2026-11-20 11:02:20
ᠤᠷᠤᠯᠳᠤᠯᠭ᠎ᠠ ᠴᠢᠷᠮᠠᠢᠯᠭ᠎ᠠ᠎ᠪᠠᠷ᠎ᠢᠶᠠᠨ ᠤᠯᠠᠨ᠎ᠠᠴᠠ ᠤᠷᠤᠢᠯᠠᠵᠤ᠂ ᠦᠢ ᠲᠦᠮᠡᠨᠳ᠋ᠡᠬᠡᠨ ᠱᠠᠭ᠍ᠰᠢᠭ᠍ᠳᠠᠵᠤ ᠢᠷᠡᠭ᠌ᠰᠡᠨ ᠯᠢᠩᠬᠤᠸ᠎ᠠ ᠪᠤᠯ ᠲᠦᠩᠯᠢᠶᠤᠥ ᠬᠤᠳᠠ᠎ᠶ᠋ᠢᠨ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠨᠤᠭᠤᠰᠤᠳᠠᠢ ᠪᠠᠯᠭᠠᠰᠤᠨ᠎ᠤ ᠪᠠᠷᠠᠭᠤᠨ ᠬᠠᠭᠠᠯᠭᠠᠳᠠᠢ ᠭᠠᠴᠠᠭᠠᠨ᠎ᠤ ᠬᠦᠮᠦᠨ ᠶᠤᠮ᠃ ᠲᠡᠭᠡᠷ᠎ᠡ ᠵᠠᠭᠤᠨ᠎ᠤ ᠵᠢᠷᠠᠭᠠᠳ ᠤᠨᠡᠴᠠ ᠨᠠᠭᠠᠰᠢ ᠲᠠᠷᠠ ᠪᠡᠷ ᠮᠤᠷᠢᠳᠤ ᠴᠡᠷᠢᠭ ᠠᠩᠭᠢ᠎ᠶ᠋ᠢᠨ ᠭᠡᠱᠢᠭᠦᠨ᠂ ᠡᠬᠡ ᠪᠠᠷᠢᠭ᠍ᠴᠢ᠂ ᠭᠠᠴᠠᠭᠠᠨ᠎ᠤ ᠡᠮᠡᠭ᠌ᠳᠡᠢᠴᠦᠳ᠎ᠤᠨ ᠬᠤᠯᠪᠤᠭᠠᠳᠤ ᠬᠤᠷᠠᠯ᠎ᠤᠨ ᠡᠷᠬᠢᠯᠡᠭ᠌ᠴᠢ᠂ ᠡᠪᠯᠡᠯ᠎ᠤᠨ ᠡᠭᠦᠷ᠎ᠤᠨ ᠱᠦᠵᠢ ᠁ ᠵᠡᠷᠭᠡ ᠦᠨᠳᠦᠰᠦᠨ ᠱᠠᠳᠤᠨ᠎ᠤ ᠤᠯᠠᠨ ᠲᠦᠷᠤᠯ᠎ᠤᠨ ᠠᠵᠢᠯ᠎ᠢ ᠭᠢᠯᠠᠯᠵᠠᠳᠠᠯ᠎ᠠ ᠬᠢᠵᠤ᠂ ᠨᠤᠳᠤᠭ ᠤᠰᠤᠨ ᠳ᠋ᠠᠭᠠᠨ ᠤᠳᠤ ᠰᠤᠳᠤ ᠪᠤᠯᠤᠨ᠂ ᠤᠯᠠᠨ ᠲᠦᠮᠡᠨᠳ᠋ᠡᠬᠡᠨ ᠦᠯᠢᠭᠡᠷ ᠲᠠᠭᠤᠷᠢᠶᠠᠯ ᠪᠤᠯᠵᠤ ᠢᠷᠡᠵᠠᠢ᠃

1946 ᠡᠤᠨ᠎ᠳᠤ ᠯᠢᠩᠬᠤᠸ᠎ᠠ ᠬᠤᠷᠴᠢᠨ ᠵᠡᠭᠦᠨ ᠭᠠᠷᠤᠨ ᠲᠤᠮᠳᠠᠳᠤ ᠬᠤᠱᠢᠭᠤᠨ᠎ᠤ ᠬᠤᠸᠠᠬᠤᠰᠢᠭᠤ ᠰᠤᠮᠤᠨ᠎ᠤ ᠳ᠋ᠠ ᠾᠥᠸᠧ ᠹᠠᠩᠭᠠᠴᠠᠭᠠᠨᠳᠤ ᠲᠦᠷᠤᠵᠤ ᠦᠰᠴᠠᠢ᠃ ᠡᠨᠡ ᠨᠤᠳᠤᠭ᠎ᠤᠨ ᠠᠭᠤᠯᠠᠤᠰᠤ᠂ ᠪᠠᠢᠭᠠᠯᠢ ᠤᠷᠴᠢᠨ᠂ ᠬᠡᠷ ᠪᠦᠯᠢ ᠨᠢ ᠯᠢᠩᠬᠤᠸ᠎ᠠ ᠵᠢᠨ ᠬᠠᠳᠠᠨ ᠵᠤᠷᠢᠬ᠂ ᠠᠭᠤᠳᠠᠮᠴᠢ ᠪᠠᠭᠳᠠᠭᠠᠮᠵᠢᠳᠠᠢ᠂ ᠠᠵᠢᠯᠴᠢ ᠬᠦᠳᠡᠯᠮᠤᠷᠢᠴᠢ ᠵᠠᠩ ᠴᠢᠨᠠᠷ᠎ᠢ ᠪᠦᠷᠢᠯᠳᠤᠬᠦᠯᠵᠠᠢ᠃ ᠰᠡᠭᠦᠯᠡᠷ ᠨᠢ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠨᠤᠭᠤᠰᠤᠳᠠᠢ ᠪᠠᠯᠭᠠᠰᠤᠨ᠎ᠤ ᠪᠠᠷᠠᠭᠤᠨ ᠬᠠᠭᠠᠯᠭᠠᠳᠠᠢ ᠭᠠᠴᠠᠭᠠᠨ᠎ᠳᠤ ᠮᠤᠷᠳᠠᠨ ᠭᠡᠷ ᠪᠦᠯᠢ ᠪᠠᠢᠭᠤᠯᠵᠤ᠂ ᠬᠤᠶᠠᠷ ᠬᠡᠥᠬᠡᠨ ᠬᠤᠶᠠᠷ ᠬᠦᠥ᠎ᠲᠠᠢ᠃ ᠶᠡᠭᠡ ᠬᠦᠥ᠎ᠨᠢ ᠴᠡᠷᠢᠭ᠎ᠠᠴᠠ ᠬᠠᠯᠠᠭ᠍ᠳᠠᠨ ᠢᠷᠡᠭᠡᠳ ᠨᠤᠭᠤᠰᠤᠳᠠᠢ ᠪᠠᠯᠭᠠᠰᠤᠨ᠎ᠤ ᠵᠠᠰᠠᠭ᠎ᠤᠨ ᠤᠷᠳᠤᠨ᠎ᠳᠤ ᠠᠵᠢᠯᠯᠠᠵᠤ᠂ ᠶᠡᠭᠡ ᠬᠡᠥᠬᠡᠨ᠎ᠨᠢ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠡᠷᠡᠭᠦᠯ ᠬᠠᠮᠠᠭᠠᠯᠠᠯ᠎ᠤᠨ ᠰᠤᠷᠭᠠᠭᠤᠯᠢ᠎ᠠᠴᠠ ᠲᠡᠭᠦᠰᠴᠦ᠍᠂ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠪᠦᠳᠦᠭᠦᠨ ᠬᠠᠷᠠᠭᠠᠨ ᠰᠤᠮᠤ᠎ᠶ᠋ᠢᠨ ᠡᠮᠨᠡᠯᠭᠡ᠎ᠶ᠋ᠢᠨ ᠬᠤᠷᠢᠶᠠᠨ᠎ᠳᠤ ᠠᠵᠢᠯ᠎ᠤᠨ ᠭᠠᠷᠤᠭ᠎ᠠ᠎ᠪᠠᠨ ᠠᠪᠴᠤ᠌᠂ ᠬᠤᠶᠠᠳᠤᠭᠠᠷ ᠬᠡᠥᠬᠡᠨ ᠬᠠᠢ ᠶᠢᠩ᠎ᠨᠢ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠳᠤ ᠪᠠᠭ᠍ᠰᠢ᠎ᠶ᠋ᠢᠨ ᠠᠯᠪᠠ᠎ᠲᠠᠢ᠂ ᠪᠠᠭ᠎ᠠ ᠬᠦᠥ᠎ᠨᠢ ᠶᠠᠫᠤᠨ ᠤᠯᠤᠰ᠎ᠲᠤ ᠠᠰᠫᠢᠷᠠᠨᠲ᠎ᠤᠨ ᠴᠤᠯᠠ ᠬᠠᠮᠠᠭᠠᠯᠠᠭᠠᠳ ᠶᠠᠫᠤᠨ ᠤᠯᠤᠰ᠎ᠲᠤ ᠠᠵᠢᠯᠯᠠᠵᠤ ᠪᠤᠢ᠃

ᠯᠢᠩᠬᠤᠸ᠎ᠠ ᠵᠠᠯᠠᠭᠤ ᠦᠶᠠᠡᠴᠨ ᠪᠡᠨ ᠠᠵᠢᠯ᠎ᠳᠠᠭᠠᠨ ᠨᠠᠷᠢᠯᠢᠬ ᠂ ᠤᠯᠠᠨ ᠳ᠋ᠠᠭᠠᠨ ᠬᠦᠷᠢᠶᠠᠯᠠᠯ ᠲᠠᠢ᠂ ᠴᠤᠭ ᠵᠤᠯᠢ ᠲᠠᠢ᠂ ᠱᠤᠭ ᠶᠦᠮᠦᠷᠯᠢᠭ᠂ᠤᠬᠠᠭᠠᠨ ᠰᠡᠷᠬᠦᠯᠠᠩ ᠪᠦᠰᠡᠬᠦᠢ ᠪᠠᠢᠵᠠᠢ᠃ᠤᠯᠠᠨ ᠵᠢᠯ᠎ᠤᠨ ᠳᠤᠷᠰᠢᠦᠨᠳᠤᠰᠤᠨ ᠱᠠᠳᠤᠨ᠎ᠳᠤ ᠮᠠᠬᠠᠷᠠᠨ ᠠᠵᠢᠯᠯᠠᠵᠤ᠂ᠠᠢᠯ ᠠᠢᠮᠠᠭ ᠲᠠᠭᠠᠨ ᠠᠯᠳᠠᠷ ᠨᠠᠷᠠ ᠪᠡᠨ ᠲᠠᠭᠤᠷᠢᠰᠤᠭᠤᠯᠵᠤ᠂ᠨᠤᠳᠤᠭ ᠤᠷᠤᠨ᠎ᠳᠠᠭᠠᠨ ᠬᠤᠪᠢ ᠨᠡᠮᠡᠷᠢ ᠪᠡᠨ ᠦᠵᠡᠭᠦᠯᠦᠭ᠌ᠰᠡᠭᠡᠷ ᠢᠷᠡᠭᠰᠡᠡ ᠶᠤᠮ᠃ ᠲᠡᠷᠡ ᠪᠡᠷ ᠬᠠᠷᠠᠬᠠᠨ ᠪᠠᠭ᠎ᠠ᠎ᠠᠴᠠ᠎ᠪᠠᠨ ᠭᠡᠷ᠎ᠤᠨ ᠭᠠᠳᠠᠨᠠᠬᠢ ᠠᠵᠢᠯ᠎ᠳᠤ ᠴᠠᠭᠠᠷᠠᠵᠤ᠂ ᠬᠡᠳᠤᠢᠪᠡᠷ ᠭᠡᠷ ᠪᠦᠯᠢ᠎ᠶ᠋ᠢᠨ ᠬᠦᠴᠢᠷᠳᠡᠯ᠎ᠠᠴᠠ ᠪᠤᠯᠵᠤ ᠪᠠᠭ᠎ᠠ ᠰᠤᠷᠭᠠᠭᠤᠯᠢ᠎ᠪᠡᠨ ᠭᠤᠷᠪᠠᠬᠠᠨ ᠵᠢᠯ ᠦᠵᠡᠭ᠌ᠰᠡᠨ ᠪᠤᠯᠪᠠᠴᠤ᠌ ᠲᠡᠷᠡ ᠪᠡᠷ ᠶᠠᠮᠠᠷ ᠠᠵᠢᠯ ᠬᠢᠭ᠌ᠰᠡᠨ ᠴᠤ᠌ ᠠᠵᠢᠯ᠎ᠳᠠᠭᠠᠨ ᠭᠠᠷᠮᠠᠭᠠᠢ᠂ ᠪᠡᠶᠡᠳ᠋ᠡᠬᠡᠨ ᠢᠳᠡᠭᠡᠯ᠎ᠲᠠᠢ ᠪᠠᠢᠳᠠᠭ ᠰᠠᠠ᠃ 16 ᠨᠠᠰᠤᠳᠠᠢᠲᠠᠷᠠ ᠵᠢᠯ᠎ᠳᠤ ᠯᠢᠩᠬᠤᠸ᠎ᠠ ᠡᠪ ᠬᠠᠮᠳᠤ ᠵᠠᠯᠠᠭᠤᠴᠤᠳ᠎ᠤᠨ ᠡᠪᠯᠡᠯ᠎ᠤᠨ ᠭᠡᠱᠢᠭᠦᠨ ᠪᠤᠯᠵᠤ᠂ 19 ᠨᠠᠰᠤᠳᠠᠢᠳ᠋ᠠᠭᠠᠨ ᠦᠩᠭᠡ ᠭᠡᠷᠡᠯᠳᠡᠢ᠎ᠪᠠᠷ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠭᠡᠱᠢᠭᠦᠨ ᠪᠤᠯᠤᠭᠰᠠᠠ ᠪᠠᠢᠨ᠎ᠠ᠃1961 ᠤᠨ ᠳᠤ ᠲᠠᠷᠠ ᠪᠡᠷ ᠡᠷᠦᠬᠡ᠎ᠶ᠋ᠢᠨ ᠴᠡᠷᠢᠭ᠎ᠤᠨ ᠮᠤᠷᠢᠳᠤ ᠴᠡᠷᠢᠭ ᠠᠩᠭᠢ᠎ᠳᠤ ᠢᠳᠡᠪᠬᠢᠳᠡᠢ ᠤᠷᠤᠯᠴᠠᠵᠤ᠂ 7 ᠵᠢᠯ᠎ᠤᠨ ᠬᠠᠳᠠᠭᠤ ᠪᠤᠯᠪᠠᠰᠤᠷᠠᠯ᠎ᠢ ᠦᠩᠬᠡᠷᠡᠬᠡᠵᠠᠢ᠃

ᠯᠢᠩᠬᠤᠸ᠎ᠠ ᠤᠷᠤᠭ᠎ᠠ ᠪᠤᠰᠬᠠᠭ᠎ᠠ ᠤᠨ ᠵᠢᠯ᠎ᠳᠤ ᠬᠦᠮᠦᠨ᠎ᠤ ᠬᠤᠷᠸ᠎ᠠ᠎ᠳᠤ ᠢᠷᠡᠵᠤ᠂ ᠤᠨᠠᠭᠠᠨ ᠨᠠᠰᠤ᠎ᠪᠠᠨ ᠦᠵᠡᠯ ᠵᠤᠷᠢᠭ᠂ ᠦᠢᠯᠡᠰ ᠵᠢᠳᠭᠦᠯ᠎ᠤᠨ ᠰᠤᠷᠢᠯᠳᠠ ᠪᠡᠷ ᠲᠠᠪᠳᠠᠵᠦ᠂ ᠦᠩᠭᠡᠷᠡᠬᠡᠭ᠌ᠰᠡᠨ ᠪᠦᠬᠦᠨ᠎ᠨᠢ ᠲᠡᠬᠦᠨ᠎ᠳᠤ ᠦᠪ ᠬᠦᠷᠦᠩᠭᠡ᠂ ᠨᠠᠨᠳᠢᠨ ᠳᠤᠷᠠᠳᠬᠠᠯ ᠪᠤᠯᠤᠨ ᠦᠯᠡᠳᠡᠭᠰᠡᠡ ᠪᠢᠯᠠ᠃ ᠦᠩᠱᠢᠭ ᠨᠤᠳᠤᠭ ᠲᠤ᠌ ᠪᠠᠢᠭᠤᠯᠤᠭᠳᠠᠭᠰᠠᠠ ᠡᠷᠦᠬᠡ᠎ᠶ᠋ᠢᠨ ᠴᠡᠷᠢᠭ᠎ᠤᠨ ᠮᠤᠷᠢᠳᠤ ᠴᠡᠷᠢᠭ ᠠᠩᠭᠢ᠎ᠶ᠋ᠢᠨ ᠦᠢᠯᠡ ᠠᠵᠢᠯᠯᠠᠭ᠎ᠠ᠎ᠨᠢ ᠳᠤᠬᠠᠢ ᠵᠢᠨ ᠦᠶ᠎ᠠ ᠵᠢᠨ ᠨᠤᠳᠤᠭ᠎ᠤᠨ ᠬᠦᠮᠤᠰ᠎ᠤᠨ ᠬᠠᠯᠠᠮᠰᠢᠯ ᠵᠤᠭᠤᠭ ᠪᠤᠯᠵᠤ᠂ ᠬᠢᠯᠢ ᠬᠢᠵᠠᠭᠠᠷ᠎ᠢ ᠰᠡᠬᠢᠨ ᠬᠠᠮᠠᠭᠠᠯᠠᠵᠤ᠂ ᠤᠯᠠᠨ᠎ᠤ ᠬᠦᠴᠢᠷᠳᠡᠯ᠎ᠢ ᠰᠢᠢᠳᠪᠤᠷᠢᠯᠡᠵᠤ ᠦᠭᠳᠡᠭ ᠵᠢᠡᠷ ᠬᠦᠮᠤᠰ ᠳᠤᠰ ᠠᠩᠬᠢ᠎ᠳᠤ ᠳᠤᠷᠠᠳᠠᠶ᠎ᠠ ᠤᠷᠤᠳᠠᠭ ᠪᠠᠢᠪᠠ᠃ ᠡᠷᠦᠬᠡ᠎ᠶ᠋ᠢᠨ ᠴᠡᠷᠢᠭ᠎ᠤᠨ ᠮᠤᠷᠢᠳᠤ ᠴᠡᠷᠢᠭ ᠠᠩᠭᠢ᠎ᠨᠢ ᠵᠢᠯ᠎ᠤᠨ ᠲᠦᠷᠪᠡᠨ ᠤᠯᠠᠷᠢᠯ᠎ᠳᠤ ᠱᠢᠷᠭᠠᠭᠤ ᠬᠠᠳᠠᠭᠤᠵᠢᠯᠳᠠᠢ ᠪᠤᠯᠪᠠᠰᠤᠷᠠᠯ ᠬᠢᠳᠡᠭ᠃ ᠡᠭᠦᠨ᠎ᠳᠤ ᠮᠤᠷᠢᠨ ᠲᠤᠪᠳᠤᠯᠭᠠ ᠪᠡᠷ ᠭᠤᠷᠪᠠᠨ ᠲᠤᠬᠤᠢ ᠦᠨᠳᠦᠷ ᠬᠡᠷᠡᠮ᠎ᠢ ᠬᠠᠷᠠᠢᠬᠤ᠂ ᠭᠤᠷᠪᠠᠨ ᠲᠤᠬᠤᠢ ᠦᠷᠭᠡᠨ ᠨᠦᠬᠡ᠎ᠶ᠋ᠢ ᠱᠢᠭᠤᠳ ᠬᠠᠷᠠᠢᠬᠤ ᠪᠤᠯᠪᠠᠰᠤᠷᠠᠯ ᠬᠢᠬᠦ; ᠬᠤᠷᠳᠤᠨ ᠮᠤᠷᠢᠨ᠎ᠤ ᠲᠣᠷᠭᠠᠨ ᠭᠦᠶᠦᠳᠡᠯ᠎ᠢᠶᠠᠷ ᠵᠠᠮ᠎ᠤᠨ ᠬᠤᠶᠠᠷ ᠲᠠᠯ᠎ᠠ᠎ᠪᠡᠷ ᠪᠤᠰᠭᠠᠵᠤ ᠲᠠᠯᠪᠢᠭ᠍ᠰᠠᠨ ᠡᠪᠡᠰᠦᠨ ᠬᠦᠮᠦᠨ᠎ᠢ ᠬᠢᠳᠤᠭᠠᠯᠠᠬᠤ ᠁ ᠵᠡᠷᠭᠡ ᠮᠤᠷᠢᠳᠤ ᠴᠡᠷᠢᠭ᠎ᠤᠨ ᠤᠯᠠᠨ ᠵᠦᠢᠯ᠎ᠤᠨ ᠦᠨᠳᠦᠰᠦᠨ ᠪᠤᠯᠪᠠᠰᠤᠷᠠᠯ ᠬᠢᠳᠡᠭ᠃ᠢᠩᠬᠢᠵᠤ ᠪᠤᠯᠪᠠᠰᠤᠷᠠᠭᠰᠠᠠ ᠤ᠋ ᠰᠠᠢᠨ ᠵᠢᠡᠷ᠂ 1965 ᠤᠨ ᠳᠤ ᠬᠤᠷᠴᠢᠨ ᠵᠡᠭᠦᠨ ᠭᠠᠷᠤᠨ ᠲᠤᠮᠳᠠᠳᠤ ᠬᠤᠱᠢᠭᠤᠨ᠎ᠤ ᠲᠦᠪ ᠪᠤᠥᠺᠠᠩᠳᠤ ᠶᠠᠪᠤᠭᠳᠠᠭᠰᠠᠠ ᠳᠤᠰ ᠬᠤᠱᠢᠭᠤᠨ᠎ᠤ ᠡᠷᠦᠬᠡ᠎ᠶ᠋ᠢᠨ ᠴᠡᠷᠢᠭ᠎ᠤᠨ ᠮᠤᠷᠢᠳᠤ ᠴᠡᠷᠢᠭ᠎ᠠᠩᠬᠢ ᠵᠢᠨ ᠪᠤᠯᠪᠠᠰᠤᠷᠠᠯ᠎ᠤᠨ ᠰᠢᠢᠳᠪᠦᠷᠢᠳᠦ ᠤᠷᠤᠯᠳᠤᠭᠠᠨ᠎ᠳᠤ ᠯᠢᠩᠬᠤᠸ᠎ᠠ ᠦᠩᠭᠡ ᠭᠡᠷᠡᠯᠳᠡᠢ ᠪᠠᠷ 《ᠱᠢᠯᠭᠠᠷᠠᠭ᠍ᠰᠠᠨ ᠬᠠᠷᠪᠤᠭᠠᠴᠢ》 ᠶ᠋ᠢᠨ ᠢᠷᠠᠭᠤ ᠠᠯᠳᠠᠷ᠎ᠢ ᠬᠦᠷᠳᠡᠭᠰᠡᠨ ᠶᠤᠮ᠃

《ᠲᠡᠰᠪᠦᠷᠢ ᠲᠠᠭᠠᠭᠠᠴᠠ ᠲᠠᠢ᠂ᠬᠦᠨ ᠪᠤᠳᠤᠯᠭ᠎ᠠ ᠲᠠᠢ᠂ᠬᠤᠯᠠ ᠵᠢᠨ ᠬᠠᠷᠠᠴᠠ ᠲᠠᠢ》 ᠬᠡᠮᠡᠬᠦ ᠬᠡᠳᠤᠨ ᠦᠬᠡ ᠨᠤᠳᠤᠭ᠎ᠤᠨ ᠬᠦᠮᠤᠰ᠎ᠤᠨ ᠯᠢᠩᠬᠤᠸ᠎ᠠ ᠵᠢ ᠦᠨᠡᠯᠡᠳᠡᠭ ᠲᠦᠯᠦᠬᠡᠨᠤ ᠦᠬᠡ ᠪᠤᠯᠤᠭᠰᠠᠠ ᠪᠠᠢᠨ᠎ᠠ᠃ 1968 ᠤᠨ ᠳ᠋ᠤ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠨᠤᠭᠤᠰᠤᠳᠠᠢ ᠪᠠᠯᠭᠠᠰᠤᠨ᠎ᠤ ᠪᠠᠷᠠᠭᠤᠨ ᠬᠠᠭᠠᠯᠭᠠᠳᠠᠢ ᠭᠠᠴᠠᠭᠠᠨ᠎ᠳᠤ ᠪᠡᠷᠢ ᠪᠤᠯᠵᠤ ᠢᠷᠡᠭᠰᠡᠡ᠎ᠤ ᠰᠡᠬᠦᠯᠠᠷ ᠲᠤᠬᠠᠢ᠎ᠶ᠋ᠢᠨ ᠭᠠᠵᠠᠷ᠎ᠤᠨ ᠨᠠᠮ ᠵᠠᠰᠠᠭᠡᠴᠨ ᠯᠢᠩᠬᠤᠸᠠᠳᠤ ᠡᠬᠡ ᠪᠠᠷᠢᠭ᠍ᠴᠢ᠎ᠶ᠋ᠢᠨ ᠠᠵᠢᠯ ᠠᠯᠪᠠ ᠵᠢ ᠳᠤᠬᠢᠷᠠᠭᠤᠯᠤᠭᠰᠠᠠ ᠪᠠᠢᠯ᠎ᠠ᠃ ᠬᠡᠳᠦᠢᠪᠡᠷ ᠠᠵᠢᠯ᠎ᠤᠨ ᠬᠤᠪᠢᠷᠠᠯᠳᠠ ᠭᠠᠷᠤᠭ᠍ᠰᠠᠨ ᠪᠤᠯᠪᠠᠴᠤ᠌ ᠲᠡᠬᠦᠨ᠎ᠤ ᠬᠦᠮᠤᠨ᠎ᠳᠤ ᠳᠤᠰᠠᠷᠬᠠᠬ᠂ ᠠᠵᠢᠯ᠎ᠳᠠᠭᠠᠨ ᠬᠢᠨᠠᠭᠤᠷ ᠤᠪᠤᠷ ᠰᠤᠷᠳᠠᠯ ᠨᠢ ᠨᠤᠳᠤᠭ᠎ᠤᠨ ᠪᠤᠭᠤᠷᠤᠯᠴᠤᠳ᠂ᠢᠳᠡᠷ ᠵᠠᠯᠠᠭᠤᠴᠤᠳ ᠲᠤ᠌ ᠱᠠᠭᠰᠢᠭᠳᠠᠵᠤ ᠶᠠᠪᠤᠯ᠎ᠠ᠃
ᠯᠢᠩᠬᠤᠸ᠎ᠠ ᠵᠠᠯᠠᠭᠤ ᠡᠴᠨ ᠪᠡᠨ ᠠᠵᠢᠯ᠎ᠳᠠᠭᠠᠨ ᠬᠠᠷᠢᠭᠤᠴᠠᠯᠭ᠎ᠠ ᠲᠠᠢ᠂ ᠠᠮᠢᠳᠤᠷᠠᠯ᠎ᠳᠠᠭᠠᠨ ᠬᠢᠨᠠᠮᠠᠭᠠᠢ ᠬᠠᠨᠳᠤᠳᠠᠭ ᠵᠢᠡᠷ ᠤᠳᠤᠷᠢᠳᠤᠯᠭ᠎ᠠ ᠪᠤᠯᠤᠨ ᠬᠠᠮᠳᠤ ᠠᠵᠢᠯᠯᠠᠭᠰᠠᠳ᠎ᠤᠨ ᠦᠨᠳᠤᠷ ᠦᠨᠡᠯᠡᠯᠳᠠ ᠵᠢ ᠤᠯᠤᠭᠰᠠᠠ ᠶᠤᠮ᠃ᠢᠯᠠᠩᠭᠤᠶ᠎ᠠ ᠪᠦᠰᠡᠬᠦᠢᠴᠤᠳ ᠬᠦᠩᠬᠡᠵᠢᠬᠦ ᠦᠶ᠎ᠠ᠎ᠳᠤ ᠠᠶᠤᠵᠤ ᠪᠠᠯᠢᠳᠠᠬᠤ ᠡᠴᠨ ᠨᠢ ᠰᠡᠷᠬᠡᠢᠯᠡᠵᠤ ᠰᠡᠳᠬᠢᠯ ᠰᠠᠨᠠᠭ᠎ᠠ ᠵᠢ ᠨᠢ ᠲᠡᠢᠳᠬᠤᠷᠠᠭᠤᠯᠳᠠᠭ᠂ ᠪᠤᠢᠳᠠ ᠪᠦᠭᠯᠡᠬᠦᠤ ᠤᠷᠤᠨ᠎ᠳᠤ ᠴᠠᠭ ᠮᠦᠴᠠ ᠲᠠᠢ ᠤᠷᠤᠯᠳᠤᠨ ᠨᠢᠯᠬ᠎ᠠ ᠪᠤᠯᠪᠠᠷᠠᠢ ᠦᠷ᠎ᠠ ᠵᠢ ᠡᠨᠡ ᠲᠡᠯᠡᠬᠡᠢ᠎ᠳᠤ ᠡᠷᠡᠬᠦᠯ ᠮᠡᠨᠳᠤ ᠪᠡᠷ ᠳᠤᠰᠤᠨ ᠠᠪᠳᠠᠭ᠃ᠡᠨᠡ ᠪᠦᠬᠦᠨ ᠨᠢ ᠲᠡᠬᠦᠨ᠎ᠳᠤ ᠠᠪᠴᠤ ᠬᠡᠯᠡᠪᠡᠯ᠂ ᠬᠠᠮᠤᠭ᠎ᠤᠨ ᠵᠢᠷᠭᠠᠯᠳᠠᠢ ᠴᠠᠭ ᠮᠦᠴᠠ᠂ ᠮᠦᠨ ᠴᠤ᠌ ᠲᠡᠬᠦᠨ᠎ᠤ ᠴᠦᠬᠦᠷᠡᠰᠢ ᠦᠬᠡᠢ ᠴᠢᠷᠮᠠᠢᠯᠭ᠎ᠠ᠂ᠦᠨᠡᠨ ᠰᠡᠳᠬᠢᠯ᠎ᠤᠨ ᠬᠢᠨᠢ ᠬᠠᠷᠢᠭᠤ᠂ ᠡᠬᠡ ᠪᠠᠷᠢᠬᠴᠢ ᠵᠢᠨ ᠠᠵᠢᠯ᠎ᠢ ᠬᠢᠯᠠᠯᠵᠠᠳᠠᠯ᠎ᠠ ᠬᠢᠵᠤ ᠶᠠᠪᠤᠭ᠎ᠠ ᠵᠢᠨ ᠪᠤᠳᠠᠳᠤ ᠢᠯᠡᠷᠡᠯ ᠪᠤᠯᠤᠨ᠎ᠠ᠃ᠯᠢᠩᠬᠤᠸ᠎ᠠ ᠡᠬᠡᠯ ᠵᠢᠷ᠎ᠤᠨ ᠠᠵᠢᠯ᠎ᠤᠨ ᠪᠠᠢᠷᠢ ᠳ᠋ᠠᠭᠠᠨ ᠬᠡᠳᠤᠨ ᠠᠷᠪᠠᠨ ᠵᠢᠯ ᠠᠵᠢᠯᠯᠠᠵᠤ᠂ 2002 ᠤᠨ ᠪᠤᠯᠬᠤ᠎ᠳᠤ ᠤᠷᠢᠳ ᠬᠤᠵᠢᠳ 213 ᠬᠡᠥᠬᠡᠳ᠎ᠢ ᠲᠤᠰᠴᠤ᠌᠂ᠨᠤᠳᠤᠭ᠎ᠤᠨ ᠬᠢᠨᠢ ᠠᠷᠠᠳ ᠤᠯᠠᠨ 《ᠠᠯᠳᠠᠷᠳᠤ ᠡᠬᠡ ᠪᠠᠷᠢᠭ᠍ᠴᠢ》 ᠬᠡᠮᠡᠨ ᠬᠦᠨᠳᠦᠳᠭᠡᠨ ᠲᠠᠭᠤᠳᠠᠭᠰᠠᠭᠠᠷ ᠢᠷᠡᠭᠰᠡᠡ ᠪᠢᠯᠠ᠃
《ᠬᠦᠰᠡᠯᠡᠩ ᠦᠭᠡᠢ ᠬᠦᠮᠦᠨ ᠳᠠᠯᠠᠪᠴᠢ ᠦᠭᠡᠢ ᠱᠢᠪᠠᠭᠤ᠎ᠲᠠᠢ ᠠᠳᠠᠯᠢ》 ᠬᠡᠳᠡᠭ ᠵᠢᠡᠷ ᠯᠢᠩᠬᠤᠸ᠎ᠠ ᠬᠦᠳᠡᠭᠡ ᠨᠤᠳᠤᠭ᠎ᠤᠨ ᠬᠦᠭᠵᠢᠯᠳᠠ᠂ ᠠᠷᠠᠳ᠎ᠤᠨ ᠬᠦᠴᠢᠷᠳᠡᠯ᠎ᠢ ᠰᠡᠳᠬᠢᠯ᠎ᠳ᠋ᠡᠬᠡᠨ ᠦᠷᠬᠦᠯᠵᠢ ᠪᠤᠳᠤᠵᠤ ᠶᠠᠪᠤᠳᠠᠭ᠃ ᠲᠠᠷᠠ ᠪᠡᠷ ᠬᠤᠪᠢᠳᠠᠭᠰᠠᠠ ᠠᠵᠢᠯ ᠵᠢᠠᠨ ᠰᠠᠢᠨ ᠬᠢᠬᠦ ᠡᠴᠨ ᠭᠠᠳᠠᠨ᠎ᠠ ᠬᠦᠴᠢᠷ ᠳᠤᠯᠭᠠᠷᠠᠭᠰᠠᠠ ᠠᠢᠯ ᠡᠷᠤᠬᠡ᠎ᠳᠤ ᠵᠤᠭᠤᠰ ᠮᠦᠩᠬᠦ ᠬᠠᠨᠳᠢᠪᠯᠡᠵᠤ᠂ᠦᠷ᠎ᠠ ᠬᠡᠤᠬᠡᠳ ᠲᠡᠬᠡᠨ ᠦᠷᠬᠦᠯᠵᠢ ᠪᠤᠰᠤᠳ᠎ᠢ ᠳᠤᠰᠠᠯᠠᠵᠤ ᠶᠠᠪᠤᠬᠤ ᠨᠢ ᠪᠢᠳᠠᠨ᠎ᠤ ᠬᠢᠪᠡᠰᠦ ᠵᠤᠬᠢᠬᠤ ᠠᠵᠢᠯ ᠬᠡᠮᠡᠠ ᠵᠢᠭᠠᠨ ᠰᠤᠷᠭᠠᠵᠤ᠂ᠦᠷ᠎ᠠ ᠬᠤᠢᠴᠢᠰ ᠲᠠᠭᠠᠨ ᠲᠠᠭᠤᠷᠢᠶᠠᠯ ᠦᠵᠡᠬᠦᠯᠬᠦ ᠪᠡᠷ ᠪᠠᠷᠠᠬᠤ ᠦᠬᠡᠢ ᠤᠢᠷ᠎ᠠ ᠬᠠᠪᠢ ᠵᠢᠨ ᠬᠦᠮᠤᠰ᠎ᠢ ᠴᠤ᠌ ᠨᠦᠯᠦᠬᠡᠯᠡᠭᠰᠡᠡᠢ ᠶᠠᠭᠤᠨ ᠬᠡᠯᠡᠬᠦᠪ᠃
ᠯᠢᠩᠬᠤᠸ᠎ᠠ᠎ᠶ᠋ᠢᠨ ᠴᠦᠬᠦᠷᠡᠰᠢ ᠦᠭᠡᠢ ᠴᠢᠷᠮᠠᠢᠬᠤ ᠬᠠᠳᠠᠨ ᠵᠤᠷᠢᠭ᠂ ᠨᠢᠭᠡ ᠯᠡ ᠰᠡᠳᠭᠢᠯᠭᠡ᠎ᠪᠠᠷ ᠱᠢᠮᠳᠠᠬᠤ ᠱᠢᠯᠢᠳᠡᠭ ᠠᠷᠠᠨᠱᠢᠨ᠎ᠨᠢ ᠲᠤᠬᠠᠢ᠎ᠶ᠋ᠢᠨ ᠭᠠᠵᠠᠷ᠎ᠤᠨ ᠬᠦᠮᠦᠨ ᠠᠷᠠᠳ᠎ᠤᠨ᠎ᠢᠶᠠᠨ ᠰᠡᠳᠬᠢᠯ᠎ᠢ ᠤᠯᠵᠤ᠂ᠤᠯᠠᠨ ᠬᠦᠮᠦᠰ ᠲᠡᠭᠦᠨ᠎ᠲᠠᠢ ᠡᠶ᠎ᠡ ᠡᠪᠳᠡᠢ ᠬᠠᠷᠢᠯᠴᠠᠬᠤ ᠳᠤᠷᠠᠳᠠᠢ ᠪᠠᠢᠳᠠᠭ ᠃1976 ᠤᠨ ᠳᠤ ᠶᠡᠭᠡ ᠪᠠᠷᠢᠭᠠᠳᠠ᠂ ᠭᠠᠴᠠᠭ᠎ᠠ ᠪᠠᠯᠭᠠᠰᠤᠨ᠎ᠤ ᠤᠳᠤᠷᠢᠳᠤᠯᠭ᠎ᠠ ᠬᠢᠭᠡᠳ ᠠᠷᠠᠳ ᠲᠦᠮᠡᠨ᠎ᠤ ᠰᠤᠩᠭᠤᠯᠳᠠ᠎ᠪᠠᠷ ᠲᠡᠬᠦᠨ᠎ᠢ ᠪᠠᠷᠠᠭᠤᠨ ᠬᠠᠭᠠᠯᠭᠠᠳᠠᠢ ᠭᠠᠴᠠᠭ᠎ᠠ᠎ᠶ᠋ᠢᠨ ᠡᠮᠡᠭ᠌ᠳᠡᠢᠴᠦᠳ᠎ᠤᠨ ᠬᠤᠯᠪᠤᠭᠠᠳᠤ ᠬᠤᠷᠠᠯ᠎ᠤᠨ ᠡᠷᠬᠢᠯᠡᠭ᠌ᠴᠢ᠎ᠶ᠋ᠢᠨ ᠠᠵᠢᠯ᠎ᠤᠨ ᠪᠠᠢᠷᠢᠨ᠎ᠳᠤ ᠲᠤᠬᠢᠷᠠᠭᠤᠯᠵᠤ᠂ ᠡᠨᠡ ᠦᠩᠭᠡ ᠭᠡᠷᠡᠯᠳᠡᠢ ᠠᠵᠢᠯ ᠢᠶᠠᠨ 1996 ᠤᠨ ᠪᠤᠯᠳᠠᠯ᠎ᠠ ᠭᠢᠯᠠᠯᠵᠠᠳᠠᠯ᠎ᠠ ᠪᠠᠶᠡᠯᠡᠬᠦᠯᠦᠭᠰᠡᠡ ᠶᠤᠮ᠃
ᠬᠦᠰᠡᠯ ᠳᠡᠮᠡᠤᠯᠤᠯᠳᠡᠭᠡᠨ ᠬᠦᠳᠦᠯᠦᠭᠳᠡᠨ ᠬᠦᠮᠦᠨ ᠠᠷᠠᠳ᠎ᠲᠠᠭᠠᠨ ᠬᠠᠢᠷ᠎ᠠ ᠬᠦᠨᠳᠦᠳᠭᠡᠯ᠎ᠲᠠᠢ ᠶᠠᠪᠤᠭ᠎ᠠ ᠯᠢᠩᠬᠤᠸ᠎ᠠ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠦᠯᠦᠭᠡᠯᠡᠭ᠌ᠴᠢ᠂ ᠪᠠᠯᠭᠠᠰᠤᠨ᠎ᠤ ᠠᠷᠠᠳ ᠤ᠋ᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠠᠷᠢᠬᠦᠯᠡᠭᠴᠢ ᠵᠢᠨ ᠪᠦᠯᠬᠦᠮ᠎ᠤᠨ ᠬᠡᠰᠢᠬᠦᠨ ᠵᠢᠡᠷ ᠠᠵᠢᠯᠯᠠᠵᠤ᠂ ᠤᠷᠢᠳ ᠬᠤᠵᠢᠳ ᠬᠤᠷᠴᠢᠨ ᠵᠡᠭᠦᠨ ᠭᠠᠷᠤᠨ ᠬᠤᠢᠳᠤ ᠬᠤᠱᠢᠭᠤᠨ᠎ᠤ 《ᠬᠤᠶᠠᠷ᠎ᠢ ᠰᠤᠷᠴᠤ᠌᠂ ᠬᠤᠶᠠᠷ᠎ᠢ ᠠᠳᠠᠯᠢᠳᠭᠠᠬᠤ》 ᠤᠷᠤᠯᠳᠤᠭᠠᠨ᠎ᠳᠤ 《ᠡᠮᠡᠭ᠌ᠳᠡᠢ ᠡᠷᠬᠢᠮ ᠱᠢᠯᠢᠳᠡᠭ》 ᠵᠢᠠᠷ ᠦᠨᠡᠯᠡᠭ᠌ᠳᠡᠵᠦ᠍᠂ ᠪᠠᠯᠭᠠᠰᠤᠨ᠎ᠤ 《ᠱᠢᠯᠢᠳᠡᠭ ᠡᠮᠡᠭ᠌ᠳᠡᠢᠴᠦᠳ᠎ᠤᠨ ᠬᠤᠯᠪᠤᠭᠠᠳᠤ ᠬᠤᠷᠠᠯ᠎ᠤᠨ ᠡᠷᠬᠢᠯᠡᠭ᠌ᠴᠢ》 ᠵᠡᠷᠬᠡ ᠬᠤᠱᠢᠭᠤ ᠪᠠᠯᠭᠠᠰᠤᠨ᠎ᠤ ᠲᠡᠰ᠎ᠤᠨ ᠱᠠᠩᠨᠠᠯ ᠬᠦᠬᠢᠬᠦᠯᠦᠯ᠎ᠢ ᠠᠷᠪᠠ ᠭᠠᠷᠤᠢ ᠤᠳᠠᠭ᠎ᠠ ᠲᠤᠰᠴᠠᠢ᠃
ᠲᠠᠷᠠ ᠨᠢᠬᠡ ᠨᠠᠰᠤ ᠪᠡᠷ ᠵᠢᠠᠨ ᠨᠤᠳᠤᠭ ᠤᠷᠤᠨ᠎ᠳᠠᠭᠠᠨ ᠨᠢᠬᠡᠨ ᠮᠦᠷᠤᠨᠤ ᠬᠦᠴᠤ ᠪᠡᠨ ᠡᠷᠬᠦᠵᠤ᠂ ᠤᠳᠤ ᠨᠠᠶᠠ ᠬᠦᠷᠴᠤ ᠦᠳᠡᠯᠦᠬᠡ ᠨᠠᠰᠤ ᠪᠡᠨ ᠰᠡᠳᠬᠢᠯ ᠬᠠᠩᠬᠤᠯᠤᠭᠤᠨ ᠦᠩᠬᠡᠷᠡᠬᠦᠯᠵᠤ ᠶᠠᠪᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃