2022-02-24 09:53:24
ᠤᠩᠨᠢᠭᠤᠳ ᠬᠤᠪᠴᠠᠰᠤ ᠵᠠᠰᠠᠯ
ᠤᠩᠨᠢᠭᠤᠳᠬᠤᠪᠴᠠᠰᠦ ᠵᠠᠰᠠᠯ᠎ᠨᠢ ᠭᠡᠯᠪᠡᠷᠢ ᠮᠠᠶᠢᠭ ᠪᠠ ᠤᠷᠠᠯᠢᠭ ᠤᠨ ᠲᠠᠯ᠎ᠠ᠎ᠪᠠᠷ ᠦᠪᠦᠷ ᠮᠤᠨᠭᠭᠤᠯ᠎ᠤᠨ ᠬᠤᠷᠴᠢᠨᠪᠠᠭᠠᠷᠢᠨᠤ ᠮᠤᠩᠭᠤᠯ ᠬᠤᠪᠴᠠᠰᠦ ᠵᠠᠰᠠᠯ᠎ᠳᠤ ᠬᠠᠷᠢᠶᠠᠯᠠᠭ᠍ᠳᠠᠳᠠᠭ ᠪᠤᠯᠪᠠᠴᠤ᠌᠂ ᠲᠡᠭᠦᠨ᠎ᠳᠤ ᠪᠠᠰᠠ ᠦᠭᠡᠷ᠎ᠡ ᠪᠤᠰᠤᠳ᠎ᠠᠴᠠ ᠢᠯᠠᠭᠠᠭ᠍ᠳᠠᠬᠤ ᠢᠯᠡ ᠲᠤᠳᠤ ᠦᠪᠡᠷᠮᠢᠴᠡ ᠭᠡᠪ ᠨᠠᠮᠪᠠ ᠲᠠᠢᠶᠤᠮ᠃
ᠭᠠᠷᠴᠠᠭ᠄
ᠳᠡᠦᠬᠡᠨᠢᠷᠡᠯᠳᠡ
ᠳᠦᠷᠦᠯᠵᠦᠢᠯ
ᠰᠤᠶᠤᠯᠤᠨᠪᠡᠯᠭᠡ ᠲᠡᠮᠳᠡᠭ
ᠤᠨᠴᠠᠯᠢᠭᠰᠢᠨᠵᠢ
ᠳᠡᠦᠬᠡᠨᠢᠷᠡᠯᠳᠡ
ᠤᠩᠨᠢᠭᠤᠳᠤᠨᠬᠤᠪᠴᠠᠰᠦ ᠵᠠᠰᠠᠯ᠎ᠨᠢ ᠶᠡᠭᠡ ᠡᠷᠲᠡ᠎ᠳᠡᠭᠡᠨ ᠮᠤᠩᠭᠤᠯ ᠬᠤᠪᠴᠠᠰᠦ ᠵᠠᠰᠠᠯ᠎ᠲᠠᠢ ᠠᠳᠠᠯᠢᠬᠠᠨ ᠪᠠᠢᠭ᠍ᠰᠠᠨᠶᠤᠮ᠃ ᠴᠢᠩ ᠤᠯᠤᠰᠤᠨᠦᠶᠡᠳᠤ᠂ ᠮᠠᠨᠵᠤ ᠦᠨᠳᠦᠰᠦᠳᠡᠨ᠎ᠤ ᠨᠦᠯᠦᠭᠡ᠎ᠪᠠᠷ ᠮᠠᠨᠵᠤ ᠮᠠᠶᠢᠭ᠎ᠤᠨ ᠬᠤᠪᠴᠠᠰᠦᠵᠠᠰᠠᠯᠤᠨ ᠬᠡᠯᠪᠡᠷᠢ᠎ᠶ᠋ᠢ ᠦᠪᠡᠷᠤᠨᠬᠤᠪᠴᠠᠰᠦᠳᠠᠭᠠᠨ ᠱᠢᠩᠭᠡᠨ ᠠᠪᠴᠤ᠌᠂ ᠡᠷᠡᠭ᠌ᠲᠠᠢᠴᠤᠳ ᠨᠢ ᠤᠭᠤᠳᠤᠷ ᠤᠤᠵᠢ (ᠬᠠᠨᠵᠢᠶᠠᠷᠢ)᠂ ᠡᠮᠡᠭ᠌ᠲᠠᠢᠴᠤᠳᠨᠢ ᠤᠷᠳᠤᠤᠤᠵᠢ ᠡᠮᠦᠰᠭᠦ᠌ ᠪᠤᠯᠵᠤ᠂ ᠲᠡᠷᠯᠢᠭ᠎ᠢᠶᠠᠨ ᠴᠡᠭᠡᠵᠢ᠎ᠪᠠᠷ᠎ᠢᠶᠠᠨ ᠪᠠᠭ᠍ᠠᠨ ᠴᠢᠬᠤᠯ᠂ ᠲᠤᠤᠷᠠᠪᠠᠨᠤᠨᠤᠭᠤᠲᠠᠢ ᠭᠢᠭᠦ᠌ ᠪᠤᠯᠵᠠᠢ᠃ ᠬᠤᠵᠢᠮ᠎ᠨᠢ ᠭᠢᠳᠠᠳᠬᠤᠪᠴᠠᠰᠦ ᠵᠠᠰᠠᠯ᠎ᠤᠨ ᠨᠦᠯᠦᠭᠡ᠎ᠶ᠋ᠢ ᠭᠦᠷᠳᠡᠵᠤ᠂ ᠬᠤᠪᠴᠠᠰᠦᠨᠤ ᠴᠢᠮᠡᠭ᠌ᠯᠡᠯ ᠪᠤᠯᠬᠤ ᠬᠤᠸᠠᠷ ᠵᠢᠷᠤᠭᠨᠢᠤᠯᠠᠮ ᠨᠠᠷᠢᠯᠢᠭ ᠪᠤᠯᠵᠤ᠂ ᠬᠠᠳᠭᠤᠮᠠᠯ ᠬᠠᠳᠭᠤᠬᠤ ᠤᠷ᠎ᠠ ᠮᠡᠷᠭᠡᠵᠢᠯ᠎ᠨᠢ ᠭᠤᠸ᠎ᠠ ᠰᠠᠢᠬᠠᠨ ᠪᠤᠯᠪᠠ᠃ᠢᠯᠠᠩᠭᠤᠶ᠎ᠠ ᠱᠠᠬᠠᠢ ᠤᠶᠤᠬᠤ ᠤᠷ᠎ᠠ ᠮᠡᠷᠭᠡᠵᠢᠯ᠎ᠨᠢ ᠭᠢᠳᠠᠳ ᠦᠨᠳᠦᠰᠦᠳᠡᠨ᠎ᠤ ᠭᠠᠷ᠎ᠢᠶᠠᠷ ᠤᠶᠤᠭ᠍ᠰᠠᠨ ᠬᠠᠳᠭᠤᠮᠠᠯ ᠬᠤᠸᠠᠷ᠎ᠲᠠᠢ ᠱᠠᠬᠠᠢ ᠵᠢᠨ ᠭᠡᠪ ᠶᠠᠩᠵᠤ ᠪᠠᠤᠶᠤᠳᠠᠯᠤᠨ ᠤᠷ᠎ᠠ ᠮᠡᠷᠭᠡᠵᠢᠯ᠎ᠢ ᠠᠮᠢᠳᠤᠯᠢᠭ᠎ᠢᠶᠠᠷ ᠱᠢᠩᠭᠡᠨ ᠠᠪᠴᠦ᠍᠂ ᠦᠪᠡᠷ᠎ᠤᠨ ᠭᠡᠪ ᠨᠠᠮᠪᠠᠲᠠᠢᠱᠠᠬᠠᠢ ᠭᠤᠳᠤᠯᠢ ᠡᠭᠦᠳᠦᠨ ᠪᠦᠳᠦᠭᠡᠵᠤ ᠴᠢᠳᠠᠭ᠍ᠰᠠᠨ ᠶᠤᠮ᠃
ᠳᠦᠷᠦᠯᠵᠦᠢᠯ
ᠨᠢᠭᠡ᠂ᠤᠩᠨᠢᠭᠤᠳ ᠬᠤᠪᠴᠠᠰᠦ ᠵᠠᠰᠠᠯ᠎ᠤᠨ ᠲᠦᠷᠦᠯ ᠵᠦᠢᠯ
ᠤᠩᠨᠢᠭᠤᠳᠬᠤᠪᠴᠠᠰᠤ ᠵᠠᠰᠠᠯ᠎ᠢ ᠡᠩ᠎ᠤᠨ ᠬᠤᠪᠴᠠᠰᠤ ᠵᠠᠰᠠᠯ᠂ ᠦᠩᠭᠡ᠎ᠶ᠋ᠢᠨ (ᠲᠦᠷᠦ᠍᠎ᠶ᠋ᠢᠨ)ᠬᠤᠪᠴᠠᠰᠤ ᠵᠠᠰᠠᠯ ᠭᠡᠵᠤ ᠬᠤᠶᠠᠷ ᠶᠡᠭᠡ ᠲᠦᠷᠦᠯ ᠬᠤᠪᠢᠶᠠᠵᠤ ᠪᠤᠯᠤᠨ᠎ᠠ᠃ᠪᠠᠰᠠ ᠪᠦᠰᠡ᠎ᠲᠠᠢ ᠭᠦᠮᠦᠨ᠎ᠤ ᠬᠤᠪᠴᠠᠰᠦ ᠵᠠᠰᠠᠯ᠂ ᠪᠦᠰᠡᠭᠦᠢ ᠭᠦᠮᠦᠨ᠎ᠤ ᠬᠤᠪᠴᠠᠰᠤ ᠵᠠᠰᠠᠯ᠂ ᠪᠡᠶᠡᠭᠦᠢᠴᠡᠭ᠌ᠰᠡᠨ ᠬᠡᠤᠭᠡᠨᠴᠤᠳ᠎ᠤᠨ ᠬᠤᠪᠴᠠᠰᠤ ᠵᠠᠰᠠᠯ᠂ ᠱᠢᠨ᠎ᠡ ᠭᠦᠷᠭᠡᠨ ᠱᠢᠨ᠎ᠡ ᠪᠡᠷᠢ᠎ᠶ᠋ᠢᠨ ᠬᠤᠪᠴᠠᠰᠤᠵᠠᠰᠠᠯ᠂ ᠡᠷᠡᠭ᠌ᠲᠠᠢ ᠡᠮᠡᠭ᠌ᠲᠠᠢ ᠬᠡᠤᠬᠡᠳ᠎ᠤᠨ ᠬᠤᠪᠴᠠᠰᠤ ᠵᠠᠰᠠᠯ ᠭᠡᠵᠤ ᠬᠤᠪᠢᠶᠠᠵᠤ ᠪᠤᠯᠤᠨ᠎ᠠ᠃ᠡᠭᠦᠨ᠎ᠠᠴᠠ ᠭᠠᠳᠠᠨ᠎ᠠ ᠪᠦᠭᠡᠴᠢᠨᠤ ᠬᠤᠪᠴᠠᠰᠤ ᠵᠠᠰᠠᠯ᠂ ᠯᠠᠮᠠᠨᠠᠷ᠎ᠤᠨ ᠬᠤᠪᠴᠠᠰᠤ ᠵᠠᠰᠠᠯ᠂ ᠨᠦᠭ᠌ᠴᠢᠭ᠌ᠰᠡᠳᠤᠨᠮᠦᠩᠭᠡᠳᠡᠶ᠋ᠢᠨ ᠬᠤᠪᠴᠠᠰᠤ ᠵᠠᠰᠠᠯ ᠭᠡᠵᠤ ᠪᠠᠢᠳᠠᠭ ᠪᠤᠯᠪᠠᠴᠤ᠌ ᠭᠤᠤᠯ ᠬᠤᠪᠴᠠᠰᠤ ᠵᠠᠰᠠᠯ᠎ᠳᠤ ᠤᠷᠤᠬᠤ᠎ᠦᠭᠡᠢ ᠶᠤᠮ᠃
ᠪᠦᠰᠡᠲᠠᠢᠭᠦᠮᠦᠨᠤ ᠲᠦᠷᠪᠡᠨ ᠤᠯᠠᠷᠢᠯ᠎ᠤᠨ ᠬᠤᠪᠴᠠᠰᠤᠳᠤ ᠠᠳᠠᠯᠢ ᠪᠤᠰᠤ ᠭᠡᠯᠪᠡᠷᠢ᠎ᠶ᠋ᠢᠨ ᠴᠠᠭᠠᠨ᠂ ᠭᠦᠭᠡ᠂ ᠴᠡᠩᠭᠡᠷᠵᠡᠷᠭᠡ ᠦᠩᠭᠡ᠎ᠶ᠋ᠢᠨ ᠦᠨᠳᠦᠷ ᠤᠭ᠍ᠳᠤᠷ ᠬᠤᠪᠴᠠᠰᠤ᠂ ᠲᠠᠷᠦᠢ ᠲᠡᠷᠯᠢᠭ᠂ ᠲᠡᠪᠡᠯ᠂ ᠴᠠᠮᠴᠠ᠂ ᠫᠠᠩᠬᠤ (ᠭᠦᠪᠦᠩ ᠲᠡᠷᠯᠢᠭ)᠂ ᠤᠯᠤᠩ᠎ᠲᠠᠢ᠂ ᠬᠠᠨᠳᠠᠭᠠᠰᠤ᠂ᠬᠠᠨᠵᠢᠶᠠᠷᠢ ᠵᠡᠷᠭᠡ ᠪᠠᠢᠳᠠᠭ᠃ ᠦᠮᠦᠳᠦ᠍ᠳᠤᠨᠢ ᠠᠷᠤ ᠦᠪᠦᠷ᠎ᠨᠢ ᠢᠯᠭᠠᠭ᠎ᠠ ᠦᠭᠡᠢ ᠦᠨᠳᠦᠷ ᠵᠠᠬ᠎ᠠ᠎ᠲᠠᠢ᠂ᠠᠭᠤᠵᠢᠮ ᠠᠯᠠ᠎ᠲᠠᠢ᠂ ᠱᠤᠪᠳᠤᠩ ᠱᠢᠷᠬᠤᠨᠠᠭᠲᠠᠢ ᠠᠷᠠᠰᠤᠨ ᠦᠮᠦᠳᠦ᠂ ᠭᠦᠪᠦᠩ ᠦᠮᠦᠳᠦ᠂ᠳ᠋ᠠᠡᠭ ᠦᠮᠦᠳᠦ᠂ᠵᠢᠶᠠ ᠦᠮᠦᠳᠦ ᠪᠠ ᠲᠤᠤᠬᠤ ᠦᠮᠦᠳᠦ ᠪᠠᠢᠭ᠍ᠰᠠᠨ᠎ᠢᠶᠠᠨ ᠦᠨᠦ᠍ ᠪᠤᠯ ᠤᠳᠤ ᠮᠠᠶᠢᠭ᠎ᠤᠨ ᠦᠮᠦᠳᠦ ᠪᠤᠯᠵᠤᠬᠤᠪᠢᠷᠠᠵᠠᠢ᠃ ᠭᠤᠳᠤᠯ᠎ᠳᠤᠨᠢ ᠪᠤᠯᠢᠭᠠᠷᠢᠨ ᠭᠤᠳᠤᠯ᠂ ᠠᠷᠠᠰᠤᠨ ᠭᠤᠳᠤᠯ᠂ ᠢᠰᠡᠭᠡᠢ ᠭᠤᠳᠤᠯ᠂ ᠪᠦᠰ ᠭᠤᠳᠤᠯᠪᠠᠢᠳᠠᠭ᠃ ᠪᠦᠰ ᠭᠤᠳᠤᠯᠢ ᠪᠠᠰᠠ ᠤᠯᠭᠤᠢ ᠭᠤᠳᠤᠯ᠂ ᠤᠷᠢᠶᠠᠮᠠᠯ ᠭᠤᠳᠤᠯ᠂ ᠰᠡᠢᠯᠡᠭᠦᠷᠲᠠᠢ ᠭᠤᠳᠤᠯ᠂ᠭᠦᠷᠭᠡᠯᠡᠭᠦ᠌ ᠭᠤᠳᠤᠯ᠂ ᠲᠤᠮᠤᠭ᠎ᠲᠠᠢ ᠭᠤᠳᠤᠯᠭᠡᠵᠤ ᠤᠯᠠᠨ ᠵᠦᠢᠯ ᠬᠤᠪᠢᠶᠠᠳᠠᠭ᠃ ᠱᠠᠬᠠᠢ᠎ᠶ᠋ᠢ ᠪᠠᠰᠠᠠᠷᠠᠰᠤᠨ ᠱᠠᠬᠠᠢ᠂ ᠪᠦᠰ ᠱᠠᠬᠠᠢ ᠭᠡᠵᠤ ᠬᠤᠪᠢᠶᠠᠨ᠎ᠠ᠃ ᠪᠦᠰ ᠱᠠᠬᠠᠢ᠎ᠶ᠋ᠢ ᠤᠶᠤᠭ᠍ᠰᠠᠨ ᠤᠶᠤᠳᠠᠯᠢᠶᠠᠷᠨᠢᠤᠷᠢᠶᠠᠮᠠᠯ ᠱᠠᠬᠠᠢ᠂ ᠰᠡᠢᠯᠡᠭᠦᠷᠲᠠᠢ ᠱᠠᠬᠠᠢ᠂ ᠤᠯᠭᠤᠢ ᠱᠠᠬᠠᠢ ᠭᠡᠵᠤ ᠬᠤᠪᠢᠶᠠᠨ᠎ᠠ᠃ ᠡᠰᠭᠡᠵᠤᠵᠤᠭᠢᠶᠠᠭ᠍ᠰᠠᠨ ᠭᠡᠯᠪᠡᠷᠢ᠎ᠪᠠᠷ᠎ᠨᠢ ᠵᠠᠯᠭᠠᠭᠤᠷ᠎ᠲᠠᠢ ᠱᠠᠬᠠᠢ᠂ ᠬᠠᠮᠠ ᠱᠠᠬᠠᠢ᠂ ᠱᠤᠩᠬᠤ ᠬᠤᠩᠱᠢᠶᠠᠷᠲᠠᠢᠱᠠᠬᠠᠢ ᠭᠡᠭᠦ᠌ ᠵᠡᠷᠭᠡ᠎ᠪᠠᠷ ᠬᠤᠪᠢᠶᠠᠨ᠎ᠠ᠃ ᠭᠤᠳᠤᠯᠢ ᠪᠠᠰᠠ ᠬᠠᠮᠠ ᠭᠤᠳᠤᠯ᠂ ᠡᠭᠡᠳᠡᠩ ᠭᠤᠳᠤᠯ᠂ ᠱᠤᠩᠬᠤᠬᠤᠩᠱᠢᠶᠠᠷᠲᠠᠢ ᠭᠤᠳᠤᠯ᠂ ᠵᠠᠯᠭᠠᠭᠤᠷ᠎ᠲᠠᠢ ᠭᠤᠳᠤᠯ ᠭᠡᠵᠤ ᠬᠤᠪᠢᠶᠠᠨ᠎ᠠ᠃ ᠬᠡᠦᠬᠡᠳ᠎ᠤᠨ ᠱᠠᠬᠠᠢ᠎ᠳᠤ ᠪᠠᠷᠰᠱᠠᠬᠠᠢ᠂ ᠮᠤᠤᠷ ᠱᠠᠬᠠᠢ ᠭᠡᠵᠤ ᠪᠠᠢᠳᠠᠭ᠃ ᠤᠢᠮᠤᠰᠤᠳᠤᠨᠢ ᠢᠰᠡᠭᠡᠢ ᠤᠢᠮᠤᠰᠤ᠂ ᠭᠦᠪᠦᠩ ᠤᠢᠮᠤᠰᠤ᠂ ᠵᠢᠶᠠᠤᠢᠮᠤᠰᠤ᠂ ᠨᠤᠤᠰᠤᠨ ᠤᠳᠠᠰᠤᠨ ᠤᠢᠮᠤᠰᠤ᠂ ᠤᠳᠠᠰᠤᠨ ᠤᠢᠮᠤᠰᠤ ᠭᠡᠵᠤ ᠪᠠᠢᠳᠠᠭ᠃ ᠮᠠᠯᠠᠭᠠᠢ᠎ᠳᠤᠨᠢ ᠦᠨᠡᠭᠡᠨᠠᠷᠠᠰᠤᠨ ᠮᠠᠯᠠᠭᠠᠢ᠂ ᠢᠰᠡᠭᠡᠢ ᠲᠤᠭᠤᠷᠴᠤᠭ᠂ ᠬᠤᠷᠠᠭᠠᠨ ᠠᠷᠠᠰᠤ ᠪᠤᠶᠤ ᠬᠠᠷ᠎ᠠ ᠦᠭᠡᠳᠡᠩ ᠬᠠᠳᠠᠭ᠍ᠰᠠᠨᠲᠦᠭᠦᠷᠢᠭ ᠮᠠᠯᠠᠭᠠᠢ᠂ ᠯᠢᠮᠤᠤ ᠮᠠᠯᠠᠭᠠᠢ᠂ ᠰᠡᠭᠦᠪᠴᠡᠳᠦ ᠰᠠᠷᠠᠪᠴᠢ᠎ᠲᠠᠢ ᠲᠦᠭᠦᠷᠢᠭ ᠮᠠᠯᠠᠭᠠᠢ᠂ ᠪᠦᠷᠭᠦ᠌ᠮᠠᠯᠠᠭᠠᠢ᠂ ᠵᠠᠩᠵᠤᠨ ᠮᠠᠯᠠᠭᠠᠢ᠂ ᠮᠠᠬᠤᠵᠠ ᠮᠠᠯᠠᠭᠠᠢ ᠪᠠᠢᠳᠠᠭ᠃
ᠪᠦᠰᠡᠭᠦᠢᠭᠦᠮᠦᠨᠤ ᠲᠦᠷᠪᠡᠨ ᠤᠯᠠᠷᠢᠯ᠎ᠤᠨ ᠬᠤᠪᠴᠠᠰᠤ ᠵᠠᠰᠠᠯ᠎ᠨᠢ ᠭᠢᠯᠠᠰᠤᠮ᠎ᠠ ᠰᠠᠢᠬᠠᠨ ᠪᠠᠢᠳᠠᠭ᠃ ᠤᠩᠨᠢᠭᠤᠳᠡᠮᠡᠭ᠌ᠲᠠᠢᠴᠤᠳ ᠭᠦᠭᠡ᠂ ᠴᠡᠩᠭᠡᠷ᠂ ᠨᠤᠭᠤᠭᠠᠨ᠂ ᠬᠤᠨᠳᠠᠨ᠂ ᠴᠠᠭᠠᠨ ᠦᠩᠭᠡ᠎ᠲᠠᠢ ᠮᠠᠩᠨᠤᠭ ᠲᠡᠪᠡᠯ ᠪᠠ ᠪᠦᠰᠪᠤᠶᠤ ᠲᠤᠷᠭᠠᠨ ᠲᠡᠷᠯᠢᠭ ᠡᠮᠦᠰᠴᠦ᠍᠂ ᠭᠠᠳᠠᠭᠤᠷ᠎ᠨᠢ ᠬᠤᠸᠠᠷ ᠴᠡᠴᠡᠭ ᠬᠠᠳᠭᠤᠮᠠᠯᠯᠠᠭ᠍ᠰᠠᠨ ᠬᠠᠷ᠎ᠠ ᠲᠤᠷᠭᠠᠨᠤᠷᠳᠤ ᠤᠤᠵᠢ ᠲᠠᠪᠬᠤᠷᠯᠠᠨ ᠡᠮᠦᠰᠳᠡᠭ᠃ ᠪᠦᠰᠡᠭᠦᠢ ᠭᠦᠮᠦᠨ᠎ᠤ ᠬᠤᠪᠴᠠᠰᠤᠳᠤ ᠲᠡᠷᠯᠢᠭ᠎ᠠᠴᠠ ᠭᠠᠳᠠᠨᠠᠠᠷᠠᠰᠤᠨ ᠲᠡᠪᠡᠯ᠂ ᠵᠢᠶᠠ ᠴᠠᠮᠴᠠ᠂ ᠫᠠᠩᠬᠤ (ᠭᠦᠪᠤᠩ ᠲᠡᠷᠯᠢᠭ)᠂ ᠬᠠᠨᠳᠠᠭᠠᠰᠤ᠂ ᠬᠠᠨᠵᠢᠶᠠᠷᠢ ᠵᠡᠷᠭᠡ ᠪᠠᠢᠳᠠᠭ᠃ ᠪᠦᠰᠡᠭᠦᠢ ᠭᠦᠮᠦᠨ᠎ᠤ ᠦᠮᠦᠳᠦ᠍ᠨᠢᠪᠦᠰᠡᠳᠠᠢ ᠭᠦᠮᠦᠨᠤᠬᠢᠲᠠᠢ ᠦᠨᠳᠦᠰᠦᠨ᠎ᠳᠡᠭᠡᠨ ᠠᠳᠠᠯᠢ᠃ ᠦᠮᠦᠳᠦ᠍ᠨᠢ ᠠᠷᠠᠰᠤᠨ ᠦᠮᠦᠳᠦ᠂ ᠤᠳᠠᠮᠠᠯᠠᠷᠠᠰᠤᠨ ᠦᠮᠦᠳᠦ᠂ ᠭᠦᠳᠡᠰᠤᠨ ᠠᠷᠠᠰᠤᠨ ᠦᠮᠦᠳᠦ᠂ ᠭᠦᠪᠦᠩ ᠦᠮᠦᠳᠦ᠂ ᠨᠤᠤᠰᠤᠨ ᠦᠮᠦᠳᠦ᠂ ᠵᠢᠶᠠ ᠦᠮᠦᠳᠦ᠂ ᠳ᠋ᠠᠩᠦᠮᠦᠳᠦ ᠵᠡᠷᠭᠡ ᠪᠠᠢᠳᠠᠭ᠃ ᠡᠮᠡᠭ᠌ᠳᠠᠢ ᠭᠦᠮᠦᠨ᠎ᠤ ᠭᠤᠳᠤᠯ ᠱᠠᠬᠠᠢ᠎ᠶ᠋ᠢᠨ ᠦᠨᠳᠦᠰᠦᠨ ᠭᠡᠯᠪᠡᠷᠢᠨᠢᠡᠷᠡᠭ᠌ᠳᠠᠢ ᠭᠦᠮᠦᠨᠤᠬᠢᠲᠠᠢ ᠠᠳᠠᠯᠢ ᠶᠤᠮ᠃ ᠢᠯᠭᠠᠭ᠎ᠠ᠎ᠨᠢ ᠭᠡᠷᠡᠭ᠌ᠯᠡᠭ᠌ᠰᠡᠨᠮᠠᠲ᠋ᠧᠷᠢᠶᠠᠯ ᠪᠤᠯᠤᠨᠤᠶᠤᠭ᠍ᠰᠠᠨ ᠤᠶᠤᠳᠠᠯ᠎ᠳᠤᠨᠢ ᠪᠠᠢᠳᠠᠭ᠃ ᠡᠮᠡᠭ᠌ᠲᠠᠢ ᠭᠦᠮᠦᠨ᠎ᠤ ᠭᠤᠳᠤᠯ᠎ᠳᠤ ᠬᠠᠮᠠ ᠭᠤᠳᠤᠯ᠂ ᠱᠤᠩᠬᠤ ᠭᠤᠳᠤᠯᠵᠡᠷᠭᠡ ᠪᠠᠢᠵᠤ᠂ ᠭᠤᠳᠤᠯ ᠲᠡᠭᠡᠷ᠎ᠡ᠎ᠪᠠᠨ ᠤᠷᠢᠶᠠᠮᠠᠯ ᠤᠷᠢᠶᠠᠬᠤ ᠪᠤᠶᠤ ᠬᠠᠳᠭᠤᠮᠠᠯᠬᠠᠳᠭᠤᠮᠠᠯᠯᠠᠵᠤ᠂ ᠤᠭᠠᠯᠵᠠ ᠬᠤᠸᠠᠷ᠎ᠢ ᠤᠷᠠᠯᠠᠨᠤᠶᠤᠳᠠᠭ᠃ ᠪᠦᠰᠭᠦᠢᠴᠤᠳ ᠪᠠᠰᠠ ᠰᠡᠢᠯᠡᠭᠦᠷᠲᠠᠢ ᠭᠤᠳᠤᠯ ᠡᠮᠦᠰᠳᠡᠭ᠃ ᠪᠦᠰᠭᠦᠢᠴᠤᠳ ᠵᠤᠨᠳᠠᠭᠠᠨᠬᠤᠸᠠᠷᠲᠠᠢ ᠱᠠᠬᠠᠢ ᠡᠮᠦᠰᠳᠡᠭ᠃ ᠤᠩᠨᠢᠭᠤᠳ ᠡᠮᠡᠭ᠌ᠲᠢᠴᠤᠳ ᠭᠤᠳᠤᠯ ᠱᠠᠬᠠᠢ᠎ᠳᠠᠭᠠᠨ ᠡᠯ᠎ᠡ ᠵᠦᠢᠯᠤᠨᠠᠷᠢᠶᠠᠳᠠᠨ ᠭᠦᠷᠦᠭᠡᠰᠦ᠂ ᠴᠡᠴᠡᠭ ᠬᠤᠸᠠᠷ ᠪᠤᠯᠤᠨ ᠭᠡ ᠤᠭᠠᠯᠵᠠ᠎ᠶ᠋ᠢ ᠡᠪ ᠲᠦᠢᠲᠠᠢ ᠮᠢᠷᠠᠯᠵᠠᠳᠠᠯᠠᠰᠠᠢᠬᠠᠨ ᠬᠠᠳᠭᠤᠮᠠᠯᠯᠠᠨ ᠤᠶᠤᠳᠠᠭ᠃ ᠪᠦᠰᠡᠭᠦᠢ ᠭᠦᠮᠦᠨ᠎ᠤ ᠡᠮᠦᠰᠭᠦ ᠤᠢᠮᠤᠰᠤᠨᠢ ᠪᠦᠰᠡ᠎ᠲᠠᠢ ᠭᠦᠮᠦᠨᠲᠠᠢᠦᠨᠳᠦᠰᠦᠨᠳᠡᠭᠡᠨ ᠠᠳᠠᠯᠢ᠃
ᠪᠦᠰᠡᠭᠦᠢᠭᠦᠮᠦᠨ ᠲᠤᠯᠤᠭᠠᠢ᠎ᠳᠠᠭᠠᠨ ᠬᠤᠶᠠᠷ ᠤᠭ ᠪᠤᠭᠤᠵᠤ᠂ ᠲᠠᠳᠠᠭᠤᠷ ᠲᠠᠳᠠᠨ᠂ ᠬᠠᠳᠭᠤᠭᠤᠷ ᠬᠠᠳᠭᠤᠨ᠂ ᠤᠨᠵᠢᠯᠭᠠᠵᠡᠭᠦᠵᠤ᠂ ᠠᠯᠴᠢᠭᠤᠷ ᠤᠷᠢᠶᠠᠨ᠂ ᠴᠢᠭᠢᠨ᠎ᠳᠡᠭᠡᠨ ᠰᠦᠢᠭᠡ ᠵᠡᠭᠦᠨ᠎ᠡ᠃ ᠡᠪᠤᠯ ᠪᠤᠯ ᠲᠤᠯᠤᠭᠠᠢ᠎ᠳᠠᠭᠠᠨ ᠦᠨᠡᠭᠡᠨᠠᠷᠠᠰᠤᠲᠠᠢ᠂ ᠬᠠᠳᠭᠤᠮᠠᠯ ᠬᠤᠸᠠᠷ᠎ᠲᠠᠢ ᠴᠢᠭᠢᠪᠴᠢ ᠪᠤᠶᠤ ᠦᠨᠡᠭᠡᠨ ᠠᠷᠠᠰᠤᠨ ᠮᠠᠯᠠᠭᠠᠢ ᠵᠠᠭᠦᠳᠡᠭ᠃ᠲᠤᠯᠠᠭᠠᠨ ᠴᠠᠭ᠎ᠲᠤ ᠡᠮᠡᠭ᠌ᠲᠠᠢᠴᠤᠳ ᠱ᠌ᠢᠷᠦᠨ ᠮᠠᠯᠠᠭᠠᠢ᠂ ᠲᠤᠭᠤᠢ ᠮᠠᠯᠠᠭᠠᠢ᠂ ᠨᠠᠷᠠᠨ ᠮᠠᠯᠠᠭᠠᠢᠵᠡᠷᠭᠡᠶ᠋ᠢ ᠲᠤᠯᠤᠭᠠᠢ᠎ᠳᠠᠭᠠᠨ ᠵᠡᠭᠦᠳᠡᠭ᠃ ᠬᠡᠦᠬᠡᠨ ᠭᠦᠮᠦᠨ᠎ᠤ ᠬᠤᠪᠴᠠᠰᠤ ᠬᠤᠨᠢᠷᠨᠢ ᠵᠠᠯᠠᠭᠤ ᠪᠦᠰᠡᠭᠦᠢᠭᠦᠮᠦᠨᠤᠬᠢᠲᠠᠢ ᠨᠡᠯᠢᠶᠡᠳ ᠲᠦᠰᠦᠭᠡᠲᠠᠢ᠃ ᠭᠤᠤᠯ ᠢᠯᠭᠠᠭ᠎ᠠ᠎ᠨᠢ ᠬᠡᠦᠬᠡᠨ ᠭᠦᠮᠦᠨ ᠪᠤᠯ ᠪᠦᠰᠡᠪᠦᠰᠡᠯᠡᠵᠤ᠂ ᠪᠦᠰᠡᠭᠦᠢ ᠭᠦᠮᠦᠨ ᠪᠤᠯ ᠪᠦᠰᠡ ᠪᠦᠰᠡᠯᠡᠳᠡᠭ ᠦᠭᠡᠢ ᠪᠠᠢᠵᠠᠢ᠃ ᠴᠢᠯᠦᠭᠡᠯᠡᠭ᠌ᠳᠡᠭ᠌ᠰᠡᠨᠤᠲᠠᠷᠠᠭᠠ ᠪᠦᠰᠡᠭᠦᠢᠴᠤᠳ ᠴᠤ᠌ ᠪᠦᠰᠡ ᠪᠦᠰᠡᠯᠡᠭᠦ᠌ ᠪᠤᠯᠪᠠ᠃ ᠬᠡᠤᠭᠡᠨ ᠭᠦᠮᠦᠨ ᠠᠷᠤᠨᠰᠢ᠎ᠪᠠᠨ ᠭᠠᠭ᠍ᠴᠠᠭᠡᠵᠢᠭᠡ ᠭᠦᠷᠦᠵᠤ᠂ ᠵᠤᠯᠠᠢ ᠲᠡᠭᠡᠭᠦᠷ᠎ᠢᠶᠠᠨ ᠳ᠋ᠠᠩ ᠱ᠌ᠢᠷᠦᠨ ᠲᠠᠳᠠᠭᠤᠷ ᠳᠠᠳᠠᠵᠤ᠂ ᠲᠤᠯᠤᠭᠠᠢᠳᠠᠭᠠᠨᠬᠠᠯᠢᠭᠤ ᠬᠤᠷᠠᠭᠠᠨ ᠦᠰᠦ ᠬᠠᠳᠠᠭ᠍ᠰᠠᠨ ᠬᠤᠷᠭᠤᠢ ᠭᠦᠪᠦᠭᠡ᠎ᠲᠠᠢ ᠢᠰᠡᠭᠡᠢ ᠲᠤᠭᠤᠷᠴᠤᠭ ᠵᠠᠭᠦᠵᠤ᠂ ᠡᠩᠭᠡᠷᠤᠨᠲᠤᠪᠴᠢᠨ ᠠᠴᠠ᠎ᠪᠠᠨ ᠬᠠᠳᠭᠤᠮᠠᠯ ᠬᠤᠸᠠᠷ᠎ᠲᠠᠢ ᠪᠦᠭᠡᠷᠡᠨ ᠬᠠᠪᠳᠠᠭ᠎ᠠ ᠵᠡᠭᠦᠵᠤ᠂ ᠳᠤᠳᠤᠷ᠎ᠠ᠎ᠨᠢ ᠦᠨᠦᠷᠳᠦᠡᠪᠡᠰᠦ ᠭᠢᠳᠡᠭ᠃
ᠤᠨᠴᠠᠯᠢᠭᠰᠢᠨᠵᠢ
ᠤᠩᠨᠢᠭᠤᠳᠬᠤᠪᠴᠠᠰᠤ ᠵᠠᠰᠠᠯ᠎ᠨᠢ ᠬᠤᠷᠴᠢᠨ ᠪᠠᠭᠠᠷᠢᠨ᠎ᠤ ᠬᠤᠪᠴᠠᠰᠤ ᠵᠠᠰᠠᠯ᠎ᠳᠤ ᠬᠠᠷᠢᠶᠠᠯᠠᠭ᠍ᠳᠠᠳᠠᠭ ᠪᠤᠯᠪᠠᠴᠤ᠌ᠪᠤᠰᠤᠳ ᠬᠤᠱᠢᠭᠤ ᠨᠤᠳᠤᠭ᠎ᠠᠴᠠ ᠢᠯᠡ ᠲᠤᠳᠤ ᠢᠯᠠᠭᠠᠭ᠍ᠳᠠᠬᠤ ᠦᠪᠡᠷᠮᠢᠴᠡ ᠤᠨᠴᠠᠯᠢᠭ᠎ᠲᠠᠢ ᠶᠤᠮ᠃
ᠡᠷᠡᠭ᠌ᠲᠠᠢᠡᠮᠡᠭ᠌ᠲᠠᠢ᠂᠂ ᠭᠦᠭ᠌ᠰᠢᠨ ᠵᠠᠯᠠᠭᠤ᠎ᠶ᠋ᠢᠨ ᠢᠯᠠᠭᠠᠯ ᠢᠯᠡ ᠲᠤᠳᠤ᠃ ᠵᠠᠯᠠᠭᠤᠴᠤᠳ ᠪᠤᠯ ᠬᠤᠷᠴᠠ ᠰᠤᠷᠭᠤᠭᠦᠩᠭᠡᠶ᠋ᠢᠨ ᠲᠤᠷᠭ᠎ᠠ ᠲᠤᠷᠳᠠᠩ᠂ ᠦᠭᠡᠳᠡᠩᠢ ᠰᠤᠩᠭᠤᠨ ᠬᠤᠪᠴᠠᠰᠤ ᠭᠢᠳᠡᠭ᠃ ᠨᠠᠰᠤᠲᠠᠢᠴᠤᠳ ᠪᠤᠯ ᠲᠠᠷᠤᠤᠪᠤᠷᠤᠭ᠍ᠵᠢᠭᠤᠨ ᠦᠩᠭᠡ᠎ᠶ᠋ᠢ ᠰᠤᠩᠭᠤᠵᠤ ᠬᠤᠪᠴᠠᠰᠤ ᠭᠢᠳᠡᠭ᠃
ᠪᠦᠰᠡᠪᠦᠰᠡᠯᠡᠭᠦᠳᠡᠭᠡᠨ ᠵᠠᠯᠠᠭᠤᠴᠤᠳ ᠪᠤᠯ ᠲᠤᠷᠭ᠎ᠠ ᠲᠤᠷᠳᠠᠩ᠂ ᠴᠢᠰᠴᠡᠦ ᠪᠦᠰᠡ ᠪᠦᠰᠡᠯᠡᠨ᠂ ᠠᠷᠤᠨᠢᠷᠤᠭᠤᠨᠳᠠᠭᠠᠨ ᠴᠠᠴᠤᠭ ᠭᠠᠷᠭᠠᠳᠠᠭ᠃ ᠨᠠᠰᠤᠲᠠᠢᠴᠤᠳ ᠪᠤᠯ ᠵᠢᠶᠠᠨᠴᠠᠤ ᠪᠦᠰᠡ ᠪᠦᠰᠡᠯᠡᠵᠤ᠂ ᠴᠠᠴᠤᠭᠭᠠᠷᠭᠠᠳᠠᠭ ᠦᠭᠡᠢ᠃
ᠤᠩᠨᠢᠭᠤᠳᠬᠤᠪᠴᠠᠰᠤᠨᠤ ᠵᠠᠭᠠᠮ᠎ᠠ᠎ᠶ᠋ᠢᠨ ᠲᠤᠪᠴᠢ ᠵᠢᠨ ᠲᠤᠤᠷ᠎ᠠ ᠬᠤᠷᠤᠭᠤ ᠦᠷᠭᠡᠨ ᠠᠮᠢᠰᠭᠤᠯ ᠦᠯᠡᠳᠡᠭᠡᠵᠤ᠂ ᠲᠡᠪᠡᠯᠲᠡᠷᠯᠢᠭᠲᠤ ᠳ᠋ᠠᠩ ᠱᠢᠯᠪᠢ ᠲᠤᠪᠴᠢ ᠬᠠᠳᠠᠵᠤ᠂ ᠰᠠᠮᠫᠠᠨ ᠵᠠᠩᠭᠢᠳᠭᠤ ᠪᠤᠶᠤ ᠭᠠᠤᠯᠢ᠂ ᠮᠦᠩᠭᠦᠨ ᠲᠤᠪᠴᠢᠬᠠᠳᠠᠳᠠᠭ᠃
ᠤᠩᠨᠢᠭᠤᠳᠲᠡᠷᠯᠢᠭ ᠲᠡᠪᠡᠯ᠎ᠨᠢ ᠱᠢᠨᠠᠭ᠎ᠠ᠎ᠲᠠᠢ᠃ ᠮᠠᠨᠵᠤ ᠲᠡᠷᠯᠢᠭ ᠪᠠ ᠮᠠᠩᠨᠤᠭ ᠲᠡᠪᠡᠯ ᠪᠤᠯ ᠱᠢᠨᠠᠭ᠎ᠠ ᠤᠷᠤᠭᠤᠯᠳᠠᠭ᠎ᠦᠭᠡᠢ᠃ ᠤᠩᠨᠢᠭᠤᠳ ᠲᠡᠷᠯᠢᠭ ᠲᠡᠪᠡᠯ ᠪᠤᠯ ᠤᠨᠤᠭᠤ ᠦᠭᠡᠢ ᠪᠤᠶᠤ ᠬᠤᠶᠠᠷ ᠤᠨᠤᠭᠤ᠎ᠲᠠᠢ᠃ ᠤᠷᠳᠤᠰ ᠲᠡᠷᠯᠢᠭᠪᠤᠯ ᠲᠦᠷᠪᠡᠨ ᠤᠨᠤᠭᠤ᠎ᠲᠠᠢ᠃
ᠤᠩᠨᠢᠭᠤᠳᠮᠤᠩᠭᠤᠯᠴᠤᠳ ᠪᠦᠰᠡ ᠪᠦᠰᠡᠯᠡᠭᠦ᠎ᠳᠡᠭᠡᠨ ᠦᠵᠦᠮᠦᠴᠢᠨ ᠮᠤᠩᠭᠤᠯᠴᠤᠳ ᠰᠢᠭ ᠠᠭ᠍ᠰᠤᠵᠤ ᠪᠦᠰᠡᠯᠡᠳᠡᠭ ᠦᠭᠡᠢᠪᠤᠯᠬᠤᠷ ᠭᠤᠳᠤᠯ᠎ᠤᠨ ᠵᠤᠯᠠᠭ᠎ᠨᠢ ᠬᠤᠷᠮᠤᠢ ᠲᠤᠤᠭᠤᠷ ᠬᠠᠷᠠᠭ᠍ᠳᠠᠳᠠᠭ ᠦᠭᠡᠢ᠃
ᠤᠩᠨᠢᠭᠤᠳᠲᠡᠷᠯᠢᠭ ᠲᠡᠪᠡᠯ᠎ᠨᠢ ᠳᠤᠳᠤᠭᠠᠳᠤ ᠡᠩᠭᠡᠷ᠎ᠲᠠᠢ᠃ ᠭᠡᠪᠡᠴᠤ᠌ ᠵᠠᠷᠢᠮ ᠭᠦᠮᠦᠨ ᠳᠤᠳᠤᠭᠠᠳᠤ ᠡᠩᠭᠡᠷᠢᠶᠠᠨᠤᠭ᠍ᠳᠤᠷ ᠰᠢᠬ ᠭᠠᠷᠭᠠᠳᠠᠭ᠃
ᠤᠩᠨᠢᠭᠤᠳᠭᠤᠳᠤᠯᠤᠨ ᠪᠤᠷᠪᠢ᠎ᠠᠴᠠ ᠲᠡᠭᠡᠭ᠌ᠰᠢᠭᠢ ᠵᠤᠯᠠᠭ ᠲᠦᠷᠡᠢ᠎ᠶ᠋ᠢᠨ ᠵᠠᠯᠭᠠᠰᠤ ᠭᠡᠰᠡᠭ᠎ᠤᠨ ᠲᠠᠭᠢᠷᠤᠬᠤᠯᠠᠭᠠᠰᠤᠨᠢ ᠨᠡᠯᠢᠶᠡᠳ ᠶᠡᠭᠡ᠂ ᠲᠦᠷᠡᠢ᠎ᠨᠢ ᠪᠠᠭ᠍ᠠᠨ ᠤᠭ᠍ᠳᠤᠷ ᠪᠠᠢᠳᠠᠭ᠃ ᠡᠨᠡ ᠲᠠᠯ᠎ᠠ᠎ᠪᠠᠷ ᠠᠷᠤᠬᠤᠷᠴᠢᠨ ᠬᠤᠪᠴᠠᠰᠦ ᠵᠠᠰᠠᠯ ᠵᠠᠷᠭᠡ᠎ᠠᠴᠠ ᠢᠯᠡ ᠲᠤᠳᠤ ᠢᠯᠠᠭᠠᠭ᠎ᠠ᠎ᠲᠠᠢ ᠶᠤᠮ᠃
ᠤᠩᠨᠢᠭᠤᠳᠭᠡ ᠤᠭᠠᠯᠵᠠ ᠵᠢᠨ ᠲᠦᠷᠰᠦ ᠵᠢᠷᠤᠭ᠎ᠨᠢ ᠭᠤᠶᠤ᠂ ᠨᠠᠷᠢᠯᠢᠭ ᠪᠦᠭᠡᠳ ᠲᠦᠷᠦᠯ ᠵᠦᠢᠯ᠎ᠨᠢ ᠤᠯᠠᠨ ᠪᠠᠢᠳᠠᠭ᠃ ᠭᠡ ᠤᠭᠠᠯᠵᠠ᠎ᠶ᠋ᠢ ᠭᠡᠷᠡᠭ᠌ᠯᠡᠭᠦ᠌ ᠭᠠᠵᠠᠷ᠎ᠨᠢ ᠴᠤ᠌ᠲᠤᠰ ᠲᠤᠰ᠎ᠤᠨ ᠴᠢᠩᠭ᠎ᠠ ᠱᠠᠭᠠᠷᠳᠠᠯᠭ᠎ᠠ᠎ᠲᠠᠢ ᠪᠠᠢᠳᠠᠭ᠃ ᠡᠳᠡᠭᠡᠷ ᠭᠡ ᠤᠭᠠᠯᠵᠠ᠎ᠨᠢ ᠤᠩᠨᠢᠭᠤᠳ ᠬᠤᠪᠴᠠᠰᠤᠵᠠᠰᠠᠯᠤᠨ ᠰᠤᠶᠤᠯ᠎ᠤᠨ ᠪᠡᠯᠭᠡ ᠲᠡᠮᠳᠡᠭ᠎ᠢ ᠢᠯᠡᠷᠡᠭᠦᠯᠵᠤ ᠪᠠᠢᠳᠠᠭ᠃
ᠤᠩᠨᠢᠭᠤᠳᠬᠤᠪᠴᠠᠰᠤ ᠵᠠᠰᠠᠯ᠎ᠤᠨ ᠤᠶᠤᠳᠠᠯ᠎ᠤᠨ ᠤᠷᠠᠨ ᠬᠠᠳᠭᠤᠮᠠᠯ᠎ᠤᠨ ᠤᠷ᠎ᠠ ᠮᠡᠷᠭᠡᠵᠢᠯ᠎ᠤᠨ ᠢᠯᠡᠷᠡᠭᠦᠯᠭᠦ᠌ᠬᠠᠳᠭᠤᠮᠠᠯᠤᠨ ᠠᠷᠭ᠎ᠠ ᠮᠠᠶᠢᠭ᠎ᠨᠢ ᠤᠯᠠᠨ ᠲᠦᠷᠦᠯ ᠪᠠᠢᠳᠠᠭ᠃ ᠤᠩᠨᠢᠭᠤᠳ ᠤᠷᠠᠨ ᠬᠠᠳᠭᠤᠮᠠᠯᠴᠢᠨᠤ ᠭᠠᠷ᠎ᠢᠶᠠᠷ ᠬᠠᠳᠭᠤᠮᠠᠯᠯᠠᠭ᠍ᠰᠠᠨ ᠤᠷᠠᠨ ᠪᠦᠳᠦᠭᠡᠯ᠎ᠨᠢ ᠦᠵᠡᠭᠦ᠎ᠳᠤ ᠭᠤᠶᠤ᠂ ᠠᠮᠢᠳᠤᠯᠢᠭ᠂ᠪᠤᠰᠤᠭ᠎ᠠ ᠲᠦᠷᠰᠦᠳᠦ ᠲᠦᠷᠦᠭ᠌ᠳᠡᠯ᠎ᠢ ᠦᠭ᠌ᠳᠡᠭ᠃ ᠤᠷᠴᠢᠮ᠎ᠤᠨ ᠪᠦᠷᠢᠳᠭᠡᠯ᠎ᠢ ᠦᠨᠳᠦᠰᠦᠯᠡᠪᠡᠯ᠂ ᠤᠩᠨᠢᠭᠤᠳᠮᠤᠩᠭᠤᠯᠴᠤᠳᠲᠤ ᠨᠡᠢᠳᠡ 33 ᠵᠦᠢᠯ᠎ᠤᠨ ᠤᠶᠤᠵᠤ ᠬᠠᠳᠭᠤᠮᠠᠯᠯᠠᠬᠤ ᠠᠷᠭ᠎ᠠ ᠪᠠᠢᠨ᠎ᠠ᠃ᠬᠤᠸᠠᠷ ᠬᠠᠳᠭᠤᠮᠠᠯᠯᠠᠬᠤᠳᠠᠭᠠᠨ ᠤᠩᠨᠢᠭᠤᠳ ᠮᠤᠩᠭᠤᠯ ᠤᠷᠠᠴᠤᠳ ᠪᠦᠰ (ᠲᠤᠷᠭ᠎ᠠ᠂ ᠦᠭᠡᠳᠡᠩ) ᠵᠢᠡᠨ ᠵᠢᠶᠠᠰᠠᠳᠡᠭᠡᠷᠡ ᠲᠡᠯᠡᠵᠤ ᠳᠠᠳᠠᠵᠤ ᠪᠠᠢᠭᠠᠳ ᠬᠠᠳᠭᠤᠮᠠᠯ ᠬᠠᠳᠭᠤᠮᠠᠯᠯᠠᠳᠠᠭ᠃ ᠡᠨᠡ᠎ᠨᠢ ᠪᠤᠰᠤᠳ ᠭᠠᠵᠠᠷ᠎ᠤᠨ ᠪᠤᠷᠤᠮᠠᠲ᠋ᠧᠷᠢᠶᠠᠯᠤᠨᠢᠶᠠᠨ ᠠᠷᠤ ᠲᠠᠯ᠎ᠠ᠎ᠳᠤ ᠨᠠᠭᠠᠯᠳᠠ ᠲᠦᠷᠭᠢᠵᠤ᠂ ᠴᠠᠭᠠᠰᠤ ᠨᠠᠭᠠᠵᠤ ᠪᠠᠢᠭᠠᠳ ᠬᠠᠳᠭᠤᠮᠠᠯᠬᠠᠳᠭᠤᠮᠠᠯᠯᠠᠬᠤᠠᠴᠠ ᠬᠤᠯᠠ ᠳᠠᠪᠱᠢᠩᠭᠤᠢ ᠶᠤᠮ᠃
ᠤᠩᠨᠢᠭᠤᠳᠮᠤᠩᠭᠤᠯᠴᠤᠳ ᠤᠯᠠᠩᠭᠢ᠎ᠳᠠᠭᠠᠨ ᠲᠦᠭᠦᠷᠢᠭ ᠮᠦᠷᠦ᠍᠎ᠲᠠᠢ᠂ ᠨᠢᠳᠤᠷᠭ᠎ᠠ ᠦᠭᠡᠢ᠂ ᠪᠡᠯᠴᠢᠩ ᠦᠭᠡᠢ ᠲᠡᠷᠯᠢᠭᠲᠡᠪᠡᠯ ᠡᠮᠦᠰᠳᠡᠭ᠃
ᠰᠤᠶᠤᠯᠤᠨᠪᠡᠯᠭᠡ ᠲᠡᠮᠳᠡᠭ
ᠤᠩᠨᠢᠭᠤᠳᠬᠤᠪᠴᠠᠰᠤ ᠵᠠᠰᠠᠯ᠎ᠤᠨ ᠰᠤᠶᠤᠯ᠎ᠨᠢ ᠤᠷᠳᠤ ᠬᠤᠭᠤᠴᠠᠭᠠᠨ᠎ᠤ ᠭᠦᠭ᠌ᠵᠢᠯᠳᠡ᠎ᠶ᠋ᠢᠨ ᠶᠠᠪᠤᠴᠠ᠎ᠳᠠᠭᠠᠨ ᠦᠪᠡᠷ᠎ᠤᠨ ᠦᠪᠡᠷᠮᠢᠴᠡᠤᠨᠴᠠᠯᠢᠭᠢᠶᠠᠨ ᠪᠦᠷᠢᠯᠳᠦᠭᠦᠯᠦᠭ᠌ᠰᠡᠨ ᠢᠶᠠᠷ ᠦᠯᠦ᠍ᠪᠠᠷᠠᠨ᠂ ᠦᠪᠡᠷ᠎ᠤᠨ ᠰᠤᠶᠤᠯ᠎ᠤᠨ ᠪᠡᠯᠭᠡ ᠲᠡᠮᠳᠡᠭ᠎ᠲᠠᠢ ᠪᠤᠯᠤᠭ᠍ᠰᠠᠨ ᠪᠠᠢᠨ᠎ᠠ᠃
ᠠᠭᠤᠳᠠᠮᠴᠢᠴᠢᠨᠠᠷᠲᠠᠢ᠃ ᠤᠩᠨᠢᠭᠤᠳ ᠬᠤᠪᠴᠠᠰᠤ ᠵᠠᠰᠠᠯ ᠤᠯᠠᠮᠵᠢᠯᠠᠯᠳᠤ ᠮᠤᠩᠭᠤᠯ ᠬᠤᠪᠴᠠᠰᠤᠨ᠎ᠤ ᠰᠤᠶᠤᠯᠢᠶᠠᠨᠵᠠᠯᠭᠠᠮᠵᠢᠯᠠᠵᠤ ᠴᠢᠳᠠᠭ᠍ᠰᠠᠨ ᠪᠦᠭᠡᠳ ᠮᠠᠨᠵᠤ᠂ ᠲᠦᠪᠡᠳ᠂ ᠭᠢᠳᠠᠳ᠂ ᠰᠤᠯᠤᠩᠭᠤᠰ ᠵᠡᠷᠭᠡ ᠤᠯᠠᠨᠦᠨᠳᠦᠰᠦᠳᠡᠨᠤ ᠬᠤᠪᠴᠠᠰᠤ ᠵᠠᠰᠠᠯ᠎ᠤᠨ ᠤᠷᠠᠯᠠᠯ᠎ᠢ ᠠᠮᠵᠢᠯᠲᠠ᠎ᠲᠠᠢ᠎ᠪᠠᠷ ᠱᠢᠩᠭᠡᠨ ᠠᠪᠴᠤ᠌ ᠴᠢᠳᠠᠵᠠᠢ᠃ᠡᠭᠦᠯᠡᠨ ᠤᠭᠠᠯᠵᠠ᠂ ᠬᠤᠷᠮᠤᠰᠲᠠ᠎ᠶ᠋ᠢᠨ ᠦᠵᠦᠭ (ᠯᠠᠨᠵᠠ ᠤᠭᠠᠯᠵᠠ)᠂ ᠵᠠᠭᠤᠰᠤᠨ ᠤᠭᠠᠯᠵᠠ᠂ ᠬᠠᠰ ᠲᠠᠮᠠᠭ᠎ᠠ ᠤᠭᠠᠯᠵᠠ᠂ ᠦᠯᠵᠡᠢ ᠵᠠᠩᠭᠢᠶ᠎ᠠ ᠤᠭᠠᠯᠵᠠ᠂ᠫᠦᠰᠡᠨ ᠤᠭᠠᠯᠵᠠ᠂ ᠪᠠᠭ᠍ᠪᠠᠭᠠᠢ ᠤᠭᠠᠯᠵᠠ᠂ ᠡᠷᠪᠡᠭᠡᠢ ᠤᠭᠠᠯᠵᠠ ᠵᠡᠷᠭᠡ᠎ᠶ᠋ᠢ ᠪᠤᠯ ᠲᠤᠮᠳᠠᠳᠤ᠎ᠶ᠋ᠢᠨ ᠡᠯᠡᠦᠨᠳᠦᠰᠦᠳᠡᠨ ᠪᠦᠷ ᠨᠡᠢᠳᠡᠮ ᠭᠡᠷᠡᠭ᠌ᠯᠡᠵᠤ ᠪᠠᠢᠳᠠᠭ᠃ ᠡᠳᠡᠭᠡᠷ ᠤᠭᠠᠯᠵᠠ᠎ᠶ᠋ᠢ ᠤᠩᠨᠢᠭᠤᠳᠮᠤᠩᠭᠤᠯᠴᠤᠳᠤᠤᠵᠢ᠂ ᠲᠡᠷᠯᠢᠭ᠂ ᠭᠤᠳᠤᠯ᠂ ᠱᠠᠬᠠᠢ᠂ ᠱᠢᠭᠤᠲᠠᠢ ᠬᠠᠪᠳᠠᠭ᠎ᠠ᠂ ᠲᠠᠢᠯᠤᠤᠷ(ᠲᠠᠢᠯᠢᠩ)᠂ ᠪᠤᠭ᠍ᠴᠤ ᠵᠡᠷᠭᠡᠳᠤᠦᠷᠭᠡᠨᠢᠶᠠᠷ ᠤᠯᠠᠷᠢᠭᠤᠯᠤᠨ ᠭᠡᠷᠡᠭ᠌ᠯᠡᠵᠤ ᠪᠠᠢᠳᠠᠭ᠃ ᠡᠨᠡ᠎ᠨᠢ ᠤᠩᠨᠢᠭᠤᠳ ᠬᠤᠪᠴᠠᠰᠤ ᠵᠠᠰᠠᠯᠤᠨᠰᠤᠶᠤᠯᠤᠨ ᠠᠭᠤᠳᠠᠮ ᠪᠠᠭ᠍ᠳᠠᠭᠠᠮᠵᠢ᠎ᠲᠠᠢ ᠪᠠᠢᠬᠤ᠎ᠶ᠋ᠢ ᠬᠠᠷᠠᠭᠤᠯᠵᠤ ᠪᠠᠢᠳᠠᠭ᠃
ᠡᠶᠡᠵᠤᠭᠢᠴᠠᠯᠳᠤ ᠴᠢᠨᠠᠷᠲᠠᠢ᠃ ᠤᠩᠨᠢᠭᠤᠳ ᠮᠤᠩᠭᠤᠯ ᠬᠤᠪᠴᠠᠰᠤ ᠵᠠᠰᠠᠯ᠎ᠤᠨ ᠵᠢᠷᠤᠭᠲᠤ ᠠᠭᠤᠯᠠ ᠤᠰᠤ᠂ ᠠᠮᠢᠳᠠᠨᠤᠷᠭᠤᠮᠠᠯ᠂ ᠠᠷᠪᠠᠨ ᠬᠤᠶᠠᠷ ᠵᠢᠯ᠎ᠤᠨ ᠠᠮᠢᠳᠠᠨ ᠪᠠ ᠤᠯᠠᠨ ᠠᠷᠪᠢᠨ ᠵᠦᠢᠯ᠎ᠤᠨ ᠭᠡ ᠤᠭᠠᠯᠵᠠ᠎ᠶ᠋ᠢ ᠤᠷᠭᠠᠨᠢᠭᠰᠠᠢᠬᠠᠨ ᠵᠢᠷᠤᠵᠤ ᠬᠠᠳᠭᠤᠮᠠᠯᠯᠠᠬᠤ ᠪᠤᠶᠤ ᠰᠡᠢᠯᠡᠭᠦᠷ᠂ ᠤᠷᠢᠶᠠᠮᠠᠯ᠂ ᠨᠠᠭᠠᠮᠠᠯ᠂ ᠭᠠᠮᠠᠯ᠎ᠤᠨ ᠤᠷ᠎ᠠ ᠮᠡᠷᠭᠡᠵᠢᠯ᠎ᠢᠶᠠᠷ ᠤᠷᠠᠯᠠᠨ ᠤᠶᠤᠳᠠᠭ᠃ ᠡᠭᠦᠨᠢᠶᠠᠷᠲᠠᠮᠵᠢᠭᠤᠯᠵᠤ ᠦᠪᠡᠷ᠎ᠤᠨ ᠡᠭᠡ ᠪᠠᠢᠭᠠᠯᠢᠪᠠᠨᠱᠢᠳᠦᠵᠤ᠂ ᠪᠠᠢᠭᠠᠯᠢ᠎ᠶ᠋ᠢᠨ ᠡᠪᠡᠰᠦ ᠤᠷᠭᠤᠮᠠᠯ᠂ ᠠᠷᠢᠶᠠᠳᠠᠨ ᠵᠢᠭᠦᠷᠳᠡᠨ ᠲᠠᠢ ᠡᠶ᠎ᠡ ᠵᠤᠭᠢᠴᠠᠯᠲᠠᠢᠠᠮᠢᠳᠤᠷᠠᠬᠤᠶ᠋ᠢ ᠭᠦᠰᠡᠨ ᠮᠦᠷᠦᠭᠡᠳᠦᠭ᠌ᠰᠡᠨ᠂ ᠨᠤᠳᠤᠭ ᠤᠰᠤ᠎ᠪᠠᠨ ᠬᠠᠢᠷᠠᠯᠠᠵᠤ ᠬᠠᠮᠠᠭᠠᠯᠠᠬᠤᠰᠡᠳᠭᠢᠯᠭᠡᠪᠠᠨ ᠢᠯᠡᠳᠭᠡᠵᠤ ᠪᠠᠢᠳᠠᠭ᠃
ᠡᠪᠨᠠᠢᠷᠠᠮᠳᠠᠭᠤ ᠴᠢᠨᠠᠷᠲᠠᠢ᠃ ᠬᠤᠪᠴᠠᠰᠤ᠂ ᠱᠢᠭᠤᠲᠠᠢ ᠬᠠᠪᠳᠠᠭ᠎ᠠ᠂ ᠲᠠᠢᠯᠤᠤᠷ ᠵᠡᠷᠭᠡ ᠳᠡᠭᠡᠷᠡᠲᠠᠭ᠍ᠳᠠᠭᠠ᠂ ᠪᠤᠭᠤ ᠵᠡᠷᠭᠡ᠎ᠶ᠋ᠢ ᠤᠶᠤᠵᠤ ᠪᠠᠢᠬᠤ᠎ᠨᠢ ᠡᠪ ᠨᠠᠢᠷᠠᠮᠳᠠᠯᠢ ᠡᠷᠭᠢᠮᠯᠡᠵᠤ ᠪᠠᠢᠬᠤᠰᠡᠳᠭᠢᠯᠭᠡᠪᠠᠨ ᠢᠯᠡᠳᠭᠡᠵᠤ ᠪᠠᠢᠬᠤ ᠶᠤᠮ᠃
ᠡᠷᠡᠯᠭᠡᠭᠪᠠᠭᠠᠳᠤᠷᠯᠢᠭ᠂ ᠬᠠᠳᠠᠨ ᠵᠤᠷᠢᠭ᠍ᠳᠤ ᠴᠢᠨᠠᠷᠲᠠᠢ᠃ ᠪᠦᠭᠡᠴᠢᠨᠤ ᠲᠤᠤᠬᠤ ᠪᠠ ᠡᠷᠡᠭ᠌ᠲᠠᠢ ᠡᠮᠡᠭ᠌ᠲᠠᠢᠶ᠋ᠢᠨᠬᠤᠪᠴᠠᠰᠤᠨ ᠲᠡᠭᠡᠷ᠎ᠡ ᠯᠤᠤ ᠭᠠᠷᠤᠳᠠᠢ᠂ ᠲᠦᠷᠪᠡᠨ ᠭᠦᠴᠦᠳᠦ ᠠᠮᠢᠳᠠᠨ ᠵᠡᠷᠭᠡ᠎ᠶ᠋ᠢ ᠤᠷᠠᠯᠠᠨ ᠤᠶᠤᠵᠤᠪᠠᠢᠬᠤᠨᠢ ᠡᠷᠡᠯᠭᠡᠭ ᠪᠠᠭᠠᠳᠤᠷᠯᠢᠭ᠂ ᠢᠯᠠᠭ᠍ᠳᠠᠰᠢ ᠦᠭᠡᠢ ᠬᠠᠳᠠᠨ ᠵᠤᠷᠢᠭ᠍ᠲᠠᠢ ᠪᠠᠢᠬᠤ᠎ᠶ᠋ᠢ ᠭᠦᠰᠡᠭ᠌ᠰᠡᠨᠪᠡᠯᠭᠡ ᠲᠡᠮᠳᠡᠭ ᠶᠤᠮ᠃
ᠪᠠᠶᠠᠨᠴᠢᠨᠡᠭᠡᠯᠢᠭᠢ ᠭᠦᠰᠡᠭᠦᠢᠴᠢ ᠴᠢᠨᠠᠷᠲᠠᠢ᠃ ᠤᠩᠨᠢᠭᠤᠳ ᠮᠤᠩᠭᠤᠯᠴᠤᠳ ᠬᠤᠪᠴᠠᠰᠤ ᠵᠠᠰᠠᠯ ᠲᠡᠭᠡᠷ᠎ᠡ᠎ᠪᠠᠨ《ᠪᠤᠶᠠᠨ》《ᠦᠯᠵᠡᠢ》 《ᠪᠠᠶᠠᠨ》 ᠭᠡᠭᠦ᠌ ᠮᠡᠳᠦ ᠦᠰᠦᠭ ᠤᠶᠤᠵᠤ᠂ ᠰᠡᠢᠯᠤᠭᠦᠷ ᠰᠡᠢᠯᠵᠤ ᠤᠶᠤᠬᠤ᠂ ᠨᠠᠭᠠᠮᠠᠯ ᠨᠠᠭᠠᠵᠤᠤᠶᠤᠬᠤ ᠪᠤᠶᠤ ᠤᠷᠠᠨ ᠬᠠᠳᠭᠤᠮᠠᠯ ᠬᠠᠳᠭᠤᠮᠠᠯᠯᠠᠵᠤ ᠤᠶᠤᠳᠠᠭ᠃ ᠬᠤᠪᠴᠠᠰᠤ ᠵᠠᠰᠠᠯ ᠳᠡᠭᠡᠷ᠎ᠡ ᠡᠨᠡ ᠮᠡᠳᠦᠪᠡᠯᠭᠡᠳᠡᠯᠤᠨ ᠴᠢᠨᠠᠷᠲᠠᠢ ᠵᠢᠷᠤᠭ ᠲᠦᠷᠰᠦᠢ ᠤᠶᠤᠵᠤ ᠪᠠᠢᠭ᠎ᠠ ᠦᠵᠡᠭ᠌ᠳᠡᠯ ᠲᠤᠩ ᠤᠯᠠᠨ ᠪᠠᠢᠳᠠᠭ᠃
ᠢᠷᠡᠯᠳᠡ᠄《ᠮᠤᠨᠭᠭᠤᠯ ᠰᠤᠳᠤᠯᠤᠯ᠎ᠤᠨ ᠨᠡᠪᠳᠡᠷᠬᠡᠢ ᠳᠤᠯᠢ》
ᠨᠠᠮᠲᠠᠢᠰᠦᠢ᠍ᠷᠦᠩᠤᠨ 《ᠤᠨᠭᠨᠢᠭᠤᠳ ᠮᠤᠨᠭᠭᠤᠯ ᠬᠤᠪᠴᠠᠰᠦ ᠵᠠᠰᠠᠯ᠎ᠤᠨ ᠳᠤᠬᠠᠢ》 ᠬᠡᠬᠦ ᠵᠤᠬᠢᠶᠡᠯ
ᠡᠮᠬᠢᠯᠡᠭᠴᠢ᠄ᠦᠨᠡᠨᠵᠢᠷᠭᠠᠯ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃