2026-11-20 11:10:04
ᠦᠨᠳᠦᠰᠦᠨ ᠱᠠᠲᠤᠨ᠎ᠤ ᠴᠠᠬᠢᠯᠭᠠᠨ ᠬᠦᠴᠦᠨ᠎ᠤ ᠠᠵᠢᠯ ᠭᠡᠵᠤ ᠨᠢᠳᠦᠨ᠎ᠳᠤ ᠦᠵᠡᠭ᠌ᠳᠡᠵᠣ ᠬᠠᠷᠠᠭ᠍ᠳᠠᠭᠠᠳ ᠪᠠᠢᠳᠠᠭ ᠦᠭᠡᠢ ᠴᠤ᠌ ᠨᠦᠰᠡᠷ ᠬᠦᠨᠳᠦ᠂ ᠳᠠᠷᠤᠭᠠᠰᠤ᠎ᠲᠠᠢ ᠪᠠᠴᠢᠮ ᠲᠤᠯᠭᠠᠮ ᠠᠵᠢᠯ ᠪᠤᠯᠬᠤ ᠶᠤᠮ᠃ ᠰᠢᠯᠢ ᠵᠢᠨ ᠭᠤᠤᠯ ᠠᠢᠮᠠᠬ᠎ᠤᠨ ᠬᠥᠪᠡᠭᠡᠲᠦ ᠱᠢᠷ᠎ᠠ ᠬᠤᠱᠢᠭᠤᠨ᠎ᠤ ᠴᠠᠬᠢᠯᠭᠠᠨ ᠬᠠᠩᠭᠠᠬᠤ ᠺᠣᠮᠫᠠᠨᠢ᠎ᠶ᠋ᠢᠨ ᠳᠤᠬᠢᠷᠠᠭᠤᠯᠤᠨ ᠡᠵᠡᠮᠳᠡᠬᠦ᠌ ᠠᠩᠬᠢ᠎ᠶ᠋ᠢᠨ ᠳᠠᠷᠤᠭ᠎ᠠ ᠶᠠᠨ ᠵᠢᠶᠠ ᠯᠸᠢ ᠺᠤᠮᠫᠢᠦ᠋ᠲᠸᠷ᠎ᠤᠨ ᠳᠡᠯᠭᠡᠴᠡ ᠵᠢᠨ ᠡᠮᠦᠨ᠎ᠡ ᠠᠵᠢᠯ᠎ᠤᠨ ᠪᠠᠢᠷᠢ᠎ᠪᠠᠨ ᠪᠠᠲᠤ ᠰᠠᠬᠢᠠ᠂ ᠠᠷᠪᠠᠨ ᠬᠠᠪᠤᠷ ᠨᠠᠮᠤᠷ᠎ᠢ ᠦᠩᠭᠡᠷᠡᠬᠦᠯᠵᠤ᠂ ᠲᠠᠯ᠎ᠠ ᠨᠤᠲᠤᠭ᠎ᠤᠨ ᠠᠷᠠᠳ ᠤᠯᠠᠨ᠎ᠳᠤ ᠴᠠᠬᠢᠯᠭᠠᠨ ᠬᠠᠩᠭᠠᠬᠤ ᠠᠵᠢᠯ᠎ᠢᠶᠠᠨ ᠤᠰᠤᠯᠳᠤᠯ ᠦᠭᠡᠢ ᠪᠡᠶᠡᠯᠡᠬᠦᠯᠦᠭ᠌ᠰᠡᠭᠡᠷ ᠢᠷᠡᠵᠠᠢ᠃

2016 ᠣᠨ᠎ᠳᠤ ᠶᠠᠨ ᠵᠢᠶᠠ ᠯᠸᠢ ᠳᠤᠬᠢᠷᠠᠭᠤᠯᠤᠨ ᠡᠵᠡᠮᠳᠡᠬᠦ᠌ ᠠᠩᠬᠢ᠎ᠳᠤ ᠠᠵᠢᠯ᠎ᠤᠨ ᠭᠠᠷᠤᠭ᠎ᠠ᠎ᠪᠠᠨ ᠠᠪᠴᠠᠢ᠃ ᠠᠵᠢᠯ᠎ᠤᠨ ᠪᠠᠢᠷᠢᠨ᠎ᠳᠤ ᠠᠩᠬ᠎ᠠ ᠭᠠᠷᠬᠤ᠎ᠳᠠᠭᠠᠨ ᠲᠡᠷᠡ ᠪᠡᠷ ᠠᠵᠢᠯ᠎ᠤᠨ ᠳᠠᠷᠤᠭᠠᠰᠤ᠎ᠪᠠᠨ ᠰᠤᠷᠴᠦ᠍ ᠰᠤᠳᠤᠯᠬᠤ ᠬᠦᠴᠦᠨ ᠪᠤᠯᠭᠠᠨ᠂ ᠡᠳᠦᠷ᠎ᠨᠢ ᠪᠠᠭ᠍ᠰᠢ᠎ᠲᠠᠢ᠎ᠪᠠᠨ ᠠᠵᠢᠯᠯᠠᠵᠤ᠂ ᠰᠥᠨᠢ᠎ᠨᠢ ᠰᠤᠷᠴᠤ ᠰᠤᠳᠤᠯᠬᠤ᠎ᠳᠤ ᠰᠢᠮᠳᠠᠨ᠂ ᠲᠤᠭ᠎ᠠ ᠪᠠᠷᠢᠮᠲᠠ᠎ᠶ᠋ᠢ ᠠᠶᠤᠤᠯᠢᠬᠠᠢ ᠴᠡᠭᠡᠵᠢᠨ᠎ᠳᠡᠭᠡᠨ ᠲᠤᠭᠲᠠᠭᠠᠵᠤ᠂ ᠰᠡᠷᠡᠮᠵᠢ᠎ᠶ᠋ᠢᠨ ᠳᠣᠬᠢᠶᠠᠨ᠎ᠤ ᠠᠭᠤᠯᠭ᠎ᠠ᠎ᠶ᠋ᠢ ᠲᠡᠮᠳᠡᠭ᠌ᠯᠡᠯ᠎ᠤᠨ ᠳᠡᠪᠲᠡᠷᠲᠡᠭᠡᠷᠡ ᠪᠠᠨ ᠳᠦᠬᠦᠷᠡᠲᠡᠯᠡ ᠲᠡᠮᠳᠡᠭ᠌ᠯᠡᠭ᠌ᠰᠡᠨ ᠪᠠᠢᠯ᠎ᠠ᠃
2019 ᠣᠨ᠎ᠳᠤ᠂ ᠬᠥᠪᠡᠭᠡᠲᠦ ᠱᠢᠷ᠎ᠠ ᠬᠤᠱᠢᠭᠤᠨ᠎ᠤ ᠴᠠᠬᠢᠯᠭᠠᠨ ᠲᠣᠤᠷ ᠬᠠᠮᠤᠭ᠎ᠤᠨ ᠶᠡᠭᠡ ᠬᠡᠪᠴᠢᠶᠡᠨ᠎ᠤ ᠣᠶᠣᠨᠴᠢᠯᠠᠨ ᠳᠡᠰ ᠳᠡᠪᠱᠢᠬᠦ᠌ ᠱᠠᠲᠦᠨ᠎ᠳᠤ ᠣᠷᠤᠪᠠ᠃ ᠲᠦᠮᠨ ᠪᠤᠮᠠᠨ ᠵᠤᠷᠪᠤᠰ ᠲᠤᠭ᠎ᠠ ᠪᠠᠷᠢᠮᠲᠠ᠎ᠶ᠋ᠢ ᠱᠢᠢᠳᠪᠦᠷᠢᠯᠡᠬᠦ᠌᠎ᠶ᠋ᠢᠨ ᠲᠦᠯᠦᠭᠡ ᠶᠠᠨ ᠵᠢᠶᠠ ᠯᠸᠢ ᠪᠠᠷᠤᠭ ᠲᠣᠬᠢᠷᠠᠭᠤᠯᠬᠤ ᠲᠠᠰᠤᠭ᠎ᠲᠠᠭᠠᠨ ᠰᠠᠭᠤᠭᠠᠳ᠂ ᠲᠤᠭ᠎ᠠ ᠪᠠᠷᠢᠮᠲᠠ᠎ᠶ᠋ᠢ ᠵᠤᠷᠪᠤᠰ ᠳᠠᠷᠠᠭᠠᠯᠠᠨ ᠬᠠᠷᠭᠤᠭᠤᠯᠳᠠᠭ ᠪᠠᠢᠯ᠎ᠠ᠃ ᠨᠢᠭᠡ ᠤᠳᠠᠭ᠎ᠠ ᠦᠷ᠎ᠤᠨ ᠭᠤᠷᠪᠠᠨ ᠴᠠᠭ᠎ᠲᠤ᠌ ᠲᠡᠷᠡ ᠵᠢᠭᠠᠬᠠᠨ ᠵᠥᠷᠢᠶ᠎ᠡ᠎ᠶ᠋ᠢ ᠬᠤᠷᠴᠠ ᠰᠡᠷᠭᠡᠭ᠎ᠢᠶᠠᠷ ᠡᠷᠢᠵᠤ ᠭᠠᠷᠭᠠᠭᠠᠳ᠂ ᠰᠥᠨᠢᠵᠢᠨ ᠬᠢᠨᠠᠨ ᠬᠠᠷᠭᠤᠭᠤᠯᠵᠤ᠂ ᠲᠤᠭ᠎ᠠ ᠪᠠᠷᠢᠮᠲᠠ᠎ᠶ᠋ᠢᠨ ᠠᠯᠳᠠᠭ᠎ᠠ᠎ᠶ᠋ᠢ ᠵᠠᠯᠠᠷᠠᠭᠤᠯᠤᠨ᠂ ᠬᠢᠨᠠᠨ ᠱᠢᠯᠭᠠᠯᠲᠠ᠎ᠳᠤ ᠠᠰᠠᠭᠤᠳᠠᠯ ᠦᠭᠡᠢ ᠪᠠᠢᠬᠤ᠎ᠶ᠋ᠢ ᠪᠠᠲᠤᠯᠠᠭᠰᠠᠨ ᠪᠠᠢᠯ᠎ᠠ᠃
ᠡᠨᠡ ᠵᠢᠯ᠎ᠤᠨ ᠬᠠᠪᠤᠷ᠂ ᠨᠠᠷᠠᠨ ᠠᠭᠤᠯᠠ᠎ᠶ᠋ᠢᠨ 110 ᠺᠢᠯᠤᠸᠠᠲ᠎ᠤᠨ ᠬᠦᠴᠦᠳᠡᠯ ᠦᠭᠡᠷᠡᠴᠢᠯᠡᠬᠦ᠌ ᠦᠷᠲᠡᠭᠡᠨ᠎ᠤ 10 ᠺᠢᠯᠤᠸᠠᠲ᠎ᠤᠨ ᠤᠯᠠᠭᠠᠨ ᠲᠤᠭ ᠬᠦᠷᠬᠦ᠌ ᠴᠠᠬᠢᠯᠭᠠᠨ ᠱᠤᠭᠤᠮ᠎ᠢ ᠦᠭᠡᠷᠡᠴᠢᠯᠡᠬᠦ᠌ ᠴᠢᠬᠤᠯᠠᠲᠠᠢ ᠪᠣᠯᠵᠤ᠂ ᠵᠠᠮ ᠳᠠᠭᠠᠤ 471 ᠮᠠᠯᠴᠢᠨ ᠡᠷᠦᠬᠡ᠎ᠶ᠋ᠢᠨ ᠴᠠᠬᠢᠯᠭᠠᠨ᠎ᠢ ᠳᠠᠰᠤᠯᠬᠤ ᠲᠦᠪᠡᠭ᠌᠎ᠲᠠᠢ ᠠᠰᠠᠭᠤᠳᠠᠯ᠎ᠳᠤ ᠲᠤᠯᠭᠠᠷᠠᠪᠠ᠃《ᠴᠠᠬᠢᠯᠭᠠᠨ ᠳᠠᠰᠤᠯᠬᠤ ᠦᠭᠡᠢ᠎ᠪᠠᠷ ᠠᠵᠢᠯ᠎ᠢᠶᠠᠨ ᠬᠢᠵᠣ ᠦᠵᠡᠬᠦ᠌ ᠶᠣᠮ ᠰᠠᠨ》 ᠭᠡᠰᠡᠨ ᠪᠤᠳᠤᠯᠶᠠᠨ ᠵᠢᠶᠠ ᠯᠧᠢ ᠵᠢᠨ ᠳᠤᠲᠤᠷ᠎ᠠ ᠭᠢᠯᠠᠰᠬᠢᠨ ᠪᠠᠭᠤᠵᠤ᠂ ᠴᠠᠬᠢᠯᠭᠠᠨ ᠳᠠᠰᠤᠯᠬᠤ ᠦᠭᠡᠢ᠎ᠪᠠᠷ ᠲᠣᠤᠷ᠎ᠢ ᠲᠣᠬᠢᠷᠠᠭᠤᠯᠬᠤ ᠲᠣᠤᠷ ᠲᠦ᠍ ᠨᠡᠢᠯᠡᠭᠦᠯᠬᠦ ᠴᠠᠬᠢᠯᠭᠠᠨ ᠬᠠᠩᠭᠠᠬᠤ ᠮᠡᠷᠭᠡᠵᠢᠯ᠎ᠢ ᠪᠤᠳᠠᠳᠦ ᠪᠠᠢᠳᠠᠯ᠎ᠲᠠᠢ᠎ᠪᠠᠨ ᠤᠶᠠᠯᠳᠤᠭᠤᠯᠤᠨ ᠰᠤᠳᠤᠯᠵᠤ ᠡᠬᠢᠯᠡᠪᠡ᠃ ᠠᠵᠢᠯ ᠡᠬᠢᠯᠡᠭ᠌ᠰᠡᠨ ᠡᠳᠦᠷ ᠲᠡᠷᠡ ᠲᠤᠬᠢᠷᠠᠭᠤᠯᠬᠤ ᠲᠠᠪᠴᠠᠩ᠎ᠳᠤ ᠣᠨᠤᠪᠴᠢᠲᠠᠢ ᠵᠠᠷᠯᠢᠭ ᠪᠠᠭᠤᠯᠭᠠᠵᠤ᠂ ᠵᠠᠮ ᠳᠠᠭᠠᠤ ᠴᠠᠬᠢᠯᠭᠠᠨ᠎ᠢ ᠵᠣᠭ᠍ᠰᠤᠭᠠᠬᠰᠠᠨ ᠦᠭᠡᠢ ᠪᠠᠢᠲᠠᠯ᠎ᠠ ᠡᠭᠦᠷᠭᠡ᠎ᠪᠠᠨ ᠢᠯᠭᠤᠮ ᠪᠡᠶᠡᠯᠡᠭᠦᠯᠵᠦ᠍᠂ ᠮᠡᠷᠭᠡᠵᠢᠯ᠎ᠤᠨ ᠱᠢᠨ᠎ᠡ᠎ᠶ᠋ᠢ ᠡᠬᠦᠳᠦᠭᠡᠳ᠂ ᠠᠷᠠᠳ ᠣᠯᠠᠨ᠎ᠤ ᠦᠢᠯᠡᠳᠪᠦᠷᠢᠯᠡᠯ ᠠᠮᠢᠳᠤᠷᠠᠯ᠎ᠤᠨ ᠬᠡᠪ᠎ᠤᠨ ᠶᠤᠰᠤᠭᠠᠷ ᠶᠠᠪᠤᠭ᠍ᠳᠠᠬᠤ᠎ᠶ᠋ᠢ ᠪᠠᠲᠤᠯᠠᠭ᠍ᠰᠠᠨ ᠪᠠᠢᠯ᠎ᠠ᠃
ᠮᠧᠩ᠎ᠶ᠋ᠢᠨ ᠠᠭᠤᠷᠬᠠᠢ᠎ᠶ᠋ᠢᠨ ᠦᠢᠯᠡᠰ᠂ ᠵᠢᠶᠠᠩᠰᠢ᠎ᠶ᠋ᠢᠨ ᠯᠢᠲ᠋ᠢ᠎ᠵᠢᠨ ᠦᠢᠯᠡᠰ᠎ᠢ ᠳᠠᠳᠠᠨ ᠣᠷᠤᠭᠤᠯᠬᠤ ᠵᠠᠩᠭᠢᠯᠠᠭ᠎ᠠ᠎ᠶ᠋ᠢᠨ ᠬᠤᠭᠤᠴᠠᠭᠠᠨ᠎ᠳᠤ ᠠᠵᠤ ᠠᠬᠤᠢ᠌ᠯᠠᠯ᠎ᠤᠨ ᠴᠠᠬᠢᠯᠭᠠᠨ ᠲᠣᠤᠷ᠎ᠲᠠᠢ ᠬᠤᠯᠪᠤᠭ᠍ᠳᠠᠬᠤ ᠮᠠᠲ᠋ᠧᠷᠢᠶᠠᠯ ᠨᠢ ᠪᠤᠳᠤᠯᠢᠶᠠᠨᠲᠠᠢ᠂ ᠮᠡᠳᠡᠭᠦᠯᠬᠦ᠌ ᠪᠠᠷᠢᠮᠵᠢᠶ᠎ᠠ᠎ᠨᠢ ᠳᠤᠳᠤᠷᠬᠠᠢ ᠦᠭᠡᠢ ᠪᠠᠢᠬᠤ ᠵᠡᠷᠭᠡ ᠠᠰᠠᠭᠤᠳᠠᠯ᠎ᠤᠨ ᠡᠮᠦᠨ᠎ᠡ ᠲᠡᠷᠡ《ᠬᠢᠨᠠᠨ ᠵᠥᠪᠱᠢᠶᠡᠷᠡᠬᠦ᠌ ᠳᠤ ᠦᠢᠯᠡᠴᠢᠯᠡᠬᠦ᠌》ᠠᠵᠢᠯ᠎ᠢᠶᠠᠨ《ᠰᠠᠨᠠᠭᠠᠴᠢᠯᠠᠭ᠎ᠠ᠎ᠠᠴᠠ᠎ᠪᠠᠨ ᠬᠡᠷᠲᠤᠨᠢ ᠬᠦᠷᠴᠦ᠍ ᠦᠢᠯᠡᠴᠢᠯᠡᠬᠦ᠌》ᠪᠣᠯᠭᠠᠨ ᠬᠤᠪᠢᠷᠠᠭᠤᠯᠵᠣ᠂ ᠲᠤᠰᠭᠠᠢ ᠮᠡᠷᠭᠡᠵᠢᠯ᠎ᠤᠨ ᠨᠡᠷ᠎ᠡ ᠲᠣᠮᠢᠶ᠎ᠠ᠎ᠶ᠋ᠢ ᠣᠢᠯᠠᠭᠠᠮᠵᠢᠲᠠᠢ ᠦᠭᠡ ᠦᠬᠦᠯᠡᠪᠦᠷᠢ ᠪᠣᠯᠭᠠᠭᠠᠳ᠂ ᠲᠤᠭ᠎ᠠ ᠪᠠᠷᠢᠮᠲᠠ᠎ᠶ᠋ᠢ ᠨᠢᠭᠡᠳ ᠨᠢᠭᠡ᠎ᠪᠠᠷ ᠬᠠᠷᠭᠤᠭᠤᠯᠤᠨ᠂ ᠴᠠᠬᠢᠯᠭᠠᠨ ᠳᠤᠬᠢᠷᠠᠭᠤᠯᠤᠨ ᠡᠵᠡᠮᠳᠡᠬᠦ᠌ ᠠᠵᠢᠯ᠎ᠢ ᠨᠢᠭᠡ ᠯᠡ ᠤᠳᠠᠭ᠎ᠠ᠎ᠳᠤ ᠬᠢᠨᠠᠨ ᠪᠠᠢᠴᠠᠭᠠᠯᠲᠠ᠎ᠶ᠋ᠢ ᠦᠩᠭᠡᠷᠡᠬᠦᠯᠵᠤ᠂ ᠴᠠᠬᠢᠯᠭᠠᠨ ᠲᠤᠤᠷ᠎ᠲᠤ ᠨᠡᠢᠯᠡᠭᠦᠯᠬᠦ᠌ ᠬᠤᠭᠤᠴᠠᠭ᠎ᠠ᠎ᠶ᠋ᠢ ᠶᠡᠬᠡ ᠪᠡᠷ ᠪᠤᠭᠤᠨᠢᠰᠭᠠᠵᠣ᠂ ᠱᠢᠯᠢᠳᠡᠭ ᠦᠢᠯᠡᠴᠢᠯᠡᠭᠡ᠎ᠪᠠᠷ᠎ᠢᠶᠠᠨ ᠨᠠᠮ ᠵᠠᠰᠠᠭ ᠪᠤᠯᠤᠨ ᠠᠵᠣ ᠠᠬᠤᠢᠯᠠᠯ᠎ᠤᠨ ᠬᠤᠯᠪᠤᠭᠠᠰᠤ᠎ᠶ᠋ᠢ ᠪᠠᠬᠢᠵᠢᠬᠦᠯᠵᠠᠢ᠃
ᠣᠲᠤ ᠠᠩᠭᠢ᠎ᠶ᠋ᠢᠨ ᠳᠠᠷᠤᠭ᠎ᠠ ᠪᠣᠯᠤᠭ᠍ᠰᠠᠨᠲᠡᠷᠡ ᠮᠥᠨ ᠯᠡ ᠡᠳᠦᠷ ᠪᠦᠷᠢ ᠬᠠᠮᠤᠭ ᠡᠷᠲᠡ ᠠᠵᠢᠯ᠎ᠤᠨ ᠪᠠᠢᠷᠢᠨ᠎ᠳᠤ ᠭᠠᠷᠴᠤ᠌᠂ ᠬᠠᠮᠤᠭᠣᠷᠤᠢ ᠶᠠᠪᠤᠬᠤ᠎ᠪᠠᠨ ᠪᠠᠷᠢᠮᠲᠠᠯᠠᠭ᠍ᠰᠠᠭᠠᠷ᠃ ᠬᠠᠮᠲᠦ ᠵᠢᠨ ᠬᠦᠴᠦᠨ᠎ᠤ ᠴᠢᠬᠤᠯᠠ ᠴᠢᠨᠠᠷ᠎ᠢ ᠰᠠᠢᠨ ᠮᠡᠳᠡᠳᠡᠭ ᠲᠡᠷᠡ ᠪᠡᠷ ᠠᠷᠪᠠᠨ ᠵᠢᠯ ᠬᠤᠷᠠᠮᠳᠤᠭᠤᠯᠤᠭ᠍ᠰᠠᠨ 《ᠨᠢᠭᠤᠴᠠ ᠡᠷᠳᠡᠮ》 ᠵᠢᠡᠨ ᠨᠦᠬᠦᠳ ᠲᠡᠭᠡᠨ ᠤᠯᠠᠮᠵᠢᠯᠠᠵᠣ᠂ ᠳᠦᠷᠢᠮ ᠲᠣᠭ᠍ᠲᠠᠭᠠᠯ᠎ᠤᠨ ᠰᠤᠷᠤᠯᠴᠠᠯᠭ᠎ᠠ ᠪᠠ ᠠᠵᠢᠯ᠎ᠤᠨ ᠰᠣᠷᠢᠯᠲᠠ᠎ᠶ᠋ᠢ ᠵᠣᠬᠢᠶᠠᠨ ᠪᠠᠢᠭᠤᠯᠵᠣ᠂ ᠵᠠᠯᠠᠭᠤᠴᠤᠳ᠎ᠢᠶᠠᠨ ᠳᠠᠭᠠᠭᠤᠯᠤᠭᠠᠳ ᠠᠵᠢᠯᠳᠤᠨᠢ ᠳᠠᠰᠭᠠᠵᠣ᠂ ᠬᠦᠴᠢᠷᠪᠡᠷᠬᠡ ᠡᠴᠠ ᠠᠶᠤᠬᠤ ᠦᠭᠡᠢ ᠵᠠᠯᠠᠭᠤᠴᠤᠳ᠎ᠤᠨ ᠠᠵᠢᠯ᠎ᠤᠨ ᠡᠩᠨᠡᠭᠡ᠎ᠶ᠋ᠢ ᠪᠠᠢᠭᠤᠯᠵᠣ ᠪᠠᠢᠨ᠎ᠠ᠃ 《ᠪᠢ ᠠᠩᠬ᠎ᠠ ᠠᠵᠢᠯ᠎ᠳᠤ ᠭᠠᠷᠬᠤ᠎ᠳᠤ ᠪᠠᠭ᠍ᠰᠢ ᠮᠢᠨᠢ ᠲᠣᠮᠤ ᠳᠡᠯᠭᠡᠴᠡ᠎ᠶ᠋ᠢ ᠵᠢᠭᠠᠭᠠᠳ᠄〈ᠡᠨᠡ ᠠᠨᠢᠪᠴᠢᠬᠤ ᠲᠤᠭ᠎ᠠ ᠨᠢᠭᠡᠪᠦᠷᠢ ᠪᠣᠯ ᠳᠠᠷᠤᠢ ᠭᠡᠷᠡᠯᠳᠦᠵᠣ ᠪᠠᠢᠭ᠎ᠠ ᠨᠢᠭᠡ ᠡᠷᠦᠬᠡ᠎ᠶ᠋ᠢᠨ ᠳ᠋ᠧᠩ ᠪᠣᠯᠤᠨ᠎ᠠ〉 ᠭᠡᠵᠣ ᠶᠠᠷᠢᠭ᠍ᠰᠠᠨ᠂ ᠡᠨᠡ ᠦᠭᠡ᠎ᠶ᠋ᠢ ᠪᠢ ᠠᠷᠪᠠᠨ ᠵᠢᠯ ᠴᠡᠭᠡᠵᠢᠯᠡᠭ᠌ᠰᠡᠭᠡᠷ ᠢᠷᠡᠯ᠎ᠠ᠃ ᠣᠳᠤ ᠪᠢ ᠪᠠᠰᠠ ᠪᠠᠭ᠍ᠰᠢ ᠪᠣᠯᠴᠢᠬᠠᠯ᠎ᠠ᠂ ᠦᠷᠭᠦᠯᠵᠢ ᠱᠢᠨ᠎ᠡ ᠢᠷᠡᠭ᠌ᠰᠡᠨ ᠵᠠᠯᠠᠭᠤᠴᠤᠳᠲᠤ᠌ 〈ᠪᠤᠷᠤᠭᠤ ᠭᠠᠷᠭᠠᠬᠤ᠎ᠡᠴᠠ ᠪᠢᠲᠡᠭᠡᠢ ᠠᠶᠤ᠂ ᠭᠡᠪᠡᠴᠦ᠍ ᠡᠨᠡ ᠬᠦ᠌ ᠬᠠᠷᠢᠭᠤᠴᠠᠯᠭ᠎ᠠ᠎ᠶ᠋ᠢᠨ ᠴᠢᠬᠤᠯᠠ ᠭᠡᠳᠡᠭ᠎ᠢ ᠵᠠᠪᠠᠯ ᠮᠡᠳᠡᠬᠦ᠌ ᠬᠡᠷᠡᠭ᠌ᠲᠡᠢ〉 ᠭᠡᠵᠦ᠍ ᠰᠤᠷᠭᠠᠳᠠᠭ᠃ ᠡᠨᠡ ᠬᠦ᠌ ᠲᠣᠮᠤ ᠳᠡᠯᠭᠡᠴᠡ ᠭᠡᠷᠡᠯᠲᠦᠵᠦ᠍ ᠪᠠᠢᠳᠠᠭ ᠯᠠ ᠶᠤᠮ ᠪᠣᠯ ᠪᠢ ᠠᠵᠢᠯ᠎ᠤᠨ ᠪᠠᠢᠷᠢ᠎ᠪᠠᠨ ᠪᠠᠲᠦ ᠰᠠᠬᠢᠨ᠎ᠠ》 ᠭᠡᠵᠤ ᠶᠠᠨ ᠵᠢᠶᠠ ᠯᠧᠢ ᠶᠠᠷᠢᠯ᠎ᠠ᠃
ᠨᠢᠭᠡ ᠤᠴᠢᠷ᠎ᠢ ᠰᠠᠢᠲᠤᠷ ᠬᠢᠬᠦ᠌᠎ᠳᠤ ᠬᠦᠴᠢᠷ ᠪᠢᠰᠢ ᠮᠠᠭᠠᠳ ᠦᠭᠡᠢ᠂ ᠭᠡᠪᠡᠴᠦ᠍ ᠠᠷᠪᠠᠨ ᠵᠢᠯ᠎ᠢ ᠨᠢᠭᠡ ᠡᠳᠦᠷ ᠮᠡᠲᠦ ᠦᠩᠭᠡᠷᠡᠭᠦᠯᠦᠨ ᠨᠢᠭᠡ ᠣᠴᠢᠷ᠎ᠢ ᠰᠠᠢᠲᠤᠷ ᠬᠢᠬᠦ᠎ᠳᠤ ᠳᠡᠰᠪᠦᠷᠢ ᠳᠡᠪᠴᠢᠶᠡᠷᠢ ᠬᠡᠷᠡᠭ᠌ᠲᠠᠢ᠃ ᠶᠠᠨ ᠵᠢᠶᠠ ᠯᠧᠢ ᠠᠵᠢᠯ ᠦᠢᠯᠡᠰ᠎ᠢᠶᠠᠨ ᠳᠡᠭᠡᠳᠦᠯᠡᠨ᠂ ᠡᠭᠡᠯ ᠵᠢᠷ᠎ᠤᠨ ᠠᠵᠢᠯ᠎ᠤᠨ ᠪᠠᠢᠷᠢᠨ ᠳᠡᠭᠡᠷ᠎ᠡ᠎ᠪᠠᠨ ᠡᠷᠬᠢᠮ ᠳᠡᠭᠡᠲᠦ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠨᠤᠲᠤᠭᠤᠰᠤᠨᠤ ᠪᠠᠨ ᠬᠦᠭ᠌ᠵᠢᠯᠲᠡ᠎ᠳᠤ ᠬᠤᠪᠢ ᠨᠡᠮᠡᠷᠢ᠎ᠪᠠᠨ ᠦᠵᠡᠬᠦᠯᠦᠨ᠂ ᠦᠪᠡᠷ ᠤᠨ ᠦᠨ᠎ᠡ ᠦᠷᠲᠡᠭ᠂ ᠨᠡᠢᠭᠡᠮ ᠤᠨ ᠦᠨ᠎ᠡ ᠦᠷᠲᠡᠭ ᠢᠶᠠᠨ ᠪᠠᠳᠠᠷᠠᠭᠤᠯᠤᠭ᠍ᠰᠠᠭᠠᠷ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃