ᠲᠡᠷᠢᠭᠦᠨ ᠨᠢᠭᠤᠷ>ᠠᠮᠢᠳᠤᠷᠠᠯ ᠥᠷᠲᠡᠭᠡ>ᠶᠢᠰᠦᠨ ᠥᠩᠭᠡ

2025-08-29 16:01:03

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

《ᠬᠦᠮᠤᠰ ᠨᠠᠮᠠᠢ᠍ᠢ ᠲᠡᠩᠳᠡᠬᠦᠤ ᠡᠳᠡᠬᠡᠳ ᠬᠡᠵᠤ ᠵᠢᠮᠡᠯᠡᠳᠡᠭ᠂ ᠪᠢ ᠬᠠᠷᠢᠨ ᠲᠡᠳᠡᠨ᠎ᠢ ᠬᠢᠷᠠᠬᠠᠢ ᠪᠢᠰᠢ ᠬᠡᠮᠡᠨ ᠱᠤᠤᠯᠠᠳᠠᠭ》 ᠬᠡᠰᠡᠨ ᠦᠬᠡ ᠪᠤᠢ᠃ ᠡᠨᠡ ᠦᠬᠡ ᠴᠢᠨᠤ ᠠᠮᠢᠳᠤᠷᠠᠯ᠎ᠳᠤ ᠶᠠᠭᠤᠳᠠᠢ ᠳᠤᠬᠢᠷᠠᠬᠤ ᠰᠠᠨ ᠪᠢᠯᠠ᠃ ᠢᠷᠡᠭᠤ ᠰᠠᠢᠬᠠᠨ ᠲᠠᠭᠤᠤ ᠬᠦᠭᠵᠢᠮ᠂ ᠬᠤᠶᠠᠷ ᠴᠤ᠌ ᠤᠳᠠᠭᠠᠨ᠎ᠤ ᠠᠵᠠ ᠪᠤᠰᠤ ᠵᠢᠨ ᠤᠷᠤᠭ᠂ ᠦᠪᠡᠷ᠎ᠢ ᠴᠢᠨᠢ ᠤᠷᠢᠶᠠᠭᠰᠠᠠ ᠬᠤᠶᠠᠷ ᠤᠳᠠᠭᠠᠨ᠎ᠤ ᠵᠠᠷᠭᠤ ᠵᠠᠭᠠᠯᠳᠤᠯᠭ᠎ᠠ᠂ ᠳᠤᠭ᠎ᠠ ᠦᠬᠡᠢ ᠤᠯᠠᠨ ᠲᠠᠮ ᠴᠤᠤᠷᠬᠠᠯ ᠁ ᠵᠢᠡᠷ ᠪᠦᠴᠢᠬᠦᠯᠦᠭᠰᠡᠡ ᠴᠢᠨᠤ ᠠᠮᠢᠳᠤᠷᠠᠯ 《ᠬᠠᠴᠢᠨ ᠪᠠᠷᠢᠯᠭ᠎ᠠ》 ᠬᠡᠮᠡᠨ ᠳᠤᠮᠤᠴᠤᠤᠯ᠎ᠳᠤ ᠵᠢᠮᠡᠯᠡᠬᠦᠯᠤᠨ᠂ 《ᠵᠢᠷᠭᠠᠯ᠎ᠤᠨ ᠤᠷᠳᠤᠨ》 ᠬᠡᠮᠡᠨ ᠬᠡᠤᠬᠡᠳ᠎ᠤᠳ ᠲᠤ᠌ ᠱᠠᠭᠰᠢᠭᠳᠠᠭᠰᠠᠠ ᠡᠳ᠋ᠯᠠᠩ᠎ᠳᠤ ᠰᠡᠳᠬᠢᠯ᠎ᠤᠨ ᠴᠢᠨᠢ ᠪᠠᠶᠠᠷ ᠭᠤᠨᠢᠭ᠎ᠤᠨ ᠬᠠᠮᠳᠤ ᠦᠷᠬᠦᠯᠵᠢᠯᠡᠵᠤ ᠪᠠᠢᠬᠰᠠᠠ ᠶᠤᠮ᠃ ᠡᠨᠡ ᠪᠦᠬᠦᠨ — 《ᠲᠡᠪᠢᠨ ᠨᠠᠰᠤᠳᠠᠢ》 ᠬᠡᠤᠬᠡᠳ ᠬᠡᠭᠳᠡᠭᠰᠡᠡ ᠴᠢᠨᠤ ᠯᠠ ᠠᠮᠢᠳᠤᠷᠠᠯ ᠪᠠᠢᠬᠰᠠᠠ ᠶᠤᠮ᠃

ᠴᠢ ᠪᠠᠢᠩᠭᠤ ᠰᠦᠨᠢ ᠳᠤᠮᠳᠠ ᠪᠡᠷ ᠭᠠᠪ ᠭᠠᠭᠴᠠᠭᠠᠷ ᠵᠢᠠᠨ ᠦᠪᠡᠷ᠎ᠤᠨ ᠵᠢᠠᠨ ᠴᠡᠴᠡᠷᠯᠢᠭ ᠲᠤ᠌ ᠤᠴᠢᠵᠤ᠂ ᠮᠤᠳᠤᠨ ᠮᠤᠷᠢ ᠤᠨᠤᠨ ᠳᠤᠭᠯᠠᠳᠠᠭ ᠬᠡᠵᠤ ᠳᠤᠷᠠᠰᠴᠤ ᠪᠠᠢᠬᠰᠠᠠ ᠪᠢᠯᠠ᠃ ᠤᠬ ᠨᠢ ᠴᠢ ᠡᠨᠡ ᠲᠠᠯᠠᠬᠡᠢ ᠲᠡᠬᠡᠷ᠎ᠠ ᠬᠠᠮᠤᠭ᠎ᠤᠨ ᠭᠠᠭᠴᠠᠭᠠᠷᠳᠠᠵᠤ ᠪᠠᠢᠬᠰᠠᠠ ᠬᠦᠮᠤᠨ ᠶᠤᠮ ᠪᠠᠢᠨ᠎ᠠ ᠬᠡᠳᠡᠭ᠎ᠢ ᠪᠢ ᠬᠡᠨᠡᠳᠳᠡ ᠰᠡᠷᠡᠵᠤ ᠮᠡᠳᠡᠪᠡ᠂ ᠤᠳᠤ ᠲᠦᠬᠡᠭᠰᠡᠡ ᠰᠦᠨᠢ ᠵᠢᠨ ᠤᠭᠳᠠᠷᠭᠤᠢ ᠵᠢ ᠰᠢᠷᠳᠡᠨ ᠭᠠᠪ ᠭᠠᠭᠴᠠᠭᠠᠷ ᠵᠢᠠᠨ ᠮᠤᠳᠤᠨ ᠮᠤᠷᠢ ᠤᠨᠤᠨ ᠳᠤᠭᠯᠠᠭᠰᠠᠭᠠᠷ ᠪᠠᠢᠬᠤ ᠴᠢᠨᠤ ᠲᠦᠷᠢ ᠵᠢ ᠲᠦᠰᠤᠬᠡᠯᠡᠨ ᠪᠤᠳᠤᠬᠤ᠎ᠳᠤ ᠯᠠ ᠨᠠᠳᠠᠳᠤ ᠲᠡᠬᠡᠵᠤ ᠰᠠᠨᠠᠭᠳᠠᠬᠤ ᠶᠤᠮ᠃ ᠭᠷᠠᠮᠮᠸᠢ ᠱᠠᠩᠨᠠᠯ᠎ᠤᠨ ᠨᠢᠬᠡᠨ ᠤᠳᠠᠭᠠᠨ᠎ᠤ ᠶᠤᠰᠤᠯᠠᠯ ᠲᠡᠬᠡᠷ᠎ᠠ ᠴᠢ ᠬᠦᠪ ᠬᠦᠨᠳᠤ᠂ ᠬᠦᠪ ᠬᠦᠢᠳᠡᠨ ᠱᠠᠩᠨᠠᠯ᠎ᠤᠨ ᠬᠤᠨᠳᠠᠭ᠎ᠠ ᠵᠢ ᠪᠠᠷᠢᠬᠰᠠᠭᠠᠷ᠄ 《ᠲᠠ ᠨᠠᠷ ᠪᠦᠬᠦᠳᠡᠬᠡᠷ ᠨᠠᠮᠠᠢ᠍ᠢ ᠭᠠᠵᠢ ᠬᠦᠮᠤᠨ ᠬᠡᠵᠡᠬᠡᠳᠡᠭ᠃ ᠬᠡᠷᠪᠡ ᠲᠠ ᠨᠠᠷ ᠨᠠᠢ᠍ᠮᠡᠨ ᠨᠠᠰᠤᠨ ᠡᠴᠨ ᠪᠡᠨ ᠬᠤᠢᠰᠢ ᠬᠡᠤᠬᠡᠳ ᠨᠠᠰᠤᠨ᠎ᠤ ᠡᠳᠤᠷ ᠬᠤᠨᠤᠭ ᠵᠢᠠᠨ ᠠᠯᠳᠠᠬᠤ᠎ᠳᠤ ᠬᠦᠷᠪᠡᠯ ᠮᠦᠨ ᠨᠠᠳᠠ ᠰᠢᠬ ᠭᠠᠵᠢ ᠬᠦᠮᠤᠨ ᠪᠤᠯᠬᠤ ᠯᠠ ᠶᠤᠮ》 ᠬᠡᠵᠤ ᠬᠡᠯᠡᠭᠰᠡᠡ ᠰᠠᠨ᠃

ᠨᠠᠢ᠍ᠮᠠᠨ ᠨᠠᠰᠤ — ᠡᠵᠢ ᠵᠢᠨ ᠵᠢᠠᠨ ᠳᠤᠬᠤᠢ ᠵᠢ ᠲᠡᠷᠡᠯᠡᠨ ᠬᠡᠪᠳᠡᠬᠡᠳ ᠦᠯᠢᠬᠡᠷ ᠶᠠᠷᠢᠭᠤᠯᠵᠤ ᠪᠠᠢᠬᠤ᠂ ᠬᠦᠯ ᠪᠦᠮᠪᠤᠬᠡ ᠰᠠᠭᠰᠤᠨ ᠪᠦᠮᠪᠤᠬᠡ ᠳᠤᠭᠯᠠᠭᠠᠳ ᠶᠠᠭᠠᠷᠠᠵᠤ ᠪᠠᠢᠬᠤ᠂ ᠨᠠᠢᠵᠠ ᠨᠠᠷ᠎ᠤᠨ ᠵᠢᠠᠨ ᠬᠠᠮᠳᠤ ᠪᠠᠶᠠᠷᠳᠡᠢ ᠨᠢ ᠠᠷᠭ᠎ᠠ ᠦᠬᠡᠢ ᠳᠤᠭᠯᠠᠵᠤ ᠪᠠᠢᠬᠤ ᠬᠠᠮᠤᠭ᠎ᠤᠨ ᠵᠢᠷᠭᠠᠯᠳᠠᠢ ᠨᠠᠰᠤ᠃ ᠬᠡᠪᠡᠴᠤ ᠴᠢ ᠡᠨᠡ ᠯᠠ ᠨᠠᠰᠤᠨ᠎ᠳᠠᠭᠠᠨ ᠳᠤᠭᠯᠠᠬᠤ ᠴᠢᠯᠦᠬᠡ ᠵᠠᠢ ᠤᠭᠳᠤᠬᠠᠨ ᠴᠤ᠌ ᠦᠬᠡᠢ ᠪᠡᠷ ᠡᠳᠤᠷ ᠰᠦᠨᠢ ᠦᠬᠡᠢ ᠳᠤᠭᠯᠠᠯᠳᠠ᠎ᠳᠤ ᠶᠠᠭᠠᠷᠠᠵᠤ᠂ ᠪᠡᠯᠡᠳᠬᠡᠯ ᠳᠤᠭᠯᠠᠯᠳᠠ ᠵᠢᠨ ᠲᠦᠯᠦᠬᠡ ᠬᠦᠯᠤᠰᠤ ᠪᠡᠨ ᠤᠷᠤᠰᠬᠠᠵᠤ ᠪᠠᠢᠬᠰᠠᠠ ᠠᠵᠢ᠃ ᠵᠠᠷᠢᠮ᠎ᠳᠠᠭᠠᠨ ᠬᠢᠴᠢᠶᠠᠯ ᠪᠠᠭᠤᠭᠠᠳ ᠬᠡᠷ ᠲᠡᠬᠡᠨ ᠢᠷᠡᠩᠬᠦᠳᠠ ᠠᠶᠠᠭ᠎ᠠ ᠬᠤᠭᠤᠯᠠ ᠴᠤ᠌ ᠢᠳᠡᠯ ᠦᠬᠡᠢ ᠪᠡᠷ ᠳᠤᠭᠯᠠᠯᠳᠠ᠎ᠳᠤ ᠶᠠᠪᠤᠵᠤ᠂ ᠦᠷ ᠰᠦᠨᠢ ᠵᠢᠨ ᠭᠤᠷᠪᠡ ᠲᠦᠷᠪᠡᠨ ᠴᠠᠭ ᠪᠤᠯᠳᠠᠯ᠎ᠠ ᠳᠤᠭᠯᠠᠨ᠎ᠠ᠃ ᠤᠯᠠᠨ ᠵᠤᠢᠯ᠎ᠤᠨ ᠳᠤᠭᠯᠠᠯᠳᠠ᠂ ᠰᠤᠷᠪᠤᠯᠵᠢᠯᠠᠭ᠎ᠠ ᠬᠡᠳ ᠪᠤᠷᠪᠢ ᠪᠤᠬᠢᠰᠬᠢᠯ ᠦᠬᠡᠢ ᠶᠠᠭᠠᠷᠠᠵᠤ ᠶᠠᠳᠠᠷᠠᠭᠰᠠᠠ ᠴᠢ ᠬᠡᠷ ᠲᠡᠬᠡᠨ ᠬᠠᠷᠢᠭᠠᠳ ᠡᠪ ᠨᠡᠢᠷ ᠲᠠᠢ ᠠᠪᠤ ᠡᠵᠢ ᠵᠢᠨ ᠵᠢᠠᠨ ᠲᠡᠷᠬᠡᠳᠡ ᠡᠷᠬᠡᠯᠡᠵᠤ ᠪᠠᠢᠬᠤ ᠵᠢ ᠶᠠᠭᠤᠳᠠᠢ ᠬᠦᠰᠡᠵᠤ ᠪᠠᠢᠬᠰᠠᠠ ᠪᠤᠯ? ᠬᠡᠪᠡᠴᠤ ᠡᠢᠮᠤ ᠵᠢᠭᠠᠬᠠᠨ ᠪᠤᠯᠤᠮᠵᠢ ᠵᠢ ᠴᠤ᠌ ᠪᠤᠷᠬᠠᠨ ᠲᠡᠭᠷᠢ ᠴᠢᠮ᠎ᠠ᠎ᠳᠤ ᠦᠭᠬᠦᠬᠡ ᠦᠬᠡᠢ ᠶᠤᠮ᠃ 1993 ᠤᠨ᠎ᠳᠤ᠂ 10 ᠭᠠᠷᠤᠢ ᠵᠢᠯ ᠰᠤᠨᠢᠨ ᠰᠡᠳᠬᠦᠯ᠎ᠤᠨ ᠰᠤᠷᠪᠤᠯᠵᠢᠯᠠᠭ᠎ᠠ ᠵᠢ ᠬᠦᠯᠢᠶᠠᠵᠤ᠂ ᠶᠠᠷᠡᠨ ᠮᠢᠨᠦ᠋ᠲ᠎ᠤᠨ ᠤᠷᠳᠤ ᠴᠠᠭ ᠵᠢᠡᠷ ᠠᠪᠤ ᠵᠢᠨ ᠬᠠᠢᠷ᠎ᠠ ᠪᠡᠷ ᠳᠤᠳᠠᠵᠤ᠂ ᠬᠠᠳᠠᠭᠤ ᠡᠯᠳᠡᠯᠬᠡ᠎ᠳᠤ ᠰᠢᠨᠠᠯᠵᠤ ᠶᠠᠪᠤᠭᠰᠠᠠ ᠬᠡᠤᠬᠡᠳ ᠨᠠᠰᠤ ᠪᠡᠨ ᠲᠤᠷᠠᠰᠴᠤ ᠪᠢᠯᠠ᠃ ᠲᠡᠮᠤᠷ᠎ᠤᠨ ᠤᠢᠯᠠᠳᠪᠤᠷᠢ ᠵᠢᠨ ᠠᠵᠢᠯᠴᠢᠨ ᠪᠠᠢᠬᠰᠠᠠ ᠠᠪᠤ ᠴᠢᠨᠢ ᠴᠢᠮᠠᠢ᠍ᠢ ᠲᠠᠰᠢᠭᠤᠷ ᠵᠢᠡᠷ ᠮᠠᠨᠠᠷᠠᠳᠠᠯ᠎ᠠ ᠭᠤᠶᠠᠳᠠᠵᠤ ᠪᠠᠢᠬᠰᠠᠠ ᠲᠡᠤᠬᠡ ᠲᠠᠢ᠂ ᠰᠡᠪᠬᠡ ᠲᠦᠬᠦᠷᠦᠭᠰᠡᠡ ᠴᠢᠷᠡᠢ ᠪᠤᠯᠤᠨ ᠳᠤᠮᠤ ᠬᠠᠮᠠᠷ᠎ᠢ ᠴᠢᠨᠢ ᠪᠠᠢᠩᠭᠤ ᠱᠤᠤᠯᠠᠵᠤ ᠵᠢᠮᠡᠯᠡᠳᠡᠭ ᠪᠠᠢᠬᠰᠠᠠ ᠠᠵᠢ᠃ ᠠᠪᠤ ᠡᠴᠨ ᠪᠡᠨ ᠴᠢ ᠵᠦᠪᠬᠡᠨ ᠡᠯᠡᠭᠯᠡᠯ ᠵᠢᠮᠠᠯᠠᠯ ᠪᠤᠯᠤᠨ ᠬᠦᠯ ᠨᠢᠳᠤᠷᠭ᠎ᠠ ᠵᠢᠨ ᠠᠮᠳᠠ ᠵᠢ ᠯᠠ ᠬᠦᠷᠳᠡᠵᠤ ᠶᠠᠪᠤᠭᠰᠠᠠ ᠪᠠᠢᠨ᠎ᠠ᠃ 《ᠪᠢ ᠲᠠᠷᠠ ᠦᠶ᠎ᠠ᠎ᠳᠤ ᠠᠪᠤ ᠪᠡᠨ ᠵᠢᠭᠰᠢᠳᠡᠭ ᠪᠠᠢᠬᠰᠠᠠ》 ᠬᠡᠵᠤ ᠴᠢ ᠶᠠᠷᠢᠵᠤ ᠪᠠᠢᠬᠰᠠᠠ ᠪᠢᠯᠠ᠃

《ᠳᠤᠭᠯᠠᠯᠳᠠ ᠵᠢᠨ ᠲᠠᠢᠰᠠ》 ᠪᠤᠯ ᠴᠢᠨᠤ ᠬᠡᠤᠬᠡᠳ ᠨᠠᠰᠤᠨ᠎ᠤ ᠴᠢᠨᠢ ᠦᠴᠤᠬᠡᠨ ᠤᠷᠤᠮᠵᠢ ᠪᠠᠢᠯ᠎ᠠ᠂ ᠳᠤᠭᠯᠠᠯᠳᠠ ᠵᠢᠨ ᠲᠠᠢᠰᠠ ᠠᠪᠤ ᠡᠵᠢ ᠵᠢ ᠴᠢᠨᠢ ᠤᠷᠤᠯᠠᠨ ᠴᠢᠮ᠎ᠠ᠎ᠳᠤ ᠬᠢᠵᠠᠭᠠᠯᠠᠰᠢ ᠦᠬᠡᠢ ᠪᠠᠬᠠᠳᠤᠯ ᠦᠭᠴᠤ ᠪᠠᠢᠵᠠᠢ᠃ ᠬᠡᠪᠡᠴᠤ ᠡᠢᠮᠤ ᠪᠠᠬᠠᠳᠤᠯ᠎ᠤᠨ ᠰᠡᠳᠬᠢᠯᠬᠡ ᠨᠢ ᠤᠳᠤ ᠪᠤᠯᠤᠭᠰᠠᠠ ᠦᠪᠡᠷ᠎ᠢ ᠴᠢᠨᠢ ᠰᠢᠳᠤᠨ ᠪᠢᠰᠢᠷᠡᠭᠴᠢᠳ᠎ᠤᠨ ᠨᠡᠬᠡᠯ ᠲᠠᠭᠠᠯ ᠡᠴᠨ ᠵᠠᠢᠯᠠᠵᠤ ᠲᠦᠷᠪᠡᠬᠦ; ᠲᠦᠷᠦᠭᠰᠡᠡ ᠡᠳᠤᠷ᠎ᠤᠨ ᠪᠠᠶᠠᠷ᠂ ᠡᡁᠸᠷᠢᠰᠲ᠋ᠤᠰ᠎ᠤᠨ ᠪᠠᠶᠠᠷ᠎ᠢ ᠶᠠᠷᠤ ᠡᠴᠨ ᠲᠡᠮᠳᠡᠭᠯᠡᠵᠤ ᠪᠠᠢᠭ᠎ᠠ ᠦᠬᠡᠢ; ᠤᠯᠠᠨ ᠨᠠᠢᠳᠠ ᠵᠢᠨ ᠺᠢᠨᠤ᠋ ᠲᠢᠶᠠᠲᠷ ᠲᠤ᠌ ᠤᠴᠢᠵᠤ ᠺᠢᠨᠤ᠋ ᠦᠵᠡᠬᠦ ᠠᠷᠭ᠎ᠠ ᠦᠬᠡᠢ; ᠴᠡᠴᠡᠷᠯᠢᠭ ᠲᠤ᠌ ᠤᠴᠢᠵᠤ ᠨᠠᠭᠠᠳᠴᠤ ᠳᠤᠭᠯᠠᠬᠤ ᠪᠤᠯᠤᠮᠵᠢ ᠦᠬᠡᠢ ᠪᠠᠢᠬᠤ ᠪᠡᠷ ᠵᠤᠯᠢᠶᠠᠰᠤ ᠪᠤᠯᠭᠠᠭᠰᠠᠠ ᠶᠤᠮ᠃ ᠲᠡᠢᠮᠤ ᠯᠠ ᠵᠢᠭᠠᠬᠠᠨ ᠨᠠᠰᠤᠨ᠎ᠳᠠᠭᠠᠨ ᠴᠢ ᠨᠢᠬᠡᠨᠳᠠ 《ᠳᠤᠮᠤ ᠬᠦᠮᠤᠨ》 ᠪᠤᠯᠴᠢᠬᠠᠭᠰᠠᠠ ᠪᠤᠯᠬᠤᠷ ᠬᠡᠤᠬᠡᠳ ᠨᠠᠰᠤᠨ᠎ᠤ ᠴᠢᠨᠢ ᠡᠳᠤᠷ᠎ᠤᠳ ᠦᠨᠡᠬᠡᠷ ᠶᠠᠭᠤ ᠴᠤ᠌ ᠦᠬᠡᠢ ᠬᠤᠪ ᠬᠤᠭᠤᠰᠤᠨ ᠪᠠᠢᠬᠰᠠᠠ ᠰᠠᠠ᠃

ᠶᠠᠭ ᠢᠢᠮᠤ ᠡᠴᠨ ᠴᠢ ᠬᠡᠤᠬᠡᠳ ᠲᠤ᠌ ᠬᠠᠢᠷᠠᠳᠠᠢ᠃ 1700 ᠲᠦᠮᠡᠨ ᠳ᠋ᠤᠯᠯᠠᠷ᠎ᠤᠨ ᠦᠨᠳᠤᠷ ᠦᠨ᠎ᠠ ᠪᠡᠷ 《ᠵᠡᠬᠦᠳᠤᠨ᠎ᠤ ᠬᠦᠷᠢᠶᠠᠯᠠᠩ》 ᠬᠡᠮᠡᠬᠦ ᠡᠳ᠋ᠯᠠᠩ ᠪᠠᠢᠭᠤᠯᠵᠤ᠂ ᠬᠡᠤᠬᠡᠳ᠎ᠤᠨ ᠶᠠᠭᠤ ᠳᠤᠷᠠᠳᠠᠢ ᠨᠠᠭᠠᠳᠤᠮ ᠳᠤᠭᠯᠠᠭᠠᠮ᠎ᠢ ᠪᠦᠷ ᠪᠦᠷᠢᠳᠤᠬᠦᠯᠵᠤ ᠪᠢᠯᠠ᠃ ᠡᠳ᠋ᠯᠠᠩ᠎ᠳᠤ ᠴᠢᠨᠢ ᠤᠴᠢᠭᠰᠠᠠ ᠨᠢᠬᠡ ᠬᠡᠤᠬᠡᠳ᠄ 《ᠡᠢᠮᠤ ᠲᠠᠩᠰᠤᠭ ᠶᠠᠭᠤᠮ᠎ᠠ ᠲᠠᠢ ᠬᠡᠳᠡᠭ ᠴᠢᠨᠢ ᠴᠢ ᠶᠤᠰᠤᠳᠠᠢ ᠤᠯᠤᠰ᠎ᠤᠨ ᠬᠠᠭᠠᠨ ᠰᠢᠬ ᠪᠠᠢᠨ᠎ᠠ》 ᠬᠡᠵᠤ ᠲᠠᠭᠤ ᠠᠯᠳᠠᠭᠰᠠᠠ ᠠᠵᠢ᠃ ᠬᠡᠤᠬᠡᠳ᠎ᠤᠨ ᠪᠠᠶᠠᠷᠯᠠᠬᠤ ᠵᠢ ᠬᠠᠷᠠᠵᠤ ᠵᠢᠷᠭᠠᠯᠳᠠᠢ ᠢᠨᠢᠶᠠᠵᠤ ᠪᠠᠢᠬᠤ ᠦᠶ᠎ᠠ ᠪᠤᠯ ᠴᠢᠨᠤ ᠬᠠᠮᠤᠭ᠎ᠤᠨ ᠵᠢᠷᠭᠠᠯᠳᠠᠢ ᠦᠶ᠎ᠠ ᠪᠢᠰᠢ ᠬᠡᠵᠤ ᠤᠤ!

ᠦᠪᠡᠷ᠎ᠤᠨ ᠴᠢᠨᠢ ᠤᠷᠠᠨ ᠪᠦᠳᠤᠬᠡᠯ᠎ᠳᠤ ᠬᠡᠤᠬᠡᠳ᠎ᠤᠨ ᠳᠤᠬᠠᠢ ᠬᠠᠯᠠᠮᠵᠢᠯᠠᠯ ᠠᠭᠤᠰᠤᠨ ᠰᠢᠩᠬᠡᠵᠤ ᠪᠠᠢᠳᠠᠭ ᠪᠠ ᠤᠷᠤᠯᠭ᠎ᠠ ᠵᠢᠨ ᠵᠢᠠᠨ ᠶᠡᠬᠡᠩᠬᠢ ᠵᠢ ᠪᠤᠶᠠᠨ᠎ᠤ ᠤᠢᠯᠠᠰ ᠲᠤ᠌ ᠬᠠᠨᠳᠢᠪᠯᠡᠨ᠂ ᠠᠵᠠ ᠪᠤᠰᠤ ᠤᠴᠠᠷᠠᠯ ᠲᠠᠢ ᠬᠦᠮᠤᠰ ᠲᠤ᠌ ᠳᠤᠰᠠ ᠲᠠᠮ ᠵᠢᠠᠨ ᠦᠭᠬᠦ ᠵᠢ ᠵᠤᠷᠢᠭᠰᠠᠭᠠᠷ ᠢᠷᠡᠭᠰᠡᠡ ᠶᠤᠮ᠃

ᠴᠢ ᠬᠠᠢᠷ᠎ᠠ ᠬᠡᠮᠡᠬᠦ ᠠᠭᠤᠤ ᠬᠡᠯᠪᠡᠷᠢ ᠪᠡᠷ ᠦᠪᠡᠷ᠎ᠤᠨ ᠬᠡᠤᠬᠡᠳ ᠨᠠᠰᠤᠨ᠎ᠤ ᠪᠡᠨ ᠠᠵᠠ ᠪᠤᠰᠤ ᠲᠠᠪᠢᠯᠠᠩ᠎ᠳᠤ ᠲᠠᠢᠳᠬᠤᠷᠠᠯ ᠦᠭᠴᠤ ᠴᠢᠳᠠᠭᠰᠠᠠ ᠶᠤᠮ᠃

(《ᠮᠦᠷᠤᠬᠡᠳᠤᠯ᠎ᠤᠨ ᠬᠦᠴᠤᠨ》 ᠨᠤᠮ ᠡᠴᠨ ᠨᠠᠢᠷᠠᠭᠤᠯᠤᠨ ᠠᠪᠤᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面