2024-12-13 10:02:37
ᠲᠠᠪᠢᠨ ᠨᠠᠰᠤ᠎ᠶ᠋ᠢ ᠲᠠᠪᠠᠵᠤ ᠶᠠᠪᠤᠭ᠎ᠠ ᠪᠢ ᠪᠠᠭ᠎ᠠ᠎ᠶ᠋ᠢᠨ ᠦᠶ᠎ᠡ᠎ᠶ᠋ᠢᠨ ᠵᠤᠯ ᠵᠢᠷᠭᠠᠯᠳᠤ ᠮᠦᠴᠠ ᠪᠤᠯᠤᠨ ᠬᠦᠰᠡᠯ ᠡᠷᠡᠮᠡᠯᠵᠡᠯ᠎ᠢᠶᠠᠷ ᠲᠦᠬᠦᠷᠤᠭ᠌ᠰᠡᠨ ᠠᠮᠢᠳᠤᠷᠠᠯ᠎ᠢᠶᠠᠨ ᠦᠷᠬᠦᠯᠵᠢ ᠡᠷᠬᠢᠴᠡᠬᠦᠯᠤᠨ ᠪᠤᠳᠤᠳᠠᠭ᠃ ᠢᠯᠠᠩᠭᠤᠶ᠎ᠠ ᠲᠡᠷᠡ ᠦᠶ᠎ᠡ᠎ᠶ᠋ᠢᠨ ᠨᠢᠯᠬᠠᠰᠠᠭ ᠢᠨᠢᠶᠡᠳᠤᠮ ᠳᠠᠢ ᠤᠴᠢᠷ ᠶᠠᠪᠤᠳᠠᠯ᠎ᠤᠳ ᠶᠠᠭ ᠯᠠ ᠲᠧᠯᠸᠢᠰ᠎ᠤᠨ ᠴᠡᠭᠡᠨ ᠬᠦᠱᠢᠭᠡᠨ ᠲᠡᠭᠡᠷᠡᠬᠢ ᠦᠵᠡᠭ᠌ᠳᠡᠯ ᠱᠢᠭ ᠪᠠᠢᠨ ᠲᠠᠬᠢᠨ ᠨᠢᠳᠤᠨ ᠡᠮᠤᠨ᠎ᠡ ᠢᠯᠡᠷᠡᠵᠤ᠂ ᠢᠨᠢᠶᠡᠳᠤ᠎ᠶ᠋ᠢ ᠮᠢᠨᠢ ᠬᠦᠷᠭᠡᠳᠡᠭ ᠶᠤᠮ᠃
ᠮᠢᠨᠤ ᠪᠠᠭ᠎ᠠ᠎ᠶ᠋ᠢᠨ ᠦᠶ᠎ᠡ᠎ᠳᠤ ᠠᠪᠤ ᠮᠢᠨᠢ ᠭᠠᠳᠠᠨ᠎ᠠ ᠭᠠᠵᠡᠷ ᠠᠵᠢᠯᠯᠠᠵᠤ ᠪᠠᠢᠭ᠍ᠰᠠᠨ ᠤᠴᠢᠷ᠎ᠠᠴᠠ ᠨᠠᠳᠠ᠎ᠳᠤ ᠨᠤᠮ ᠪᠢᠴᠢᠭ ᠵᠢᠭᠠᠵᠤ ᠦᠭ᠌ᠬᠦ ᠴᠠᠭ ᠶᠡᠭᠡ ᠯᠡ ᠬᠤᠮᠰᠠ ᠪᠠᠢᠵᠠᠢ᠃
ᠨᠢᠬᠡᠨ ᠡᠳᠦᠷ ᠡᠬᠡᠴᠢ ᠨᠠᠳᠠ᠎ᠳᠤ᠄ 《ᠲᠡᠬᠦᠤ ᠮᠢᠨᠢ᠂ ᠡᠨᠡ ᠡᠳᠦᠷ ᠪᠢ ᠴᠢᠮ᠎ᠠ᠎ᠳᠤ ᠪᠢᠴᠢᠭ ᠵᠢᠭᠠᠵᠤ ᠦᠭ᠌ᠬᠦᠶᠡ》 ᠬᠡᠬᠦᠯᠡᠷ ᠪᠢ ᠶᠡᠭᠡ ᠯᠡ ᠪᠠᠶᠠᠷᠯᠠᠨ ᠨᠢᠳᠦ ᠮᠢᠨᠢ ᠬᠡᠷᠡᠯᠳᠦᠵᠤ ᠬᠠᠨᠵᠤᠨ ᠲᠡᠬᠡᠷ᠎ᠡ ᠰᠠᠭᠤᠵᠤ ᠪᠠᠢᠭ᠍ᠰᠠᠨ᠎ᠢᠶᠠᠨ ᠬᠤᠶᠠᠷ ᠡᠪᠦᠳᠦᠭ ᠵᠢᠠᠨ ᠫᠠᠰᠭᠢᠳᠡᠯᠠ ᠠᠯᠠᠭᠠᠳᠠᠭᠠᠳ ᠲᠡᠪᠬᠡᠷᠦᠨ ᠪᠤᠰᠪᠠ᠃
ᠬᠦᠬᠡᠷᠦᠬᠦᠢ ᠪᠠᠶᠠᠷᠯᠠᠬᠤ ᠦᠬᠡᠢ ᠴᠤ᠌ ᠶᠠᠭᠠᠬᠢᠬᠤᠪ ᠳ᠋ᠠ᠃ ᠲᠡᠷᠡ ᠦᠶ᠎ᠡ᠎ᠶ᠋ᠢᠨ ᠮᠠᠨ᠎ᠤ ᠠᠮᠢᠳᠤᠷᠠᠯ ᠬᠡᠪᠡᠯ ᠠᠳᠡ ᠲᠡᠨᠳᠡ ᠨᠢᠬᠡ ᠬᠤᠶᠠᠷ ᠮᠤᠩᠭᠤᠯ ᠬᠡᠷ᠎ᠢᠶᠠᠷ ᠤᠳᠤᠷᠯᠠᠨ ᠮᠠᠯᠵᠢᠵᠤ ᠪᠠᠢᠭ᠍ᠰᠠᠨ ᠲᠤᠯᠠ ᠨᠠᠭᠠᠳᠤᠮ ᠲᠤᠭ᠍ᠯᠠᠭᠠᠮᠢ ᠪᠤᠤ ᠬᠡᠯᠡ᠂ ᠠᠯᠢᠶᠠᠷᠬᠠᠵᠤ ᠲᠤᠭ᠍ᠯᠠᠬᠤ ᠦᠶ᠎ᠡ ᠬᠤᠷᠠᠭ᠎ᠤᠨ ᠬᠠᠨᠢᠳᠠᠨ ᠴᠤ᠌ ᠦᠬᠡᠢ᠂ ᠤᠢᠳᠭᠠᠷᠯᠠᠨ ᠪᠤᠬᠢᠨᠢᠳᠤᠭᠠᠳ ᠲᠡᠰᠭᠦ ᠠᠯᠳᠠᠷᠠᠵᠤ ᠪᠠᠢᠭ᠍ᠰᠠᠨ ᠴᠠᠭ ᠦᠶ᠎ᠡ ᠪᠠᠢᠭ᠍ᠰᠠᠨ᠃
ᠡᠬᠡᠴᠢ ᠬᠡᠳᠦᠨ ᠡᠳᠦᠷ᠎ᠤᠨ ᠡᠮᠦᠨ᠎ᠡ ᠪᠠᠭ᠎ᠠ ᠠᠪᠠᠭ᠎ᠠ ᠠᠪᠤ᠎ᠶ᠋ᠢᠨ᠎ᠳᠤ ᠬᠠᠭᠠᠰ ᠡᠳᠦᠷ ᠮᠤᠩᠭᠠᠨᠢᠵᠤ ᠪᠠᠢᠭᠠᠳ 《ᠦᠯᠵᠡᠢ ᠬᠤᠳᠤᠭ ᠦᠨᠢᠳᠡ ᠤᠷᠤᠱᠢᠬᠤ ᠪᠤᠯᠳᠤᠭᠠᠢ》 ᠬᠡᠰᠡᠨ ᠬᠡᠳᠤᠨ ᠠᠯᠳᠠᠨ ᠱᠢᠷᠭᠠᠯ ᠦᠰᠦᠭ᠎ᠤᠳ᠎ᠢ ᠪᠢᠴᠢᠭ᠌ᠰᠡᠨ ᠤᠯᠠᠭᠠᠨ ᠱᠢᠷᠭᠤᠭᠤᠯᠤᠨᠢᠶᠠᠨ ᠠᠮᠠᠰᠠᠷ᠎ᠢ ᠨᠡᠬᠡᠬᠡᠵᠤ ᠲᠤᠳᠤᠷ᠎ᠠ᠎ᠠᠴᠠ᠎ᠨᠢ ᠤᠯᠠᠭᠠᠨ ᠭᠠᠳᠠᠷᠲᠠᠢ ᠲᠢᠶᠠᠨ ᠠᠨ ᠮᠧᠨ ᠠᠰᠠᠷ᠎ᠤᠨ ᠵᠢᠷᠤᠭ᠎ᠲᠠᠢ ᠬᠡᠯᠡ ᠪᠢᠴᠢᠭ᠎ᠤᠨ ᠲᠡᠪᠳᠡᠷ ᠭᠠᠷᠭᠠᠨ ᠠᠪᠴᠢᠷᠠᠭᠠᠳ ᠮᠢᠨᠤ ᠡᠮᠤᠨ᠎ᠡ ᠲᠡᠯᠬᠡᠨ ᠲᠠᠯᠪᠢᠵᠤ 《ᠠ᠂ ᠡ᠂ ᠢ᠂ ᠤ᠂ ᠤ᠂ ᠦ᠂ ᠦ》 ᠬᠡᠳ ᠠᠶᠠᠯᠭᠤ ᠲᠠᠳᠠᠨ ᠡᠬᠢᠯᠡᠬᠦᠯᠦᠨ ᠵᠢᠭᠠᠯ᠎ᠠ᠃ ᠪᠢ ᠡᠷᠳᠡᠨ᠎ᠤ ᠬᠢᠳᠠᠳ᠎ᠤᠨ 《ᠲᠦᠷᠪᠡᠨ ᠪᠢᠴᠢᠭ ᠲᠠᠪᠤᠨ ᠨᠤᠮ》 ᠢ᠋ ᠴᠡᠬᠡᠵᠢᠯᠠᠵᠤ ᠪᠠᠢᠭ᠎ᠠ ᠱᠢᠭ᠋ ᠬᠠᠷ᠎ᠠ ᠴᠡᠬᠡᠵᠢ᠎ᠪᠠᠷ ᠬᠠᠩᠬᠢᠨᠠᠭᠤᠯᠤᠨ ᠤᠩᠱᠢᠯᠠ᠃
ᠮᠠᠷᠭᠠᠰᠢ᠎ᠨᠢ ᠡᠬᠡᠴᠢ ᠦᠨᠦᠬᠢ ᠤᠪ ᠤᠯᠠᠭᠠᠨ ᠱᠢᠷᠭᠤᠭᠤᠯᠢᠶᠠᠨ ᠬᠠᠨᠵᠤᠨ᠎ᠤ ᠭᠤᠤᠯ᠎ᠳᠤ ᠲᠠᠯᠪᠢᠵᠤ᠂ ᠨᠠᠮᠠᠶ᠋ᠢ ᠠᠷᠤᠳᠤᠨᠢ ᠵᠠᠪᠢᠯᠠᠨ ᠰᠠᠭᠤᠯᠭᠠᠭᠠᠳ ᠦᠪᠡᠷ᠎ᠢᠶᠠᠨ ᠮᠢᠨᠤ ᠠᠷᠤ᠎ᠳᠤ ᠴᠤᠮᠴᠤᠢᠨ ᠰᠠᠭᠤᠵᠤ᠂ ᠭᠠᠷ᠎ᠢ ᠮᠢᠨᠢ ᠠᠳᠭᠤᠨ 《ᠠ᠂ ᠡ᠂ ᠢ ᠤ᠂ ᠤ᠂ ᠦ᠂ ᠦ》 ᠬᠡᠵᠦ᠍ ᠪᠢᠴᠢᠬᠦᠯᠵᠤ ᠰᠤᠷᠭᠠᠭ᠍ᠰᠠᠨ ᠶᠤᠮ᠃ ᠬᠡᠳᠦᠨ ᠡᠳᠦᠷ᠎ᠤᠨ ᠲᠠᠷᠠᠭ᠎ᠠ ᠡᠬᠡᠴᠢ ᠬᠤᠶᠠᠳᠤᠭᠠᠷ ᠬᠢᠴᠢᠶᠡᠯ 《ᠲᠤᠮᠳᠠᠳᠤ ᠤᠯᠤᠰ᠎ᠤᠨ ᠡᠪ ᠬᠠᠮᠳᠤ ᠨᠠᠮ ᠮᠠᠨᠳᠤᠳᠤᠭᠠᠢ》 ᠬᠡᠵᠦ᠍ ᠵᠢᠭᠠᠵᠤ ᠦᠭ᠌ᠬᠦᠭ᠌ᠰᠡᠨ᠎ᠳᠤ ᠪᠢ ᠤᠳᠠᠵᠤ ᠲᠦᠳᠡᠭ᠌ᠰᠡᠨ ᠦᠬᠡᠢ ᠤᠷᠤᠰᠤᠮ᠎ᠠ ᠰᠠᠢᠬᠠᠨ ᠴᠡᠭᠡᠵᠢᠯᠡᠵᠠᠢ᠂ ᠪᠢ ᠲᠡᠷᠡ ᠦᠶ᠎ᠡ᠎ᠳᠤ ᠬᠡᠳᠦᠢᠪᠡᠷ ᠲᠦᠷᠪᠡ ᠲᠠᠪᠤᠬᠠᠨ ᠨᠠᠰᠤᠳᠠᠢ ᠪᠠᠢᠭ᠍ᠰᠠᠨ ᠪᠤᠯᠪᠠᠴᠤ᠌ ᠤᠶᠤᠨ ᠤᠬᠠᠭᠠᠨᠳ᠋ᠠᠭᠠᠨ ᠪᠦᠦᠷ ᠲᠦᠦᠷᠬᠡᠨ ᠲᠦᠰᠦᠪᠯᠡᠨ ᠲᠠᠭᠠᠮᠠᠭ᠍ᠯᠠᠵᠤ ᠪᠠᠢᠯ᠎ᠠ᠃
ᠪᠠᠷᠤᠭ ᠬᠠᠭᠠᠰ ᠵᠢᠯ᠎ᠤᠨ ᠬᠢᠨᠢ ᠲᠠᠷᠠᠭ᠎ᠠ᠎ᠨᠢ ᠪᠤᠯᠤᠯᠳᠠᠢ᠂ ᠠᠪᠤ ᠠᠵᠢᠯ᠎ᠤᠨ᠎ᠢᠶᠠᠨ ᠴᠢᠯᠦᠬᠡ᠎ᠪᠠᠷ ᠬᠡᠷ᠎ᠲᠡᠬᠡᠨ ᠢᠷᠡᠭ᠌ᠰᠡᠨ᠎ᠳᠤ ᠡᠬᠡᠴᠢ ᠪᠢᠳᠡ ᠬᠤᠶᠠᠭᠤᠯᠠ ᠶᠡᠭᠡ ᠯᠡ ᠪᠠᠶᠠᠷᠯᠠᠵᠤ ᠪᠤᠭᠤᠳᠠᠯ ᠪᠠᠭ᠍ᠯᠠᠭ᠎ᠠ᠎ᠪᠠᠨ ᠬᠠᠨᠵᠤᠨ ᠲᠡᠬᠡᠷ᠎ᠡ ᠲᠠᠯᠪᠢᠭᠠᠳ ᠨᠢᠭᠤᠷ ᠭᠠᠷ᠎ᠢᠶᠠᠨ ᠤᠬᠢᠶᠠᠵᠤ ᠪᠠᠢᠬᠤ ᠠᠪᠤ᠎ᠶ᠋ᠢᠨ ᠵᠠᠬ᠎ᠠ᠎ᠳᠤ ᠤᠴᠢᠬᠰᠠᠠ ᠡᠬᠡᠴᠢ ᠮᠢᠨᠢ᠄ 《ᠠᠪᠤ ᠡ᠂ ᠬᠦᠤ ᠴᠢᠨᠢ ᠶᠡᠭᠡ ᠡᠷᠳᠡᠮ ᠰᠤᠷᠤᠭ᠍ᠰᠠᠨ ᠱᠢᠤ》 ᠬᠡᠰᠡᠨ᠎ᠳᠤ᠂ ᠠᠪᠤ᠄ 《ᠮᠢᠨᠤ ᠬᠦᠦ ᠶᠠᠮᠠᠷ ᠡᠷᠳᠡᠮ ᠰᠤᠷᠤᠭ᠍ᠰᠠᠨ ᠪᠤᠢ?ᠰᠤᠷᠤᠭᠰᠠᠠ ᠡᠷᠳᠡᠮ ᠵᠢᠠᠨ ᠠᠪᠤ ᠳ᠋ᠠᠭᠠᠨ ᠬᠡᠯᠡᠬᠡᠳ ᠠᠯᠢ!》 ᠬᠡᠰᠡᠨ᠎ᠳᠤ᠂ ᠪᠢ᠄ 《ᠠ᠂ ᠡ᠂ ᠢ ᠂ ᠤ᠂ ᠤ᠂ ᠦ᠂ ᠦ》᠂ 《ᠲᠤᠮᠳᠠᠳᠤ ᠤᠯᠤᠰ᠎ᠤᠨ ᠡᠪ ᠬᠠᠮᠳᠤ ᠨᠠᠮ ᠮᠠᠨᠳᠤᠳᠤᠭᠠᠢ》 ᠬᠡᠵᠦ᠍ ᠨᠢᠬᠡ ᠯᠡ ᠠᠮᠢᠰᠭᠤᠭ᠎ᠠ᠎ᠪᠠᠷ ᠤᠷᠤᠰᠭᠠᠵᠤ ᠭᠠᠷᠤᠯ᠎ᠠ᠃
ᠠᠪᠤ ᠮᠢᠨᠢ ᠶᠡᠭᠡ ᠯᠡ ᠪᠠᠶᠠᠷᠯᠠᠭᠠᠳ ᠨᠠᠮᠠᠶ᠋ᠢ ᠲᠡᠪᠡᠷᠢᠨ ᠠᠪᠴᠤ᠌ ᠲᠡᠬᠡᠷ᠎ᠡ ᠡᠷᠬᠦᠬᠡᠳ ᠬᠠᠴᠠᠷ ᠲᠡᠬᠡᠷ᠎ᠡ ᠮᠢᠨᠢ ᠬᠡᠳᠦ ᠦᠨᠦᠰᠪᠡ᠃ ᠲᠡᠬᠡᠬᠡᠳ᠄ 《ᠮᠢᠨᠤ ᠬᠦᠦ ᠪᠤᠯᠵᠤ ᠪᠠᠢᠨ᠎ᠠ᠂ ᠬᠦᠮᠦᠨ ᠪᠤᠯᠬᠤᠪᠠᠭᠠᠠᠴᠠᠪᠠᠨ᠂ ᠬᠦᠯᠦᠭ ᠪᠤᠯᠬᠤᠤᠨᠠᠭᠠᠨᠠᠴᠠᠪᠠᠨ ᠬᠡᠳᠡᠭ᠌ᠴᠢᠯᠡᠨ ᠪᠠᠯᠴᠢᠷᠪᠠᠭᠠ ᠡᠴᠠ᠎ᠪᠠᠨ ᠰᠤᠶᠤᠯ ᠮᠡᠳᠡᠯᠬᠡ ᠬᠡᠵᠦ᠍ ᠴᠢᠷᠮᠠᠢᠵᠤ ᠶᠠᠪᠤᠬᠤ ᠨᠢ ᠵᠤᠢᠳᠠᠢ ᠱᠢᠤ》 ᠬᠡᠵᠦ᠍ ᠰᠤᠷᠭᠠᠯ᠎ᠠ᠃
ᠪᠢ ᠡᠨᠡ ᠦᠶ᠎ᠡ᠎ᠠᠴᠠ ᠡᠬᠢᠯᠠᠵᠤ ᠬᠦᠮᠦᠨ ᠴᠢᠨᠢ ᠡᠷᠳᠡᠮ ᠮᠡᠳᠡᠯᠬᠡ᠎ᠶ᠋ᠢ ᠰᠠᠢᠳᠤᠷ ᠡᠵᠡᠮᠱᠢᠪᠡᠯ ᠠᠪᠤ ᠡᠵᠢ᠎ᠶ᠋ᠢᠨ᠎ᠢᠶᠠᠨ ᠡᠩᠬᠦᠷᠡᠢᠯᠡᠯ ᠬᠠᠢᠷ᠎ᠠ᠎ᠶ᠋ᠢ ᠤᠯᠬᠤ ᠪᠦᠬᠡᠳ ᠦᠬᠡᠷ᠎ᠡ ᠪᠤᠰᠤᠳ᠎ᠤᠨ ᠮᠠᠭ᠍ᠳᠠᠭᠠᠯ ᠪᠠᠭ᠍ᠠᠷᠬᠠᠯ᠎ᠢ ᠲᠠᠳᠠᠳᠠᠭ ᠬᠡᠵᠦ᠍ ᠨᠢᠬᠡ ᠯᠡ ᠪᠤᠳᠤᠭᠠᠳ ᠤᠳᠤ ᠪᠤᠯᠳᠠᠯ᠎ᠠ ᠴᠢᠷᠮᠠᠢᠭ᠍ᠰᠠᠭᠠᠷ ᠡ ᠁ ᠬᠤᠵᠢᠮ ᠰᠡᠬᠦᠯ᠎ᠳᠤᠨᠢ ᠡᠭᠡᠴᠢ ᠮᠢᠨᠢ ᠠᠷᠠᠳ᠎ᠠᠴᠠ ᠡᠷᠬᠢᠯᠡᠭ᠌ᠰᠡᠨ ᠪᠠᠭ᠍ᠰᠢ᠎ᠠᠴᠠ᠎ᠪᠠᠨ ᠨᠡᠷ᠎ᠡ ᠨᠢᠳᠡᠷ᠎ᠲᠡᠭᠡᠨ ᠲᠤᠬᠢᠷᠠᠭ᠍ᠰᠠᠨ ᠨᠢᠭᠡᠨ ᠵᠢᠩᠬᠢᠨᠢ ᠤᠯᠤᠰ᠎ᠤᠨ ᠪᠠᠭ᠍ᠰᠢ ᠪᠤᠯᠵᠠᠢ᠃ ᠪᠢ ᠪᠠᠰᠠ ᠡᠭᠡᠴᠢ᠎ᠶ᠋ᠢᠨ᠎ᠢᠶᠠᠨ ᠲᠠᠷᠠᠭ᠎ᠠ ᠠᠷᠠᠳ᠎ᠤᠨ ᠪᠠᠭ᠍ᠰᠢ ᠪᠤᠯᠵᠤ ᠡᠭᠡᠴᠢ᠎ᠲᠠᠢ᠎ᠪᠠᠨ ᠴᠤᠭ ᠰᠤᠷᠭᠠᠨ ᠬᠦᠮᠤᠵᠢᠯ᠎ᠤᠨ ᠡᠩᠨᠡᠭᠡ᠎ᠳᠤ ᠬᠢᠯᠠᠷᠠᠭᠤᠯᠵᠤ ᠶᠠᠪᠤᠭᠰᠠᠠ ᠪᠢᠯᠠ᠃
ᠮᠢᠨᠤ ᠤᠤᠭᠠᠨ ᠪᠠᠭ᠍ᠰᠢ ᠪᠤᠯ ᠬᠦᠭᠡᠷᠤᠬᠦᠢ ᠮᠠᠭᠤ ᠡᠭᠡᠴᠢ ᠮᠢᠨᠢ ᠰᠠᠨ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃