ᠲᠡᠷᠢᠭᠦᠨ ᠨᠢᠭᠤᠷ>ᠠᠮᠢᠳᠤᠷᠠᠯ ᠥᠷᠲᠡᠭᠡ>ᠶᠢᠰᠦᠨ ᠥᠩᠭᠡ

2026-07-31 09:44:10

ᠵᠣᠬᠢᠶᠠᠭ᠍ᠴᠢ᠄ ᠲᠦᠮᠡᠨᠬᠡᠰᠢᠭ ᠣᠩᠱᠢᠭ᠍ᠰᠠᠨ ᠣᠳᠠᠭ᠎ᠠ᠄ 3

ᠠᠮᠳᠠ ᠨᠢ ᠦᠭᠡᠷᠡᠳᠦᠭᠰᠡᠨ ᠵᠠᠯᠠᠯᠭ᠎ᠠ ᠪᠤᠶᠤ ᠳᠠᠷᠤᠭᠠᠰᠤ ᠪᠤᠯᠤᠬᠰᠠᠨ 《ᠪᠠᠶᠠᠷ》

— ᠬᠤᠰᠢᠭᠤᠨ ᠲᠦᠪ ᠡᠴᠡ ᠠᠰᠠᠷ ᠠᠪᠤᠬᠰᠠᠨ ᠰᠢᠤ!ᠰᠢᠨ᠎ᠡ ᠭᠡᠷ ᠲᠤ᠌ ᠤᠷᠤᠬᠰᠠᠨ ᠪᠠᠶᠠᠷ ᠲᠤ᠌ ᠤᠷᠢᠵᠤ ᠪᠠᠢᠨ᠎ᠠ᠃

— ᠬᠡᠤᠬᠡᠳ ᠲᠠᠢ ᠪᠤᠯᠤᠭᠠᠳ ᠰᠠᠷ᠎ᠠ ᠲᠦᠭᠦᠷᠴᠦ ᠪᠠᠢᠨ᠎ᠠ᠂ ᠰᠠᠷ᠎ᠠ ᠲᠦᠭᠦᠷᠦᠭᠰᠡᠨ ᠪᠠᠶᠠᠷ ᠲᠤ᠌ ᠵᠠᠯᠠᠵᠤ ᠪᠠᠢᠨ᠎ᠠ᠃

— ᠵᠠᠰᠠᠨ ᠰᠡᠯᠪᠢᠬᠦ ᠭᠠᠵᠠᠷ ᠭᠠᠷᠭᠠᠯ᠎ᠠ᠂ ᠡᠷᠦᠬᠡ ᠰᠡᠬᠦᠭᠰᠡᠨ ᠪᠠᠶᠠᠷ ᠲᠠᠭᠠᠨ ᠤᠷᠢᠵᠤ ᠪᠠᠢᠨ᠎ᠠ᠃

— ᠬᠡᠤᠬᠡᠳ ᠮᠢᠨᠢ ᠶᠡᠬᠡ ᠰᠤᠷᠭᠠᠭᠤᠯᠢ᠎ᠳᠦ ᠰᠢᠯᠭᠠᠵᠤ ᠤᠷᠤᠬᠰᠠᠨ ᠰᠢᠤ!ᠶᠡᠬᠡ ᠰᠤᠷᠭᠠᠭᠤᠯᠢ᠎ᠳᠦ ᠰᠢᠯᠭᠠᠭᠤᠯᠤᠬᠰᠠᠨ ᠪᠠᠶᠠᠷ ᠲᠤ᠌ ᠵᠠᠯᠠᠵᠤ ᠪᠠᠢᠨ᠎ᠠ᠁

ᠬᠦᠳᠡᠭᠡ ᠨᠤᠳᠤᠭ ᠲᠤ᠌ ᠬᠤᠶᠠᠷ ᠵᠢᠯ᠎ᠤᠨ ᠬᠤᠭᠤᠴᠠᠭ᠎ᠠ ᠲᠠᠢ ᠠᠵᠢᠯ ᠵᠢᠡᠷ ᠰᠠᠭᠤᠵᠤ ᠦᠩᠭᠡᠷᠡᠭᠰᠡᠨ ᠪᠢ ᠡᠢᠮᠤ 《ᠠᠮᠳᠠ ᠨᠢ ᠦᠭᠡᠷᠡᠳᠦᠭᠰᠡᠨ ᠪᠠᠶᠠᠷ》 ᠢ᠋ ᠴᠦᠭᠡᠨ ᠪᠤᠰᠤ ᠨᠢᠳᠦ ᠪᠡᠷ ᠵᠢᠡᠨ ᠬᠠᠷᠠᠵᠤ ᠴᠢᠬᠢ ᠪᠡᠷ ᠵᠢᠡᠨ ᠰᠤᠨᠤᠰᠴᠤ ᠶᠠᠪᠤᠯ᠎ᠠ᠃ ᠡᠨᠡ ᠲᠠᠰᠢᠷᠠᠮ ᠵᠢᠡᠷ ᠪᠠᠢᠴᠠᠭᠠᠨ ᠰᠤᠳᠤᠯᠤᠯᠳᠠ ᠬᠢᠵᠤ ᠲᠤᠭ᠎ᠠ ᠪᠠᠷᠢᠮᠳᠠ ᠵᠢ ᠴᠤ᠌ ᠴᠤᠬᠯᠠᠭᠤᠯᠵᠤ ᠶᠠᠪᠤᠯ᠎ᠠ᠃ ᠡᠩ᠎ᠤᠨ ᠡᠷᠦᠬᠡ ᠵᠢᠨ ᠡᠢᠮᠤ ᠵᠠᠷᠤᠳᠠᠯ ᠬᠡᠳᠦᠨ ᠮᠢᠩᠭᠠᠨ ᠲᠦᠭᠦᠷᠢᠭ᠂ ᠤᠨᠴᠠ ᠵᠠᠷᠢᠮ ᠡᠷᠦᠬᠡ ᠵᠢᠨ ᠵᠠᠷᠤᠳᠠᠯ ᠨᠢ ᠲᠦᠮᠡ ᠭᠠᠷᠤᠢ ᠲᠦᠭᠦᠷᠢᠭ᠃ ᠨᠡᠩ ᠠᠩᠬᠠᠷᠤᠭᠤᠰᠢᠳᠠᠢ ᠨᠢ᠂ ᠡᠢᠮᠤ ᠦᠵᠡᠭᠳᠡᠯ ᠤᠯᠠᠮ ᠵᠢᠡᠷ ᠤᠯᠠᠷᠢᠨ ᠬᠤᠪᠢᠰᠴᠦ᠂ ᠴᠢ 《 ᠪᠠᠶᠠᠷ》 ᠬᠢᠵᠤ ᠪᠠᠢᠨ᠎ᠠ᠂ ᠪᠢ ᠲᠡᠭᠡᠪᠡᠯ ᠪᠠᠰᠠ《ᠪᠠᠶᠠᠷ》 ᠬᠢᠨ᠎ᠠ᠂ ᠦᠭᠴᠦ ᠶᠠᠪᠤᠭᠤᠯᠤᠬᠰᠠᠨ ᠬᠠᠷᠢᠭᠤ ᠲᠠᠯ᠎ᠠ ᠪᠠᠨ ᠠᠪᠴᠢᠷᠠᠨ᠎ᠠ ᠭᠡᠳ ᠨᠢᠭᠡᠨ ᠨᠢᠭᠡᠨ ᠲᠠᠢ ᠪᠠᠨ ᠠᠳᠠᠭᠠᠷᠬᠠᠭᠠᠳ ᠡᠯᠳᠡᠪ᠎ᠤᠨ ᠰᠢᠯᠳᠠᠭᠠᠨ ᠡᠷᠢᠵᠤ᠂ ᠪᠠᠶᠡᠷ ᠨᠠᠢᠷ᠎ᠢ ᠤᠯᠠᠮ ᠵᠢᠡᠷ ᠤᠯᠠᠳᠠᠭᠤᠯᠵᠤ ᠲᠠᠯᠪᠢᠵᠠᠢ᠃ ᠲᠡᠭᠡᠬᠦ ᠪᠡᠷ ᠵᠢᠡᠨ ᠨᠢᠭᠡ ᠲᠤᠰᠬᠤᠨ᠎ᠦ ᠠᠷᠠᠳ ᠨᠠᠳᠠᠳᠦ᠄ 《ᠡᠨᠡ ᠶᠠᠩᠵᠤ ᠪᠡᠷ ᠰᠡᠭᠦᠯᠡᠷ ᠭᠠᠬᠠᠢ ᠵᠢᠨ ᠡᠭᠦᠷ ᠪᠠᠷᠢᠪᠠᠴᠦ ᠪᠠᠶᠠᠷ ᠬᠢᠵᠤ ᠮᠡᠳᠡᠨ᠎ᠡ》 ᠭᠡᠵᠤ ᠠᠷᠭ᠎ᠠ ᠪᠠᠨ ᠪᠠᠷᠠᠬᠰᠠᠨ ᠦᠭᠡ ᠶᠠᠷᠢᠵᠤ ᠦᠩᠭᠡᠷᠡᠭᠰᠡᠨ ᠪᠢᠯᠡ᠃

— ᠤᠴᠢᠳᠠᠭ ᠠᠯᠪᠠ ᠲᠠᠢ᠎ᠤᠤ ?ᠭᠡᠵᠤ ᠬᠡᠳᠦᠨ ᠬᠦᠮᠦᠨ ᠡᠴᠡ ᠠᠰᠠᠭᠤᠵᠤ ᠰᠤᠷᠠᠵᠤ ᠦᠵᠡᠯ᠎ᠡ᠃

— ᠠᠢᠯ ᠰᠠᠭᠠᠬᠠᠯᠳᠠ ᠰᠠᠭᠤᠵᠤ ᠬᠦᠷᠰᠢ ᠵᠡᠷᠭᠡᠯᠡᠳᠡᠭᠡ ᠠᠮᠢᠳᠤᠷᠠᠵᠤ ᠪᠠᠢᠨ᠎ᠠ᠂ ᠨᠢᠭᠤᠷ ᠲᠠᠯ᠎ᠠ ᠭᠡᠵᠤ ᠬᠦᠨᠳᠦ ᠪᠠᠢᠨ᠎ᠠ ᠰᠢᠤ᠂ ᠰᠡᠳᠭᠢᠯ᠎ᠳᠡᠭᠡᠨ ᠲᠠᠭ᠎ᠠ ᠦᠭᠡᠢ ᠪᠤᠯᠪᠠᠴᠦ ᠢᠨᠢᠶᠡᠵᠤ ᠤᠴᠢᠭᠠᠳ ᠯᠡ ᠤᠬᠢᠯᠡᠵᠤ ᠢᠷᠡᠳᠡᠭ ᠬᠡᠷᠡᠭ ᠡ!ᠭᠡᠰᠡᠨ ᠬᠠᠷᠢᠭᠤᠯᠳᠠ ᠡᠴᠡ ᠦᠭᠡᠷ᠎ᠡ ᠶᠠᠭᠤᠮ᠎ᠠ ᠦᠭᠡᠢ᠃

ᠬᠡᠷᠡᠭ ᠦᠭᠡᠢ ᠭᠠᠵᠠᠷ ᠵᠤᠭᠤᠰ ᠵᠢᠡᠨ ᠦᠷᠡᠬᠦ ᠲᠤᠷᠠᠳᠠᠢ ᠬᠦᠮᠦᠨ ᠦᠨᠡᠨ᠎ᠳᠡᠭᠡᠨ ᠬᠡᠳᠦ ᠪᠠᠢᠬᠤ ᠪᠤᠢ ⁈ ᠲᠡᠬᠡᠭᠦ ᠮᠦᠷᠳᠡᠭᠡᠨ ᠮᠠᠨ᠎ᠤ ᠤᠷᠤᠯᠭ᠎ᠠ ᠪᠠᠰᠠ ᠲᠡᠢᠮᠤ ᠦᠨᠳᠦᠷ ᠬᠡᠮᠵᠢᠶᠡᠨ᠎ᠳᠦ ᠬᠦᠷᠦᠭᠡ ᠦᠭᠡᠢ ᠰᠢᠤ᠃ ᠲᠤᠭ᠎ᠠ ᠪᠦᠷᠢᠳᠭᠡᠯ᠎ᠢ ᠦᠨᠳᠦᠰᠦᠯᠡᠪᠡᠯ᠂ 2024 ᠤᠨ᠎ᠤ ᠮᠠᠨ᠎ᠤ ᠤᠷᠤᠨ᠎ᠤ ᠬᠦᠳᠡᠭᠡ ᠲᠤᠰᠬᠤᠨ᠎ᠤ ᠰᠠᠭᠤᠭᠠᠯᠢ ᠠᠷᠠᠳ᠎ᠤᠨ ᠬᠦᠮᠦᠨ ᠲᠤᠮᠳᠠᠴᠢ ᠵᠢᠨ ᠡᠵᠡᠮᠳᠡᠵᠤ ᠪᠤᠯᠬᠤ ᠤᠷᠤᠯᠭ᠎ᠠ 22543 ᠲᠦᠭᠦᠷᠢᠭ᠃ ᠲᠡᠭᠡᠬᠦ ᠪᠡᠷ ᠪᠡᠶᠡᠷ ᠨᠠᠢᠷ ᠲᠤ᠌ ᠤᠷᠤᠭᠠᠳ ᠪᠠᠭ᠎ᠠ ᠪᠤᠰᠤ ᠵᠤᠭᠤᠰ ᠵᠠᠷᠤᠴᠠᠭᠤᠯᠪᠠᠯ ᠦᠢᠯᠡᠳᠪᠦᠷᠢᠯᠡᠯ᠎ᠳ᠋ᠡᠭᠡᠨ ᠶᠠᠭᠠᠬᠢᠵᠤ ᠪᠡᠯᠡ ᠤᠷᠤᠭᠤᠯᠤᠨ᠎ᠠ᠂ ᠠᠮᠢᠳᠤᠷᠠᠯ ᠵᠢᠡᠨ ᠶᠠᠭᠠᠬᠢᠵᠤ ᠲᠡᠭᠡᠭᠰᠢ ᠲᠠᠳᠠᠨ᠎ᠠ ᠪᠤᠢ᠎ᠳᠠ⁉

ᠡᠨᠳᠡ 《ᠠᠮᠳᠠ ᠨᠢ ᠦᠭᠡᠷᠡᠳᠦᠭᠰᠡᠨ ᠪᠠᠶᠠᠷ》 ᠢ᠋ ᠶᠠᠷᠢᠵᠤ ᠪᠠᠢᠬᠤ ᠡᠴᠡ ᠪᠢᠰᠢ᠂ ᠵᠦᠢ ᠶᠤᠰᠤᠨ᠎ᠤ ᠬᠤᠷᠢᠮ ᠪᠤᠶᠠᠨ᠎ᠤ ᠶᠠᠪᠤᠳᠠᠯ᠎ᠢ ᠡᠰᠡᠷᠭᠦᠴᠡᠵᠤ ᠪᠠᠢᠬᠤ ᠪᠢᠰᠢ ᠶᠤᠮ᠃ ᠲᠡᠭᠡᠬᠦ ᠮᠦᠷᠳᠡᠭᠡᠨ ᠬᠦᠳᠡᠭᠡ ᠨᠤᠳᠤᠭ᠎ᠤᠨ ᠬᠤᠷᠢᠮ ᠪᠤᠶᠠᠨ᠎ᠤ ᠶᠠᠪᠤᠳᠠᠯ᠎ᠢ ᠵᠢᠷᠤᠮᠵᠢᠭᠤᠯᠬᠤ ᠲᠠᠯ᠎ᠠ ᠪᠡᠷ ᠨᠠᠮ ᠵᠠᠰᠠᠭ ᠡᠴᠡ ᠠᠯᠢ ᠡᠷᠳᠡ ᠪᠢᠴᠢᠭ ᠮᠠᠲᠸᠷᠢᠶᠠᠯ ᠲᠠᠢ ᠪᠠᠢᠭ᠎ᠠ ᠶᠤᠮ᠃ 《ᠲᠦᠪ᠎ᠤᠨ ᠬᠦᠳᠡᠭᠡ ᠲᠤᠰᠬᠤᠨ᠎ᠤ ᠬᠤᠷᠢᠮ ᠪᠤᠶᠠᠨ ᠬᠡᠤᠬᠡᠨ ᠮᠤᠷᠳᠠᠭᠤᠯᠬᠤ ᠪᠡᠷᠢ ᠪᠠᠭᠤᠯᠭᠠᠬᠤ ᠲᠤᠬᠳᠠᠭᠠᠯ᠎ᠤᠨ ᠮᠡᠳᠡᠭᠳᠡᠯ᠎ᠤᠨ ᠪᠢᠴᠢᠭ ᠮᠠᠲᠸᠷᠢᠶᠠᠯ》 ᠳ᠋ᠤ᠌᠄ 《ᠬᠦᠳᠡᠭᠡ ᠲᠤᠰᠬᠤᠨ᠎ᠤ ᠬᠤᠷᠢᠮ ᠪᠤᠶᠠᠨ ᠬᠡᠤᠬᠡᠨ ᠮᠤᠷᠳᠠᠭᠤᠯᠬᠤ ᠪᠡᠷᠢ ᠪᠠᠭᠤᠯᠭᠠᠬᠤ ᠵᠠᠩ ᠲᠠᠳᠬᠠᠯ᠎ᠢ ᠲᠦᠷᠢᠮᠵᠢᠭᠦᠯᠵᠦ᠂ ᠨᠠᠢᠷ ᠲᠠᠯ᠎ᠠ ᠵᠢᠨ ᠲᠠᠷᠤᠭᠠᠰᠤ ᠵᠢ ᠪᠠᠭᠤᠷᠠᠭᠤᠯᠵᠤ᠂ ᠤᠯᠠᠮᠵᠢᠯᠠᠯᠳᠤ ᠰᠤᠶᠤᠯ ᠬᠢᠭᠡᠳ ᠤᠳᠤ ᠦᠶ᠎ᠡ ᠵᠢᠨ ᠪᠤᠯᠪᠠᠰᠤᠨ᠎ᠤ ᠠᠭᠤᠰᠤᠯᠴᠠᠯ᠎ᠢ ᠠᠬᠢᠭᠤᠯᠵᠤ᠂ ᠬᠦᠳᠡᠭᠡ ᠲᠤᠰᠬᠤᠨ᠎ᠤ ᠨᠡᠢᠭᠡᠮ᠎ᠤᠨ ᠡᠶ᠎ᠡ ᠵᠤᠬᠢᠴᠠᠩᠭᠤᠢ ᠵᠢ ᠠᠬᠢᠭᠤᠯᠤᠨ᠎ᠡ;ᠪᠡᠯᠡᠭ᠎ᠤᠨ ᠲᠡᠭᠡᠳᠦ ᠬᠢᠵᠠᠭᠠᠷ᠎ᠤᠨ ᠪᠠᠷᠢᠮᠵᠢᠶ᠎ᠠ ᠵᠢ ᠬᠡᠷᠡᠭᠵᠢᠭᠦᠯᠵᠦ᠂ ᠬᠤᠷᠢᠮ ᠵᠢᠡᠷ ᠲᠠᠮᠵᠢᠨ ᠡᠳ᠋ ᠠᠰᠢᠬ ᠬᠢᠬᠠᠬᠤ ᠵᠢ ᠴᠠᠭᠠᠵᠠᠯᠠᠵᠤ᠂ ᠤᠶᠤᠨᠴᠢ ᠬᠡᠷᠡᠭᠯᠡᠭᠡ ᠵᠢ ᠰᠠᠨᠠᠭᠠᠴᠢᠯᠠᠨ᠎ᠠ; ᠤᠷᠤᠨ ᠨᠤᠳᠤᠭ᠎ᠤᠨ ᠲᠤᠰᠬᠤᠨ᠎ᠤ ᠲᠦᠷᠢᠮ ᠠᠷᠠᠳ᠎ᠤᠨ ᠭᠡᠷ᠎ᠡ ᠲᠤᠬᠳᠠᠬᠤ ᠵᠢ ᠠᠬᠢᠭᠤᠯᠵᠤ᠂ ᠠᠳᠠᠭᠠᠷᠬᠠᠨ ᠮᠦᠴᠡᠭᠡᠷᠭᠡᠬᠦ ᠠᠵᠢᠯᠯᠠᠭ᠎ᠠ ᠵᠢ ᠬᠢᠵᠠᠭᠠᠷᠯᠠᠨ᠎ᠠ;ᠡᠯ᠎ᠡ ᠱᠠᠳᠤᠨ᠎ᠤ ᠵᠠᠰᠠᠭ᠎ᠤᠨ ᠤᠷᠳᠤᠨ ᠬᠢᠨᠠᠨ ᠬᠠᠮᠢᠶᠠᠷᠤᠯᠳᠠ ᠪᠠᠨ ᠴᠢᠩᠭᠠᠳᠬᠠᠵᠤ᠂ ᠲᠦᠷᠦ ᠵᠢᠨ ᠪᠤᠳᠤᠯᠭ᠎ᠠ ᠵᠢᠨ ᠨᠠᠢᠳᠠᠪᠤᠷᠢᠵᠢᠭᠤᠯᠤᠯᠳᠠ ᠵᠢ ᠪᠠᠳᠤᠯᠠᠬᠤ ᠬᠡᠷᠡᠭᠳᠡᠢ》 ᠭᠡᠵᠤ ᠲᠤᠬᠳᠠᠭᠠᠵᠠᠢ᠃

《ᠠᠮᠳᠠ ᠨᠢ ᠦᠭᠡᠷᠡᠳᠦᠭᠰᠡᠨ ᠵᠠᠯᠠᠯᠭ᠎ᠠ》 ᠠᠷᠪᠢᠳᠴᠤ᠂ ᠠᠷᠠᠳ᠎ᠤᠨ ᠠᠮᠢᠳᠤᠷᠠᠯ᠎ᠤᠨ ᠲᠠᠷᠤᠭᠠᠰᠤ ᠵᠢ ᠬᠦᠨᠳᠦᠷᠡᠭᠦᠯᠵᠤ ᠪᠠᠢᠨ᠎ᠠ᠃ ᠡᠢᠮᠤᠷᠬᠦᠤ 《ᠤᠯᠢᠭ ᠪᠤᠯᠤᠬᠰᠠᠨ ᠪᠠᠶᠠᠷ》 ᠢ᠋ ᠴᠦᠭᠡᠳᠭᠡᠬᠦ ᠦᠭᠡᠢᠰᠭᠡᠬᠦ᠎ᠳᠦ᠂ ᠮᠢᠨᠤ ᠦᠵᠡᠬᠦ ᠪᠡᠷ᠂ ᠨᠢᠭᠡ᠎ᠳᠦ ᠲᠤᠰᠬᠤᠨ᠎ᠤ ᠲᠦᠷᠢᠮ ᠠᠷᠠᠳ᠎ᠤᠨ ᠭᠡᠷ᠎ᠡ᠎ᠳᠦ ᠲᠦᠰᠢᠭᠯᠡᠨ᠎ᠡ;ᠬᠤᠶᠠᠷ ᠲᠤ᠌ ᠡᠯ᠎ᠡ ᠱᠠᠳᠤᠨ᠎ᠤ ᠵᠠᠰᠠᠭ᠎ᠤᠨ ᠤᠷᠳᠤᠨ᠎ᠤ ᠬᠢᠨᠠᠨ ᠬᠠᠮᠢᠶᠠᠷᠤᠯᠳᠠ᠎ᠳᠦ ᠲᠦᠰᠢᠭᠯᠡᠨ᠎ᠡ᠃ ᠲᠡᠭᠡᠬᠦ ᠦᠭᠡᠢ ᠪᠤᠯ ᠤᠯᠤᠬᠰᠠᠨ ᠵᠤᠭᠤᠰ ᠤᠷᠤᠯᠭ᠎ᠠ ᠪᠠᠨ ᠪᠦᠷ ᠯᠡ ᠬᠤᠭᠤᠯᠠᠨ ᠭᠡᠷ ᠲᠤ᠌ ᠡᠷᠭᠦᠭᠡᠳ ᠪᠠᠷᠠᠬᠤ ᠶᠠᠪᠤᠳᠠᠯ!

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面