2025-08-01 10:52:41
ᠬᠦᠤ ᠮᠢᠨᠢ ᠰᠤᠨᠤᠰᠤᠭᠠᠴᠢ᠂ ᠡᠳᠡᠬᠡᠷ ᠦᠬᠡᠰ ᠵᠢᠠᠨ ᠴᠢᠮ᠎ᠠ ᠵᠢ ᠤᠨᠳᠠᠵᠤ ᠪᠠᠢᠬᠤᠳᠤ ᠴᠢᠨᠢ ᠬᠡᠯᠡᠶ᠎ᠠ᠃ ᠴᠢ ᠮᠢᠨᠢ ᠦᠬᠦᠬᠡᠷᠳᠡᠮᠠ ᠵᠢᠭᠠᠬᠠᠨ ᠭᠠᠷ ᠵᠢᠡᠷ ᠬᠠᠴᠠᠷ ᠵᠢᠠᠨ ᠲᠡᠷᠡᠯᠡᠬᠡᠳ ᠤᠨᠳᠠᠵᠤ ᠪᠠᠢᠨ᠎ᠠ᠃ ᠳᠤᠬᠤ ᠴᠢᠨᠢ ᠬᠦᠯᠦᠷᠡᠬᠡᠳ ᠪᠤᠷᠵᠠᠭᠠᠷ ᠦᠰᠦ ᠨᠢ ᠨᠠᠭᠠᠯᠳᠤᠴᠢᠬᠠᠵᠠᠢ᠃ ᠦᠷᠤᠬᠡᠨᠳᠤ ᠴᠢᠨᠢ ᠶᠠᠭ ᠯᠠ ᠨᠢᠬᠡᠨ ᠬᠤᠯᠠᠭᠠᠢᠴᠢ ᠰᠢᠬ ᠰᠡᠮᠬᠡᠨ ᠤᠷᠤᠵᠤ ᠢᠷᠡᠯ᠎ᠠ᠃ ᠬᠡᠳᠤᠬᠡᠨ ᠮᠢᠨᠦ᠋ᠲᠤᠨ ᠡᠮᠤᠨ᠎ᠠ ᠦᠷᠤᠬᠡᠨᠳ᠋ᠡᠬᠡᠨ ᠰᠠᠭᠤᠭᠠᠳ ᠰᠤᠨᠢᠨ ᠤᠩᠰᠢᠵᠤ ᠪᠠᠢᠬᠤᠳᠠᠭᠠᠨ ᠴᠢᠨᠤ ᠡᠮᠤᠨ᠎ᠠ ᠪᠤᠷᠤᠭᠤ ᠲᠠᠢ ᠮᠡᠳᠤ ᠰᠠᠨᠠᠭᠳᠠᠭᠠᠳ ᠶᠠᠪᠤᠴᠢᠬᠠᠯ᠎ᠠ᠃ ᠪᠤᠷᠤᠭᠤ ᠵᠤᠢᠯ ᠬᠢᠴᠢᠬᠡᠭᠰᠡᠡ ᠬᠡᠳᠡᠭ ᠵᠢᠠᠨ ᠮᠡᠳᠡᠬᠡᠳ ᠤᠷᠤ ᠤᠷᠤᠭᠤ ᠴᠢᠨᠢ ᠲᠦᠬᠦᠭᠰᠡᠡ ᠶᠤᠮ᠃ ᠠᠪᠤ ᠨᠢ ᠶᠠᠭᠤ ᠪᠤᠳᠤᠭᠰᠠᠠ ᠵᠢᠠᠨ ᠬᠡᠯᠡᠶ᠎ᠠ᠃ ᠦᠷᠯᠦᠬᠡ ᠶᠡᠬᠡ ᠠᠭᠤᠷᠳᠡᠢ ᠪᠠᠢᠬᠰᠠᠠ ᠵᠢᠠᠨ ᠪᠤᠳᠤᠵᠤ ᠤᠯᠤᠭᠠᠳ ᠰᠤᠷᠭᠠᠭᠤᠯᠢᠳᠠᠭᠠᠨ ᠶᠠᠪᠤᠬᠤ ᠬᠡᠳ ᠬᠤᠪᠴᠠᠰᠤ ᠪᠡᠨ ᠡᠮᠤᠰᠴᠤ ᠪᠠᠢᠬᠤᠳᠤ ᠴᠢᠨᠢ ᠵᠢᠮᠡᠯᠡᠵᠤ ᠰᠠᠭᠤᠪᠠ᠃ ᠶᠠᠭᠠᠬᠢᠭᠠᠳ ᠬᠡᠪᠡᠯ ᠬᠦᠤ ᠮᠢᠨᠢ ᠴᠢ ᠨᠢᠭᠤᠷ ᠭᠠᠷ ᠵᠢᠠᠨ ᠤᠬᠢᠶᠠᠬᠤ ᠬᠡᠵᠤ ᠵᠦᠬᠡᠷ ᠨᠢᠬᠡ ᠨᠤᠢᠳᠡᠨ ᠠᠯᠴᠢᠭᠤᠷ ᠵᠢᠡᠷ ᠠᠷᠴᠢᠭᠰᠠᠠ ᠮᠦᠷᠳᠡᠬᠡᠨ ᠭᠤᠳᠤᠯ ᠴᠢᠨᠢ ᠰᠢᠷᠤᠢ ᠲᠠᠢ ᠬᠡᠪ ᠵᠢᠡᠷ ᠵᠢᠠᠨ ᠪᠠᠢᠬᠤ ᠵᠢ ᠬᠠᠷᠠᠭᠠᠳ ᠴᠢᠮ᠎ᠠ ᠪᠡᠷ ᠴᠡᠪᠡᠷᠯᠡᠬᠦᠯᠦᠭᠰᠡᠡ ᠶᠤᠮ᠃ ᠵᠠᠷᠢᠮ ᠲᠡᠪᠳᠡᠷ ᠨᠤᠮ ᠵᠢᠠᠨ ᠬᠠᠰᠢ ᠶᠠᠰᠢ ᠲᠠᠷᠠᠭᠠᠴᠢᠬᠰᠠᠠ ᠪᠠᠢᠬᠤ ᠪᠡᠷ ᠴᠢᠨᠢ ᠮᠠᠭᠤᠬᠠᠢ ᠤᠷᠢᠯᠠᠵᠤ᠂ ᠴᠠᠢ ᠪᠡᠨ ᠤᠤᠭᠤᠵᠤ ᠪᠠᠢᠬᠤᠳᠤ ᠴᠢᠨᠢ ᠮᠠᠰᠢ ᠤᠯᠠᠨ ᠳᠤᠳᠠᠭᠳᠠᠯᠢ ᠴᠢᠨᠢ ᠤᠯᠵᠤ ᠬᠠᠷᠠᠯ᠎ᠠ᠃ ᠠᠰᠬᠠᠵᠤ ᠴᠢᠳᠬᠤᠭᠠᠳ ᠠᠮᠠᠨᠳᠠᠭᠠᠨ ᠬᠢᠭᠰᠡᠡ ᠬᠤᠭᠤᠯᠠ ᠪᠡᠨ ᠵᠠᠵᠢᠯᠬᠤ ᠴᠤ᠌ ᠦᠬᠡᠢ ᠵᠠᠯᠬᠢᠭᠠᠳ ᠲᠠᠯᠬᠠᠠ ᠲᠡᠬᠡᠷ᠎ᠠ ᠴᠦᠴᠤᠬᠡᠢ ᠵᠢᠨ ᠳᠤᠰᠤ ᠪᠡᠨ ᠵᠤᠵᠠᠭᠠᠨ ᠬᠡᠭᠴᠢ ᠨᠢ ᠲᠦᠷᠬᠢᠬᠡᠳ ᠤᠷᠬᠢᠵᠠᠢ᠃
ᠴᠢ ᠨᠠᠭᠠᠳᠬᠤ ᠪᠡᠷ ᠶᠠᠪᠤᠨ᠎ᠠ᠃ ᠬᠠᠷᠢᠨ ᠪᠢ ᠤᠨᠤᠭᠠᠨᠳᠠᠭᠠᠨ ᠠᠮᠵᠢᠬᠤ ᠬᠡᠳ ᠶᠠᠪᠤᠬᠤᠳᠤ ᠴᠢ ᠮᠢᠨᠢ ᠠᠪᠤ ᠤᠷᠤᠭᠤ ᠪᠡᠨ ᠬᠠᠷᠠᠵᠤ ᠭᠠᠷ ᠵᠢᠠᠨ ᠲᠠᠯᠠᠯᠤᠨ 《ᠠᠪᠤ ᠡ ᠪᠠᠶᠠᠷᠳᠡᠢ》 ᠬᠡᠬᠦ ᠳᠤ ᠴᠢᠨᠢ ᠬᠦᠮᠤᠰᠬᠡ ᠪᠡᠨ ᠵᠠᠩᠬᠢᠳᠤᠭᠠᠳ 《ᠲᠦᠪ ᠵᠤᠭᠰᠤ》 ᠬᠡᠵᠤ ᠴᠢᠮᠠᠳᠤ ᠴᠢᠩᠭ᠎ᠠ ᠪᠡᠷ ᠬᠠᠨᠳᠤᠵᠠᠢ᠃
ᠤᠷᠤᠢ ᠪᠤᠯᠵᠤ ᠪᠠᠢᠳᠠᠯ ᠦᠬᠡᠷ᠎ᠠ ᠪᠤᠯᠪᠠ᠃ ᠬᠡᠷ ᠲᠡᠬᠡᠨ ᠬᠠᠷᠢᠬᠤ ᠵᠠᠮᠳᠠᠭᠠᠨ ᠴᠢᠮ᠎ᠠ ᠵᠢ ᠭᠠᠵᠡᠷ ᠶᠠᠪᠠᠭᠠᠨ ᠰᠠᠭᠤᠭᠠᠳ ᠨᠠᠢᠵᠠ ᠨᠠᠷ ᠲᠠᠢ ᠪᠡᠨ ᠪᠦᠮᠪᠤᠬᠡ ᠳᠤᠭᠯᠠᠵᠤ ᠪᠠᠢᠬᠤ ᠵᠢ ᠴᠢᠨᠢ ᠬᠠᠷᠠᠭᠰᠠᠠ ᠶᠤᠮ᠃ ᠦᠢᠮᠤᠰᠤ ᠴᠢᠨᠢ ᠤᠷᠠᠭᠳᠠᠴᠢᠬᠠᠭᠰᠠᠠ ᠪᠠᠢᠵᠤ᠂ ᠨᠠᠢᠵᠠ ᠨᠠᠷᠤᠨ ᠴᠢᠨᠢ ᠬᠠᠵᠠᠭᠤᠳᠤ ᠴᠢᠮ᠎ᠠ ᠵᠢ ᠵᠢᠮᠡᠯᠡᠬᠡᠳ ᠭᠠᠷ ᠡᠴᠨ ᠴᠢᠨᠢ ᠲᠡᠳᠡᠨ ᠬᠡᠷ ᠲᠤ᠌ ᠤᠷᠤᠭᠤᠯᠪᠠ᠃ ᠲᠡᠬᠡᠬᠡᠳ 《ᠡᠨᠡ ᠤᠢᠮᠤᠰᠤ ᠶᠡᠬᠡ ᠦᠨᠡᠳᠡᠢ᠂ ᠤᠢᠮᠤᠰᠤ ᠲᠠᠢ ᠪᠠᠢᠶ᠎ᠠ ᠬᠡᠪᠡᠯ ᠭᠠᠮᠳᠠᠢ ᠪᠠᠢᠬᠤ ᠦᠬᠡᠢ ᠶᠠᠭᠠᠬᠢᠬᠰᠠᠠ ᠪᠤᠢ?》 ᠬᠡᠵᠤ ᠵᠠᠩᠨᠡᠪᠡ᠃
ᠬᠦᠤ ᠮᠢᠨᠢ ᠤᠢᠯᠠᠭᠠᠵᠤ ᠪᠠᠢᠨ᠎ᠠ ᠤᠤ? ᠡᠳᠡᠬᠡᠷᠢ ᠴᠢᠮᠠᠳᠤ ᠠᠪᠤ ᠴᠢᠨᠢ ᠬᠡᠯᠡᠵᠤ ᠦᠩᠬᠡᠷᠡᠭᠰᠡᠡᠢ ᠮᠡᠳᠡᠵᠤ ᠪᠠᠢᠨᠠᠤᠤ? ᠲᠡᠬᠡᠬᠡᠳ ᠲᠠᠷᠠᠭ᠎ᠠ ᠨᠢ ᠠᠵᠢᠯᠤᠨ ᠵᠢᠠᠨ ᠦᠷᠤᠬᠡᠨᠳᠤ ᠤᠷᠤᠪᠠ᠃ ᠨᠢᠳᠤᠨ ᠡᠴᠨ ᠴᠢᠨᠢ ᠭᠤᠮᠤᠳᠠᠯ ᠬᠠᠷᠠᠭᠳᠠᠵᠤ ᠪᠠᠢᠬᠰᠠᠠ ᠵᠢᠡᠷ ᠶᠠᠮᠠᠷ ᠨᠢᠬᠡ ᠶᠠᠭᠤᠮ᠎ᠠ ᠬᠢᠬᠦ ᠬᠡᠳ ᠴᠢᠳᠠᠬᠤ ᠦᠬᠡᠢ ᠪᠠᠢᠭ᠎ᠠ ᠪᠤᠯᠤᠯᠳᠠᠢ᠃ ᠬᠠᠷᠢᠨ ᠪᠢ 《ᠴᠢ ᠶᠠᠭᠠᠬᠢᠬᠤ ᠬᠡᠪᠡ?》 ᠬᠡᠵᠤ ᠴᠢᠮ᠎ᠠ ᠤᠷᠤᠭᠤ ᠬᠠᠰᠬᠢᠷᠪᠠ᠃ ᠶᠠᠭᠤ ᠴᠤ᠌ ᠬᠡᠯᠡᠯ ᠦᠬᠡᠢ ᠬᠦᠤ ᠮᠢᠨᠢ ᠴᠢ ᠬᠦᠶᠤᠵᠤ ᠢᠷᠡᠬᠡᠳ ᠬᠦᠵᠤᠬᠦᠤ ᠪᠡᠷ ᠮᠢᠨᠢ ᠲᠡᠪᠡᠷᠢᠬᠡᠳ ᠨᠠᠮ᠎ᠠ ᠵᠢ ᠦᠨᠤᠰᠴᠠᠢ᠂ ᠲᠠᠷᠠ ᠨᠢ ᠲᠠᠷᠤᠢ ᠬᠠᠢᠷ᠎ᠠ ᠵᠢᠨ ᠦᠨᠤᠰᠤᠯᠳᠠ ᠪᠤᠯᠤᠨ᠎ᠠ᠃ ᠲᠡᠬᠡᠬᠡᠳ ᠴᠠᠭᠠᠰᠢ ᠪᠡᠨ ᠬᠦᠶᠤᠬᠡᠳ ᠶᠠᠪᠤᠴᠢᠬᠠᠪᠠ᠃
ᠪᠠᠷᠢᠵᠤ ᠪᠠᠢᠬᠰᠠᠠ ᠴᠠᠭᠠᠰᠤ ᠮᠢᠨᠢ ᠭᠠᠷ ᠡᠴᠨ ᠤᠨᠠᠯ᠎ᠠ᠃ ᠪᠢ ᠴᠢᠨᠢ ᠶᠠᠭᠤ ᠬᠢᠴᠢᠬᠡᠪᠡ? ᠦᠷᠬᠦᠯᠵᠢ ᠯᠠ ᠬᠦᠤ ᠵᠢᠠ ᠵᠢᠠᠨ ᠠᠯᠳᠠᠭ᠎ᠠ ᠵᠢ ᠤᠯᠵᠤ ᠬᠠᠷᠠᠭᠠᠳ ᠪᠠᠢᠬᠤ ᠶᠤᠮ ᠬᠡᠵᠤ ᠪᠤᠳᠤᠯ᠎ᠠ᠃ ᠠᠪᠤ ᠨᠢ ᠴᠢᠮ᠎ᠠ ᠵᠢ ᠢᠩᠬᠢᠵᠤ ᠯᠠ 《ᠱᠠᠩᠨᠠᠭᠰᠠᠠ》 ᠰᠢᠤ ᠳ᠋ᠠ᠃ ᠴᠢᠮᠠᠳᠤ ᠬᠠᠢᠷ᠎ᠠ ᠦᠬᠡᠢ ᠤᠴᠢᠷ ᠡᠴᠨ ᠪᠢᠰᠢ᠂ ᠴᠢᠮ᠎ᠠ ᠡᠴᠨ ᠶᠡᠬᠡ ᠵᠤᠢᠯᠢ ᠯᠠ ᠬᠦᠯᠢᠶᠠᠵᠤ ᠪᠠᠢᠬᠰᠠᠠ ᠪᠤᠯᠬᠤᠷ ᠱᠠᠭᠠᠷᠳᠠᠯᠭ᠎ᠠ ᠦᠨᠳᠤᠷ ᠪᠠᠢᠵᠤ᠂ ᠴᠢᠮ᠎ᠠ ᠵᠢ ᠪᠡᠨ ᠦᠪᠡᠷᠤᠨ ᠵᠢᠠᠨ ᠨᠠᠰᠤᠨᠤ ᠬᠡᠮᠵᠢᠶᠠᠨᠡᠴᠨ ᠢᠯᠡᠬᠦᠤ ᠪᠡᠷ ᠱᠠᠭᠠᠷᠳᠠᠭᠰᠠᠠ ᠪᠠᠢᠨ᠎ᠠ᠃
ᠬᠡᠬᠦᠳ᠋ᠡᠬᠡᠨ ᠴᠢᠮᠠᠳᠤ ᠮᠢᠨᠢ ᠤᠯᠠᠨ ᠰᠠᠢᠬᠠᠨ ᠴᠢᠨᠠᠷ ᠪᠠᠢᠳᠠᠭ᠃ ᠰᠡᠳᠬᠢᠯ ᠴᠢᠨᠢ ᠦᠨᠡᠬᠡᠷ ᠴᠠᠢᠯᠭᠠᠨ᠂ ᠦᠨᠤᠳᠤᠷᠤᠨ ᠦᠨᠤᠰᠤᠯᠳᠠ ᠴᠢᠨᠢ ᠡᠬᠦᠨᠢ ᠪᠠᠳᠤᠯᠠᠵᠤ ᠦᠭᠴᠤ ᠪᠠᠢᠨ᠎ᠠ᠃
ᠬᠠᠷᠠᠩᠭᠤᠢᠳᠤ ᠤᠷᠤᠨᠤ ᠴᠢᠨᠢ ᠡᠮᠤᠨ᠎ᠠ ᠰᠦᠬᠦᠳᠴᠤ ᠰᠠᠭᠤᠭᠠᠳ ᠦᠨᠡᠬᠡᠷ ᠢᠴᠢᠪᠠ᠃ ᠡᠳᠡᠬᠡᠷᠢ ᠴᠢᠮ᠎ᠠ ᠵᠢ ᠰᠡᠷᠡᠬᠦᠨ ᠪᠠᠢᠬᠤᠳᠤ ᠴᠢᠨᠢ ᠬᠡᠯᠡᠬᠡᠳ ᠴᠤ᠌ ᠤᠢᠯᠠᠭᠠᠬᠤ ᠦᠬᠡᠢ ᠬᠡᠳᠡᠭᠢ ᠮᠡᠳᠡᠵᠤ ᠪᠠᠢᠨ᠎ᠠ᠃ ᠬᠡᠬᠦᠳ᠋ᠡᠬᠡᠨ ᠮᠠᠷᠭᠠᠰᠢ ᠡᠴᠨ ᠡᠬᠢᠯᠡᠬᠡᠳ ᠰᠠᠢᠨ ᠠᠪᠤ ᠪᠠᠢᠬᠤ ᠪᠡᠨ ᠠᠮᠠᠯᠠᠶ᠎ᠠ᠃ ᠴᠢᠮ᠎ᠠ ᠲᠠᠢ ᠳᠤᠭᠯᠠᠨ᠎ᠠ᠂ ᠴᠢᠮ᠎ᠠ ᠵᠢ ᠭᠤᠮᠤᠳᠠᠬᠤᠳᠤ ᠬᠠᠮᠳᠤ ᠭᠤᠮᠤᠳᠠᠨ ᠴᠢᠮ᠎ᠠ ᠵᠢ ᠢᠨᠢᠶᠡᠬᠦᠳᠤ ᠲᠠᠭᠠᠵᠤ ᠢᠨᠢᠶᠠᠨ᠎ᠠ᠃ ᠲᠠᠭ᠎ᠠ ᠦᠬᠡᠢ ᠵᠤᠢᠯ ᠬᠡᠯᠡᠬᠦ ᠪᠡᠷ ᠨᠢ ᠬᠡᠯᠡ ᠪᠡᠨ ᠬᠠᠵᠠᠶ᠎ᠠ᠂ ᠦᠪᠡᠷᠢ ᠪᠡᠨ 《ᠡᠨᠡ ᠴᠢᠨᠢ ᠬᠡᠤᠬᠡᠳ ᠰᠢᠤᠳᠠ》 ᠬᠡᠵᠤ ᠰᠠᠨᠠᠭᠤᠯᠬᠤ ᠪᠤᠯᠤᠨ᠎ᠠ᠃ ᠠᠪᠤ ᠨᠢ ᠬᠦᠤ ᠪᠡᠨ ᠳᠤᠮᠤ ᠬᠦᠮᠤᠨ ᠰᠢᠭ ᠪᠤᠳᠤᠵᠤ ᠪᠠᠢᠵᠠᠢ᠃ ᠬᠡᠪᠡᠴᠤ ᠴᠢ ᠮᠢᠨᠢ ᠵᠢᠭᠠᠬᠠᠨ ᠬᠡᠤᠬᠡᠳ᠂ ᠲᠦᠩᠬᠡᠵᠢ ᠦᠴᠤᠬᠡᠳᠤᠷᠬᠡᠨ ᠯᠠ ᠡᠵᠢ ᠵᠢᠨ ᠵᠢᠠᠨ ᠲᠡᠪᠡᠷᠢᠳᠤ ᠪᠠᠢᠬᠰᠠᠠ ᠮᠦᠷᠳᠡᠬᠡᠨ ᠰᠡᠪᠡᠯᠬᠡ ᠵᠢ ᠨᠢ ᠦᠨᠤᠷᠯᠡᠬᠡᠳ ᠯᠠ ᠪᠠᠢᠮᠠᠷ ᠰᠠᠨᠠᠭᠳᠠᠨ᠎ᠠ᠃ ᠳᠤᠯᠤᠭᠠᠢ ᠪᠡᠷ ᠵᠢᠠᠨ ᠮᠦᠷᠤ ᠵᠢ ᠨᠢ ᠲᠡᠷᠡᠯᠡᠬᠡᠳ ᠯᠠ ᠪᠠᠢᠮᠠᠷ ᠪᠠᠢᠨ᠎ᠠ ᠦᠷ᠎ᠠ ᠮᠢᠨᠢ᠂ ᠴᠢᠮ᠎ᠠ ᠡᠴᠨ ᠶᠠᠮᠠᠷ ᠶᠡᠬᠡ ᠶᠠᠭᠤᠮ᠎ᠠ ᠱᠠᠭᠠᠷᠳᠠᠵᠤ ᠪᠠᠢᠬᠰᠠᠠ ᠶᠤᠮ ᠳ᠋ᠠ᠃
ᠬᠦᠮᠤᠰᠢ ᠰᠢᠬᠦᠮᠵᠢᠯᠡᠬᠦ ᠵᠢᠨ ᠤᠷᠤᠨᠳᠤ ᠲᠠᠳᠡᠨᠢ ᠤᠢᠯᠠᠭᠠᠬᠤ ᠵᠢ ᠬᠢᠴᠢᠶᠠᠬᠡᠷᠡᠢ᠃ ᠶᠠᠭᠤ ᠬᠢᠬᠦ ᠵᠢ ᠬᠦᠰᠡᠭᠰᠡᠡᠢ ᠨᠢ ᠤᠢᠯᠭᠠ᠂ ᠳᠤᠳᠤᠨᠤ ᠪᠠᠢᠵᠤ ᠬᠦᠯᠢᠴᠡᠩᠬᠦᠢ ᠡᠶᠡᠯᠳᠡᠭ ᠪᠠᠢᠬᠤ ᠨᠢ ᠰᠢᠬᠦᠮᠵᠢᠯᠡᠬᠦ ᠡᠴᠨ ᠬᠤᠯᠠ ᠢᠯᠡᠬᠦᠤ ᠨᠦᠯᠦᠬᠡ ᠲᠠᠢ᠃ ᠤᠢᠯᠠᠭᠠᠨᠠ ᠬᠡᠳᠡᠭ ᠨᠢ ᠠᠭᠤᠴᠢᠯᠠᠭᠰᠠᠠᠤ ᠬᠢ᠃ ᠬᠡᠤᠬᠡᠳᠢ ᠪᠤᠤ ᠰᠢᠬᠦᠮᠵᠢᠯᠡ᠂ ᠪᠤᠤ ᠵᠢᠮᠡᠯᠡ᠂ ᠪᠤᠤ ᠪᠤᠷᠤᠭᠤᠳᠬᠠ᠃
(《ᠲᠡᠯᠡᠬᠡᠢ ᠵᠢᠨ ᠰᠤᠷᠭᠠᠮᠵᠢᠳᠤ ᠦᠬᠦᠯᠡᠯᠬᠡ》 ᠨᠤᠮ ᠡᠴᠨ ᠨᠠᠢᠷᠠᠭᠤᠯᠤᠨ ᠠᠪᠤᠪᠠ)
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃