠨ᠎ᠠ ᠡᠮᠨᠢᠭ ᠰᠤᠷᠭᠠᠬᠤ᠂ ᠲᠡᠮᠡᠭᠡ ᠤᠨᠤᠬᠤ᠂ ᠠᠭᠤᠯᠠᠨ ᠳ᠋ᠤ ᠭᠠᠷᠴᠤ᠌ ᠲᠦᠯᠡᠭᠡ ᠲᠡᠬᠦᠬᠦ ᠵᠡᠷᠭᠡ ᠡᠷᠡᠴᠤᠳᠤ᠋ᠨ ᠬᠢᠳᠡᠭ ᠠᠵᠢᠯᠢ ᠠᠳᠠᠯᠢᠬᠠᠨ ᠬᠢᠵᠦ᠍᠂ ᠢᠮᠠᠭ᠎ᠠ ᠰᠠᠮᠨᠠᠬᠤᠳᠠᠭᠠᠨ ᠨᠠᠷᠠᠳᠠᠢ ᠬᠤᠷᠳᠤᠨ ᠪᠠᠶ᠋ᠢᠳᠠᠭ᠃ ᠰᠠᠮᠨᠠᠭᠰᠠᠨ ᠢᠮᠠᠭ᠎ᠠ ᠶ᠋ᠢᠨ ᠲᠤᠭ᠎ᠠ ᠪᠡᠷ ᠬᠤᠪᠢ ᠲᠡᠮᠳᠡᠭᠯᠡᠭᠦᠯᠵᠦ᠍ ᠨᠠᠶ᠋ᠢᠳᠠ ᠶ᠋ᠢᠨ ᠦᠷᠢ ᠵᠢ ᠲᠦᠯᠦᠳᠡᠭ ᠪᠠᠶ᠋ᠢᠭᠰᠠᠠ ᠬᠡᠯᠳᠠᠢ᠃

ᠳᠤᠮᠤ ᠬᠡᠷ ᠪᠦᠯᠢ
ᠡᠵᠢ ᠮᠢᠨᠢ ᠨᠢᠭᠡ ᠡᠳᠤᠷ ᠴᠸ᠋ ᠰᠤᠷᠭᠠᠭᠤᠯᠢ ᠳ᠋ᠤ ᠰᠠᠭᠤᠵᠦ᠍ ᠪᠢᠴᠢᠭ ᠦᠵᠡᠭᠰᠡᠨ ᠦᠭᠡᠢ ᠪᠤᠯᠪᠠᠴᠤ ᠦᠷ᠎ᠡ ᠬᠡᠦᠬᠡᠳ ᠵᠢᠡᠨ ᠪᠢᠴᠢᠭ ᠰᠤᠶᠤᠯ ᠲᠠᠢ ᠬᠦᠮᠦᠨ ᠪᠤᠯᠭᠠᠨ᠎ᠠ ᠭᠡᠵᠦ᠍ ᠲᠡᠰᠪᠦᠷᠢ ᠲᠠᠭᠠᠭᠠᠴᠠ ᠲᠠᠢ ᠠᠮᠢᠳᠤᠷᠠᠵᠦ᠍ ᠢᠷᠡᠭᠰᠡᠨ ᠬᠦᠮᠦᠨᠤ᠋ ᠨᠢᠭᠡ ᠨᠢ ᠶᠤᠮ᠃ ᠲᠡᠬᠦᠨᠤ ᠠᠴᠢ ᠪᠡᠷ ᠪᠢᠳᠡ ᠠᠬ᠎ᠠ ᠲᠡᠭᠦᠦ ᠬᠡᠳᠦᠭᠦᠯᠡ ᠪᠦᠷ ᠡᠷᠡᠭᠦᠯ ᠰᠠᠷᠠᠭᠤᠯ ᠡᠷᠳᠡᠮ ᠨᠤᠮ ᠲᠠᠢ ᠬᠦᠮᠦᠨ ᠪᠤᠯᠤᠨ ᠬᠦᠮᠦᠵᠢᠭᠳᠡᠭᠰᠡᠨ ᠪᠠᠶ᠋ᠢᠨ᠎ᠠ᠃ ᠲᠤᠬᠠᠢ ᠶ᠋ᠢᠨ ᠦᠶ᠎ᠡ ᠳ᠋ᠤ ᠬᠡᠪᠤ᠋ᠨ ᠴᠠᠢ᠂ ᠳ᠋ᠸᠩᠤ᠋ᠨ ᠲᠤᠰᠤ ᠵᠡᠷᠭᠡ ᠨᠢ ᠪᠦᠷ ᠴᠤ᠌ ᠬᠤᠪᠤᠷ ᠵᠦᠢᠯᠡᠰ ᠪᠠᠶ᠋ᠢᠵᠦ᠍᠂ ᠵᠠᠷᠢᠮᠳᠠᠭᠠᠨ ᠬᠦᠷᠰᠢ ᠠᠶ᠋ᠢᠯ ᠡᠴᠡ ᠪᠠᠨ ᠵᠢᠭᠡᠯᠡᠵᠦ᠍ ᠬᠡᠷᠡᠭᠯᠡᠳᠡᠭ ᠤᠴᠢᠷ ᠴᠣ᠌ ᠪᠤᠢ᠃ ᠲᠡᠷᠡ ᠦᠶᠡᠳᠤ ᠮᠦᠩᠬᠦ ᠤᠯᠬᠤ ᠨᠢ ᠲᠤᠶ᠋ᠢᠯᠤ᠋ᠨ ᠬᠦᠴᠢᠷ ᠪᠠᠢᠵᠤ᠂ ᠢᠯᠡᠬᠦᠤ ᠬᠡᠳᠤᠨ ᠮᠦᠩᠬᠦ ᠤᠯᠬᠤ ᠶ᠋ᠢᠨ ᠲᠦᠯᠦᠭᠡ ᠡᠵᠢ ᠮᠢᠨᠢ ᠮᠡᠭᠡᠵᠢ ᠭᠠᠬᠠᠢ ᠲᠡᠵᠢᠭᠡᠵᠦ᠍᠂ ᠲᠤᠷᠤᠢ ᠵᠢ ᠨᠢ ᠬᠤᠳᠠᠯᠳᠤᠬᠤ ᠪᠤᠶᠤ ᠡᠳ᠋ ᠪᠤᠳᠠᠰ ᠵᠢᠡᠷ ᠰᠤᠯᠢᠵᠦ᠍ ᠠᠮᠢᠳᠤᠷᠠᠯᠳᠠᠭᠠᠨ ᠲᠤᠰᠠ ᠲᠡᠮ ᠦᠵᠡᠬᠦᠯᠳᠡᠭ᠃ ᠨᠠᠮ᠎ᠠ ᠵᠢ ᠠᠩᠬ᠎ᠠ ᠵᠡᠷᠭᠡ ᠶ᠋ᠢᠨ ᠲᠤᠮᠳᠠᠳᠤ ᠰᠤᠷᠭᠠᠭᠤᠯᠢ ᠳ᠋ᠤ ᠪᠢᠴᠢᠭ ᠦᠵᠡᠬᠦ᠌ ᠪᠡᠷ ᠶᠠᠪᠤᠬᠤ ᠳ᠋ᠤ ᠲᠤᠷᠤᠢ ᠪᠡᠷ ᠢᠰᠡᠭᠡᠢ ᠰᠤᠯᠢᠭᠠᠳ ᠨᠠᠮ᠎ᠠ ᠵᠢ ᠢᠰᠡᠭᠡᠢ ᠲᠠᠢ ᠰᠤᠷᠭᠠᠭᠤᠯᠢ ᠳ᠋ᠤ ᠶᠠᠪᠤᠭᠤᠯᠤᠭᠰᠠᠨ ᠢ᠋ ᠤᠳᠤ ᠪᠤᠯᠳᠠᠯ᠎ᠠ ᠲᠤᠳᠤᠷᠬᠠᠢ ᠴᠡᠭᠡᠵᠢᠯᠡᠭᠰᠡᠭᠡᠷ᠃ 1982 ᠤᠨᠳᠤ ᠶᠡᠬᠡ ᠠᠬ᠎ᠠ ᠶᠡᠬᠡ ᠪᠠᠷᠢᠭᠠᠳᠠ ᠶ᠋ᠢᠨ ᠨᠢᠭᠳᠠᠯᠠᠨ ᠪᠤᠳᠤᠭᠴᠢ ᠵᠢᠨ ᠠᠵᠢᠯ ᠠᠯᠪᠠ ᠪᠡᠷ ᠡᠷᠦᠬᠡ ᠲᠠᠷᠠᠭᠠᠯᠠᠠ ᠬᠦᠮᠦᠨ ᠠᠮᠠ ᠶ᠋ᠢᠨ ᠨᠡᠷ᠎ᠡ᠂ ᠨᠠᠰᠤ᠂ ᠲᠦᠷᠦᠭᠰᠡᠨ ᠤᠨ ᠰᠠᠷ᠎ᠠ ᠵᠢ ᠪᠦᠷᠢᠳᠭᠡᠵᠤ ᠶᠠᠪᠤᠬᠤᠳᠤ ᠵᠠᠷᠢᠮ ᠭᠡᠷᠤ᠋ᠨ ᠠᠬᠠᠮᠠᠳ᠂ ᠬᠡᠦᠬᠡᠳᠤ᠋ᠨ ᠵᠢᠡᠨ ᠲᠦᠷᠦᠭᠰᠡᠨ ᠤᠨ ᠰᠠᠷ᠎ᠠ ᠵᠢ ᠮᠠᠷᠳᠠᠭᠠᠳ ᠬᠡᠯᠡᠵᠦ᠍ ᠭᠠᠷᠬᠤ ᠦᠬᠡᠢ ᠦᠶᠠᠰ ᠡᠵᠢ ᠮᠢᠨᠢ ᠮᠠᠨᠤ ᠠᠬ᠎ᠠ ᠲᠡᠬᠦᠤ ᠬᠡᠳᠤᠬᠦᠯᠠ ᠵᠢᠨ ᠬᠢᠨᠢ ᠨᠢᠭᠡ ᠵᠢ ᠴᠤ᠌ ᠡᠨᠳᠡᠭᠦᠷᠡᠯ ᠦᠭᠡᠢ ᠬᠡᠯᠡᠵᠦ᠍ ᠦᠭᠳᠡᠭᠢ ᠪᠤᠳᠤᠵᠤ ᠤᠯᠬᠤ ᠪᠦᠷᠢ ᠡᠵᠢ ᠪᠡᠷ ᠵᠢᠠᠨ ᠪᠠᠬᠠᠷᠬᠠᠳᠠᠭ ᠪᠠᠢᠯ᠎ᠠ᠃
᠁
ᠡᠵᠢ ᠮᠢᠨᠢ ᠠᠶ᠋ᠢᠯ ᠠᠢᠮᠠᠭᠤᠨ ᠵᠢᠡᠨ ᠨᠡᠷᠡᠳᠠᠢ ᠢᠳᠤᠭᠠᠨ ᠪᠠᠢᠵᠤ᠂ ᠵᠢᠷᠮᠦᠰᠦᠨ ᠪᠦᠰᠡᠭᠦᠶ᠋ᠢᠴᠤᠳᠤ᠋ᠨ ᠬᠡᠦᠬᠡᠳ ᠨᠢ ᠰᠢᠯᠵᠢᠬᠦ᠌ ᠪᠤᠶᠤ ᠡᠪ ᠬᠠᠪ ᠦᠭᠡᠢ ᠪᠤᠯᠬᠤ ᠳ᠋ᠤᠨᠢ ᠪᠦᠷ ᠯᠡ ᠲᠤᠮ ᠲᠡᠮ ᠬᠢᠵᠤ᠂ ᠦᠢᠷ᠎ᠠ ᠤᠷᠴᠢᠮᠤᠨ ᠤᠯᠠᠨ ᠬᠡᠤᠭᠡᠳᠢ ᠭᠠᠷ ᠲᠡᠭᠡᠷ᠎ᠠ ᠪᠡᠨ ᠮᠡᠨᠳᠤ ᠰᠠᠢᠬᠠᠨ ᠲᠤᠰᠴᠤ ᠠᠪᠴᠠᠢ; ᠡᠵᠢ ᠮᠢᠨᠢ ᠪᠠᠰᠠ ᠠᠶ᠋ᠢᠯᠳᠠᠭᠠᠨ ᠲᠠᠭᠤᠴᠢᠨ ᠶᠠᠪᠤᠭᠰᠠᠨ ᠬᠦᠮᠦᠨ ᠶᠤᠮ᠃ ᠨᠠᠰᠤᠨ ᠪᠠᠶᠠᠷᠤ᠋ᠨ ᠨᠠᠶ᠋ᠢᠷ᠂ ᠬᠤᠷᠢᠮ ᠬᠤᠷᠠᠯ᠂ ᠤᠳᠤᠷ ᠨᠡᠭᠦᠳᠡᠯ᠂ ᠨᠠᠭᠠᠳᠤᠮᠤᠨ ᠬᠤᠷᠠᠯ ᠵᠢᠡᠷ ᠠᠶ᠎ᠠ ᠲᠠᠭᠤᠤ ᠪᠡᠨ ᠡᠷᠬᠦᠵᠤ᠂ ᠠᠷᠠᠳ ᠵᠢᠡᠨ ᠪᠠᠶᠠᠰᠬᠠᠵᠤ ᠪᠠᠢᠵᠠᠢ; ᠡᠵᠢ ᠮᠢᠨᠢ ᠮᠦᠨ ᠴᠤ᠌ ᠶᠡᠬᠡ ᠴᠢᠳᠠᠯ ᠲᠡᠩᠬᠡᠬᠡ ᠲᠠᠢ ᠪᠦᠰᠡᠭᠦᠢ ᠪᠠᠶ᠋ᠢᠪᠠ᠃ ᠦᠭᠡᠷ ᠮᠤᠷᠢ ᠪᠠᠷᠢᠵᠦ᠍ ᠤᠶᠠᠬᠤ ᠪᠤᠶᠤ ᠡᠮᠨᠡᠬᠦ᠌ ᠳ᠋ᠤ ᠡᠵᠢ ᠮᠢᠨᠢ ᠰᠢᠭᠤᠳ ᠯᠡ ᠤᠴᠢᠭᠠᠳ ᠡᠪᠡᠷᠳᠡᠬᠦ᠌ ᠪᠤᠶᠤ ᠴᠢᠬᠢᠳᠡᠵᠦ᠍ ᠠᠪᠤᠭᠠᠳ ᠯᠡ ᠲᠤᠭᠳᠠᠭᠠᠴᠢᠬᠠᠳᠠᠭ ᠪᠦᠬᠡᠳ ᠬᠤᠨᠢ ᠢᠮᠠᠭ᠎ᠠ ᠵᠢ ᠪᠤᠯ ᠵᠦᠷᠢᠭᠡᠳ ᠯᠡ ᠭᠠᠷᠬᠤ ᠶ᠋ᠢᠨ ᠲᠠᠯᠢᠮ ᠳ᠋ᠤ ᠰᠢᠬᠢᠷᠡᠳᠦᠭᠡᠳ ᠠᠪᠴᠢᠬᠠᠳᠠᠭ᠃ ᠨᠠᠮ᠎ᠠ ᠵᠢ ᠲᠤᠯᠤᠭᠠᠨ ᠨᠠᠰᠤ ᠲᠠᠢ ᠲᠠᠷᠠ ᠵᠢᠯᠤ᠋ᠨ ᠨᠠᠮᠤᠷ ᠡᠵᠢ ᠮᠢᠨᠢ ᠭᠠᠩ ᠠᠪᠬᠤ ᠭᠡᠵᠦ᠍ ᠯᠠᠭᠰᠠᠶ᠋ᠢᠬᠤᠸᠠᠶᠢᠨ ᠬᠤᠷᠰᠢᠶᠠᠨ ᠳ᠋ᠤ ᠨᠠᠮ᠎ᠠ ᠵᠢ ᠲᠠᠭᠠᠭᠤᠯᠵᠦ᠍ ᠶᠠᠪᠠᠭᠠᠨ ᠵᠢᠡᠷ ᠶᠠᠪᠤᠭᠰᠠᠨ ᠶᠤᠮ᠃ ᠡᠵᠢ ᠮᠢᠨᠢ ᠬᠤᠷᠰᠢᠶᠠᠨ ᠡᠴᠡ ᠬᠤᠳᠠᠯᠳᠤᠨ ᠠᠪᠤᠭᠰᠠᠨ ᠡᠳ᠋ ᠪᠤᠳᠠᠰ ᠵᠢᠴᠢ ᠰᠠᠳᠤᠨᠤ ᠮᠢᠨᠢ ᠴᠢᠨᠠᠵᠦ᠍ ᠢᠳᠡ ᠭᠡᠵᠦ᠍ ᠦᠭᠭᠦᠭᠰᠡᠨ ᠡᠷᠳᠡᠨᠢ ᠰᠢᠰᠢ ᠵᠡᠷᠭᠡ ᠡᠳ᠋ ᠪᠠᠷᠠᠭ᠎ᠠ ᠪᠡᠨ ᠭᠠᠩᠳ᠋ᠠᠭᠠᠨ ᠰᠠᠪᠠᠯᠠᠭᠠᠳ᠂ ᠭᠠᠩᠤ᠋ᠨ ᠭᠠᠳᠠᠭᠤᠷ ᠲᠡᠭᠡᠰᠦ ᠪᠡᠷ ᠡᠭᠦᠷᠦᠪᠴᠢ ᠲᠠᠭᠠᠷᠠᠭᠤᠯᠵᠦ᠍᠂ ᠭᠠᠩ ᠵᠢᠡᠨ ᠠᠷᠪᠠᠨ ᠭᠠᠵᠡᠷ ᠬᠢᠷᠢᠳᠡᠢ ᠡᠭᠦᠷᠦᠭᠡᠳ ᠭᠡᠷ ᠲᠡᠭᠡᠨ ᠢᠷᠡᠵᠠᠢ᠃ ᠪᠠᠰᠠ ᠨᠢᠭᠡ ᠤᠳᠠᠭ᠎ᠠ ᠶᠡᠬᠡ ᠠᠬᠠᠶᠢ ᠪᠠᠭ᠎ᠠ ᠪᠠᠶ᠋ᠢᠬᠤᠳᠤ ᠨᠢᠭᠡ ᠤᠳᠠᠭ᠎ᠠ ᠣᠲᠤᠷᠡᠴᠡ ᠨᠢᠭᠡ ᠮᠠᠯ ᠡᠨᠳᠡᠭᠰᠡᠡ ᠴᠢᠮᠡᠭᠡ ᠵᠢ ᠰᠤᠨᠤᠰᠤᠭᠠᠳ ᠡᠵᠢ ᠮᠢᠨᠢ ᠡᠮᠨᠢᠭ ᠦᠬᠡᠷ ᠬᠥᠯᠢᠵᠦ᠍ ᠶᠡᠬᠡ ᠠᠬᠠᠶᠢ ᠲᠡᠭᠡᠬᠡᠭᠡᠳ ᠡᠨᠳᠡᠭᠰᠡᠡ ᠮᠠᠯᠢ ᠠᠪᠴᠢᠷᠠᠬᠤᠪᠠᠷ ᠶᠠᠪᠤᠪᠠ᠃ ᠵᠠᠮᠳᠠᠭᠠᠨ ᠠᠷᠤ ᠬᠣᠯᠤᠰᠤᠲᠠᠢᠶᠢᠨ ᠭᠣᠣᠯ ᠭᠠᠲᠤᠯᠬᠤᠳᠤ ᠭᠣᠣᠯ ᠦᠶᠡᠷᠯᠡᠭᠡᠳ ᠦᠬᠡᠷ ᠲᠡᠷᠭᠡᠨᠦ ᠠᠷᠠᠯ ᠪᠤᠯᠤ ᠬᠣᠶᠠᠷ ᠵᠦᠭᠲᠡᠬᠡᠨ ᠬᠦᠶᠦᠬᠦᠳᠤ ᠶᠡᠬᠡ ᠠᠬ᠎ᠠ ᠠᠶᠤᠭᠠᠳ ᠤᠬᠢᠯᠠᠪᠠ᠂ ᠡᠵᠢ ᠮᠢᠨᠢ ᠴᠤ᠌ ᠠᠪᠤ ᠵᠢᠨ ᠬᠠᠪᠴᠢᠭᠤᠯᠤᠭᠰᠠᠨ ᠬᠠᠳᠤᠭᠤᠷᠢᠶᠠᠷ ᠦᠬᠡᠷᠦᠨ ᠰᠡᠭᠦᠯᠢ ᠲᠡᠰᠤᠯᠤᠭᠠᠳ᠂ ᠨᠢᠭᠡ ᠭᠠᠷᠢᠶᠠᠷᠢᠶᠠᠨ ᠶᠡᠭᠡ ᠠᠬ᠎ᠠ ᠵᠢ ᠲᠡᠪᠡᠷᠢᠵᠦ᠍᠂ ᠨᠢᠭᠡ ᠭᠠᠷᠢᠶᠠᠷᠢᠶᠠᠨ ᠡᠮᠨᠢᠭ ᠦᠬᠡᠷᠦᠨ ᠳᠦᠷᠦᠡᠴᠡ ᠲᠠᠲᠠᠵᠤ᠂ ᠦᠶᠡᠷᠯᠡᠭᠰᠡᠨ ᠭᠣᠣᠯᠢ ᠭᠠᠲᠤᠯᠤᠯᠠ ᠭᠡᠳᠡᠭ᠃

ᠠᠬ᠎ᠠ ᠲᠡᠬᠦᠤ ᠶᠢᠰᠤᠬᠦᠯᠠ ᠪᠡᠨ
ᠠᠵᠢᠯᠴᠢ ᠪᠤᠷᠤᠬᠵᠢᠭᠤᠨ᠂ ᠴᠠᠢᠯᠭᠠᠨ ᠴᠠᠭᠠᠪᠤᠷ᠂ ᠠᠭᠤᠳᠠᠮ ᠪᠠᠭᠳᠠᠭᠠᠮᠵᠢᠳᠡᠢ ᠡᠵᠢ ᠮᠢᠨᠢ ᠠᠶ᠋ᠢᠯ ᠠᠶ᠋ᠢᠮᠠᠭᠤ᠋ᠨ ᠵᠢᠡᠨ ᠬᠦᠮᠦᠰ ᠲᠠᠢ ᠪᠦᠷ ᠰᠠᠨᠠᠭ᠎ᠠ ᠰᠡᠳᠬᠢᠯ ᠲᠠᠭᠠᠷᠠᠯᠴᠠᠵᠤ ᠰᠠᠢᠬᠠᠨ ᠶᠠᠪᠤᠯᠴᠠᠳᠠᠭ᠃ ᠮᠠᠨᠤ ᠬᠢᠨ ᠬᠡᠦᠬᠡᠳ ᠤᠯᠠᠨ ᠲᠠᠢ ᠪᠤᠯᠬᠤᠷ ᠡᠵᠢ ᠠᠪᠤ ᠮᠢᠨᠢ ᠬᠤᠳᠠ ᠬᠤᠳᠠᠭᠠᠢ ᠤᠯᠠᠨ ᠮᠦᠷᠳᠡᠬᠡᠨ ᠲᠡᠳᠡ ᠨᠡᠷ ᠲᠠᠢ ᠪᠦᠷ ᠲᠦᠷᠦᠭᠰᠡᠨ ᠠᠬ᠎ᠠ ᠡᠭᠡᠴᠢ ᠲᠡᠬᠦᠦ ᠮᠡᠳᠤ ᠰᠠᠶ᠋ᠢᠬᠠᠨ ᠶᠠᠪᠤᠯᠴᠠᠵᠦ᠍ ᠵᠤᠭᠤᠭ ᠵᠤᠭ᠎ᠠ ᠲᠠᠭᠠᠷᠠᠯᠴᠠᠳᠠᠭ᠃ ᠡᠵᠢ ᠮᠢᠨᠢ ᠪᠡᠷᠢ ᠪᠡᠨ ᠲᠦᠷᠦᠭᠰᠡᠨ ᠬᠡᠦᠬᠡᠨ ᠵᠢᠡᠨ ᠰᠢᠭ ᠰᠠᠨᠠᠵᠦ᠍ ᠪᠤᠳᠤᠵᠦ᠍ ᠬᠠᠪᠰᠤᠷᠴᠤ᠌ ᠶᠠᠪᠤᠳᠠᠭ ᠡᠴᠡ ᠪᠡᠷᠢᠶᠡᠳ ᠨᠢ ᠴᠤ᠌ ᠬᠠᠳᠠᠮ ᠡᠵᠢ ᠪᠠᠨ ᠤᠨᠴᠠᠭᠠᠢ ᠬᠠᠶ᠋ᠢᠷᠠᠯᠠᠵᠦ᠍᠂ ᠲᠦᠷᠦᠭᠰᠡᠨ ᠡᠵᠢ ᠪᠠᠨ ᠰᠢᠭ ᠪᠤᠳᠤᠵᠦ᠍ ᠶᠠᠪᠤᠳᠠᠭ ᠶᠤᠮ᠃ ᠡᠵᠢ ᠮᠢᠨᠢ ᠮᠦᠨ ᠡᠶ᠋ᠢᠮᠦ᠍ ᠯᠡ ᠪᠤᠷᠬᠠᠨ ᠰᠡᠳᠬᠢᠯ ᠲᠠᠢ ᠪᠦᠰᠡᠬᠦᠢ ᠶᠤᠮ᠃
ᠪᠢᠳᠡ ᠠᠬ᠎ᠠ ᠲᠡᠭᠦᠦ ᠡᠭᠡᠴᠢ ᠲᠡᠬᠦᠦ ᠠᠷᠪᠠᠭᠤᠯᠠ᠂ ᠨᠢ᠋ᠮᠡᠨ ᠬᠦᠦ ᠬᠤᠶᠠᠷ ᠦᠬᠢᠨ ᠲᠠᠢ ᠠᠶ᠋ᠢᠯ᠃ ᠪᠦᠬᠦᠳᠡᠭᠡᠷ ᠠᠶ᠋ᠢᠯ ᠬᠡᠷ ᠪᠤᠯᠵᠤ᠂ ᠦᠪᠡᠷ ᠦᠪᠡᠷᠤᠨ ᠠᠵᠢᠯᠤᠨ ᠪᠠᠢᠷᠢᠨᠳᠠᠭᠠᠨ ᠦᠡᠭᠭᠡ ᠲᠠᠢ ᠦᠭᠡᠳᠡ ᠲᠠᠢ ᠶᠠᠪᠤᠵᠤ ᠪᠤᠢ᠃ ᠠᠵᠢᠯ ᠠᠮᠢᠳᠤᠷᠠᠯᠤ᠋ᠨ ᠵᠢᠡᠨ ᠵᠠᠪ ᠴᠢᠯᠦᠭᠡ ᠪᠠᠷ ᠦᠷ᠎ᠡ ᠬᠡᠦᠬᠡᠳ ᠵᠢᠡᠨ ᠲᠠᠭᠠᠭᠤᠯᠵᠦ᠍᠂ ᠠᠪᠤ ᠡᠵᠢ ᠵᠢᠨ ᠳ᠋ᠠᠬᠡᠨ ᠬᠦᠷᠬᠦ᠌ ᠪᠤᠯᠭᠠᠨ ᠲᠠᠳᠡ ᠨᠡᠷᠤᠨ ᠪᠠᠶᠠᠷᠯᠠᠬᠤ ᠵᠢ ᠶᠠᠭᠤ ᠬᠡᠵᠤ ᠬᠡᠯᠡᠬᠦᠪ᠂ ᠠᠯᠢ ᠪᠠᠶ᠋ᠢᠭᠰᠠᠨ ᠵᠢᠡᠨ ᠲᠡᠮᠳᠡᠷᠢᠵᠦ᠍ ᠢᠳᠡᠬᠦᠯᠵᠦ᠍ ᠤᠤᠭᠤᠯᠭᠠᠳᠠᠭ᠃ ᠢᠳᠡᠬᠦ᠌ ᠡᠮᠦᠰᠬᠦ᠌ ᠵᠠᠷᠣᠬᠤ ᠬᠡᠷᠡᠭᠯᠡᠬᠦ᠌ ᠪᠠ ᠵᠤᠭᠤᠰ ᠵᠤᠭ᠎ᠠ ᠵᠡᠷᠭᠡ ᠵᠢ ᠪᠢᠳᠡ ᠠᠬ᠎ᠠ ᠲᠡᠭᠦᠦ ᠨᠡᠷ ᠬᠤᠪᠢ ᠬᠤᠪᠢᠨᠤ ᠪᠠᠨ ᠴᠢᠳᠠᠯᠤ᠋ᠨ ᠬᠡᠮᠵᠢᠶᠡᠨ ᠳ᠋ᠤ ᠡᠵᠢ ᠠᠪᠤᠳᠠᠭᠠᠨ ᠲᠡᠪᠰᠢᠭᠦᠯᠳᠡᠭ᠃ ᠡᠵᠢ ᠵᠢᠨ ᠮᠢᠨᠢ ᠦᠪᠡᠷᠤᠨ ᠬᠡᠰᠡᠨ ᠦᠬᠡᠢ ᠦᠷᠤᠭᠡᠯᠤᠨ ᠬᠡᠰᠡᠨ ᠦᠬᠡᠢ ᠪᠦᠷ ᠯᠡ ᠠᠳᠠᠯᠢ ᠪᠡᠷ ᠬᠠᠢᠷᠠᠯᠠᠵᠤ ᠬᠠᠪᠰᠤᠷᠴᠤ ᠶᠠᠪᠤᠳᠠᠭ ᠵᠠᠩ ᠰᠤᠷᠳᠠᠯ ᠨᠢ ᠬᠡᠦᠬᠡᠳ ᠪᠢᠳᠠᠠ ᠢ᠋ ᠶᠡᠬᠡᠳᠡ ᠨᠦᠯᠦᠭᠡᠯᠡᠵᠡᠢ᠃ ᠪᠤᠰᠤᠳ ᠢ᠋ ᠲᠡᠮᠵᠢᠨ ᠲᠤᠰᠠᠯᠠᠪᠠᠯ ᠪᠤᠷᠬᠠᠨ ᠵᠦᠪ ᠵᠢᠡᠷ ᠦᠵᠡᠳᠡᠭ ᠪᠤᠶᠠᠨ ᠬᠡᠰᠢᠭ ᠨᠡᠮᠡᠭᠳᠡᠳᠡᠭ ᠭᠡᠳᠡᠭ ᠭᠦᠨ ᠤᠬᠠᠭᠠᠨ ᠢ᠋ ᠡᠵᠢ ᠮᠢᠨᠢ ᠬᠡᠦᠬᠡᠳ ᠲᠡᠭᠡᠨ ᠦᠵᠡᠭᠦᠯᠦᠨ ᠲᠠᠨᠢᠭᠤᠯᠵᠦ᠍ ᠰᠤᠷᠭᠠᠵᠦ᠍ ᠶᠠᠪᠤᠭᠰᠠᠨ ᠶᠤᠮ᠃
ᠡᠵᠢ ᠮᠢᠨᠢ ᠬᠤᠵᠢᠮ ᠨᠢ ᠴᠢᠰᠤᠨ ᠲᠠᠷᠤᠯᠳᠠ ᠦᠨᠳᠦᠷ᠂ ᠵᠢᠷᠦᠬᠡᠨ ᠡᠪᠡᠳᠴᠢᠨ ᠲᠠᠢ ᠪᠤᠯᠵᠦ᠍᠂ 2015 ᠤᠨ ᠳ᠋ᠤ ᠨᠠᠶᠠᠨ ᠬᠤᠶᠠᠷ ᠨᠠᠰᠤᠳᠠᠢᠳ᠋ᠠᠭᠠᠨ ᠪᠤᠷᠬᠠᠨ ᠪᠤᠯᠵᠠᠢ᠃ ᠡᠵᠢ ᠵᠢᠨ ᠵᠢᠠᠨ ᠳᠤᠬᠠᠢ ᠲᠤᠷᠠᠰᠤᠮᠵᠢ ᠵᠢ ᠬᠦᠪᠤᠷᠡᠬᠦᠯᠵᠤ ᠪᠤᠳᠤᠬᠤᠳᠤ ᠡᠵᠢ ᠲᠠᠢ ᠪᠡᠨ ᠪᠠᠢᠬᠰᠠᠨ ᠡᠳᠤᠷ ᠬᠤᠨᠤᠭ ᠤ᠋ᠳ ᠶᠠᠭᠠᠬᠢᠵᠤ ᠯᠡ ᠵᠢᠷᠭᠠᠯᠳᠠᠢ ᠰᠠᠨᠠᠭᠳᠠᠬᠤ ᠪᠢᠯᠠ᠃ ᠬᠠᠢᠷᠠᠳᠠᠢ ᠰᠢᠤ᠂ ᠡᠵᠢ ᠡ!
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃