ᠲᠡᠷᠢᠭᠦᠨ ᠨᠢᠭᠤᠷ>ᠠᠮᠢᠳᠤᠷᠠᠯ ᠥᠷᠲᠡᠭᠡ>ᠶᠢᠰᠦᠨ ᠥᠩᠭᠡ

2026-08-07 10:58:55

ᠵᠣᠬᠢᠶᠠᠭ᠍ᠴᠢ᠄ ᠭᠤ·ᠭᠠᠯᠰᠠᠩ ᠣᠩᠱᠢᠭ᠍ᠰᠠᠨ ᠣᠳᠠᠭ᠎ᠠ᠄ 3

ᠮᠢᠨᠦ᠍ ᠬᠠᠮᠤᠭ᠎ᠤᠨ ᠶᠡᠬᠡ ᠵᠣᠯ ᠵᠢᠷᠭᠠᠯ ᠪᠣᠯ ᠳᠠᠷᠤᠶ ᠬᠢᠬᠦ᠌᠎ᠡᠴᠡ ᠥᠪᠡᠷ᠎ᠦᠨ ᠭᠡᠰᠡᠨ ᠳᠤᠷ᠎ᠠ ᠪᠠᠬ᠎ᠠ᠎ᠲᠠᠶ ᠠᠵᠢᠯ ᠦᠢᠯᠡᠰ᠎ᠲᠡᠶ᠂ ᠨᠠᠳᠠ᠎ᠳᠤ ᠬᠠᠶ᠋ᠢᠷᠠᠯᠠᠭᠳᠠᠬᠤ ᠬᠥᠮᠦᠨ᠎ᠲᠡᠶ᠂ ᠪᠠᠰᠠ ᠨᠠᠮ᠎ᠠ ᠵᠢ ᠎ᠬᠠᠶ᠋ᠢᠷᠠᠯᠠᠬᠤ ᠬᠥᠮᠦᠨ᠎ᠲᠡᠶ ᠶᠠᠪᠤᠳᠠᠯ ᠪᠣᠯᠤᠨ᠎ᠠ᠃

ᠶᠠᠮᠠᠷ ᠴᠤ᠌ ᠠᠵᠢᠯ ᠬᠥᠳᠡᠯᠮᠦᠷᠢ ᠭᠡᠵᠦ᠍ ᠬᠢᠬᠦ᠌ ᠦᠭᠡᠢ᠂ ᠶᠠᠮᠠᠷ ᠴᠤ᠌ ᠡᠷᠳᠡᠮ ᠴᠢᠳᠠᠪᠤᠷᠢ ᠦᠭᠡᠢ ᠪᠠᠶ᠋ᠢᠭᠠᠳ ᠬᠣᠭᠣᠰᠣᠨ ᠮᠡᠷᠭᠡᠯᠡᠳᠡᠭ ᠬᠥᠮᠦᠨ ᠪᠣᠯ ᠮᠢᠨᠦ᠍ ᠬᠠᠮᠤᠭ᠎ᠤᠨ ᠶᠡᠬᠡ ᠵᠢᠭᠰᠢᠳᠡᠭ ᠬᠥᠮᠦᠨ ᠮᠥᠨ᠃ ᠡᠬᠡ ᠪᠠᠶ᠋ᠢᠭᠠᠯᠢ ᠪᠢᠳᠠᠨ᠎ᠳᠤ ᠠᠯᠢᠪᠠ ᠪᠦᠬᠦᠨ᠎ᠢ ᠢᠪᠡᠭᠡᠨ ᠰᠣᠶᠣᠷᠬᠠᠭᠰᠠᠨ᠎ᠡᠴᠡ ᠪᠢᠳᠡ ᠡᠬᠡ ᠪᠠᠶ᠋ᠢᠭᠠᠯᠢ᠎ᠪᠡᠨ ᠦᠵᠡᠬᠦ᠌ ᠨᠢᠳᠦᠨ᠎ᠦ ᠴᠡᠴᠡᠭᠡᠶ ᠰᠢᠭ ᠬᠠᠶ᠋ᠢᠷᠠᠯᠠᠨ ᠬᠢᠮᠠᠭᠠᠳᠠᠵᠤ ᠠᠮᠢ ᠨᠠᠰᠤ᠎ᠪᠠᠷ᠎ᠢᠶᠠᠨ ᠬᠠᠮᠠᠭᠠᠯᠠᠬᠤ ᠨᠢ ᠳᠤᠢᠯ᠎ᠤᠨ ᠴᠢᠬᠤᠯᠠ ᠶᠤᠮ᠃

ᠬᠥᠮᠦᠨ᠎ᠦ ᠡᠷᠬᠡ ᠵᠡᠷᠭᠡ᠎ᠶᠢᠨ ᠳᠤᠤᠷ᠎ᠠ ᠵᠢᠷᠭᠠᠵᠤ ᠶᠠᠪᠤᠬᠤ᠎ᠪᠠᠷ ᠥᠪᠡᠷ᠎ᠦᠨ ᠳᠤᠷ᠎ᠠ᠎ᠪᠠᠷ᠎ᠢᠶᠠᠨ ᠵᠣᠪᠠᠵᠤ ᠶᠠᠪᠤᠶ᠎ᠠ᠃ ᠦᠷ᠎ᠡ ᠲᠡᠶ ᠨᠢᠭᠡ ᠨᠢ ᠦᠷ᠎ᠡ ᠶ᠋ᠢᠨ᠎ᠢᠶᠡᠨ ᠲᠥᠯᠥᠭᠡ᠂ ᠦᠷ᠎ᠡ ᠦᠭᠡᠢ ᠨᠢᠬᠡ ᠨᠢ ᠪᠡᠶ᠎ᠡ᠎ᠶᠢᠨ᠎ᠢᠶᠡᠨ ᠲᠥᠯᠥᠭᠡ᠂ ᠡᠴᠦᠰ ᠰᠡᠭᠦᠯ᠎ᠳᠦᠨᠢ ᠪᠦᠷ ᠯᠡ ᠪᠡᠶ᠎ᠡ ᠶ᠋ᠢᠨ᠎ᠢᠶᠠᠨ ᠲᠥᠯᠥᠭᠡ ᠠᠵᠢᠯᠯᠠᠵᠤ ᠠᠮᠢᠳᠤᠷᠠᠵᠤ᠂ ᠡᠨᠡ ᠪᠡᠶ᠎ᠡ᠎ᠪᠡᠨ ᠪᠠᠷᠠᠭᠠᠠ᠂ ᠡᠬᠡ ᠨᠤᠲᠤᠭ᠎ᠤᠨ ᠵᠢᠡᠨ ᠡᠯᠢᠭᠡᠨ ᠳ᠋ᠤ ᠡᠯᠡᠰᠤ ᠰᠢᠷᠤᠢ ᠪᠤᠯᠤᠨ ᠰᠢᠩᠭᠡᠳᠡᠭ ᠨᠢ ᠡᠩ ᠶᠢᠷᠲᠢᠨᠴᠦ᠎ᠶᠢᠨ ᠵᠢᠮ᠎ᠡ ᠶᠣᠰᠣ ᠠᠵᠢ᠃

ᠬᠥᠮᠦᠨ᠎ᠢ ᠬᠡᠯᠡᠬᠦ᠌ ᠭᠡᠵᠦ᠍ ᠬᠡᠯᠡ ᠠᠮᠠ᠎ᠪᠠᠨ ᠪᠢᠯᠡᠭᠦᠳᠡᠬᠦ᠌᠎ᠪᠡᠷ ᠵᠢᠡᠨ ᠥᠪᠡᠷ᠎ᠦᠨ ᠬᠢᠵᠦ᠍ ᠪᠠᠶ᠋ᠢᠭ᠎ᠠ ᠠᠵᠢᠯ᠂ ᠬᠡᠯᠡᠵᠦ᠍ ᠪᠠᠶ᠋ᠢᠭ᠎ᠠ ᠦᠭᠡ ᠪᠠᠨ ᠰᠠᠶ᠋ᠢᠳᠤᠷ ᠨᠢᠭᠲᠠᠯᠠ᠃ ᠬᠠᠷᠢᠶᠠᠯ ᠵᠥᠭᠡᠯ ᠭᠡᠳᠡᠭ ᠶᠠᠭᠤᠮ᠎ᠠ ᠬᠡᠵᠢᠶ᠎ᠡ ᠡᠭᠦᠷᠢᠳᠡ ᠬᠥᠮᠦᠨ᠎ᠦ ᠪᠡᠶ᠎ᠡ᠎ᠳᠦ ᠰᠢᠩᠭᠡᠬᠦ᠌ ᠦᠭᠡᠢ᠂ ᠬᠠᠷᠢᠨ ᠡᠷᠭᠢᠭᠡᠳ ᠥᠪᠡᠷ᠎ᠦᠨ ᠪᠡᠶ᠎ᠡ ᠳ᠋ᠤᠨᠢ ᠰᠢᠩᠭᠡᠳᠡᠭ ᠶᠤᠮ᠃

ᠵᠠᠯᠠᠭᠤ ᠬᠥᠮᠦᠨ ᠪᠠᠶ᠋ᠢᠭᠠᠳ ᠨᠣᠮ ᠪᠢᠴᠢᠭ ᠦᠵᠡᠬᠦ᠌ ᠦᠭᠡᠢ᠂ ᠵᠣᠬᠢᠬᠤ ᠬᠡᠮᠵᠢᠶᠡᠨ᠎ᠦ ᠮᠡᠳᠡᠯᠭᠡ ᠴᠢᠳᠠᠪᠤᠷᠢ ᠦᠭᠡᠢ᠂ ᠴᠢᠷᠮᠠᠶ᠋ᠢᠨ ᠲᠡᠮᠡᠴᠡᠵᠦ᠍ ᠦᠭᠡᠳᠡᠯᠡᠨ ᠳᠠᠪᠰᠢᠬᠤ ᠰᠥᠰᠥ᠍ ᠵᠣᠷᠢᠭ ᠦᠭᠡᠢ᠂ ᠲᠣᠭᠲᠠᠭᠰᠠᠨ ᠬᠠᠷᠠᠯᠲᠠ ᠵᠣᠷᠢᠯᠲᠠ ᠦᠭᠡᠢ ᠪᠠᠢᠵᠤ ᠡᠰᠨ ᠪᠤᠯᠤᠨ᠎ᠠ᠃ ᠪᠤᠳᠠᠭᠠᠨ᠎ᠳ᠋ᠠᠭᠠᠨ ᠴᠠᠳᠬᠤ ᠦᠭᠡᠢ ᠬᠥᠮᠦᠨ ᠪᠠᠷᠰ᠎ᠡᠴᠡ ᠪᠦᠳᠦᠭᠦᠨ ᠳᠤᠤᠭᠠᠷᠤᠨ᠎ᠠ᠂ ᠪᠠᠯ ᠪᠤᠷᠠᠮ ᠢᠳᠡᠳᠡᠭ ᠬᠥᠮᠦᠨ ᠪᠠᠭᠠᠰᠤ᠎ᠪᠠᠨ ᠪᠠᠰᠠ ᠬᠠᠢᠷᠠᠯᠠᠨ᠎ᠠ᠂ ᠬᠥᠮᠥᠷᠭᠡ ᠳᠦᠭᠦᠷᠡᠩ ᠪᠤᠳᠠᠭ᠎ᠠ᠎ᠲᠠᠶ ᠬᠥᠮᠦᠨ ᠬᠥᠬᠡ ᠬᠤᠯᠤᠭᠠᠨ᠎ᠠ᠎ᠠᠴᠠ ᠠᠶᠤᠨ᠎ᠠ᠂ ᠬᠦᠨᠡᠰᠦᠨ ᠠᠮᠤ᠎ᠪᠠᠨ ᠲᠠᠭᠤᠰᠬᠠᠭᠰᠠᠠ ᠬᠥᠮᠦᠨ ᠬᠦᠷᠡᠩ ᠡᠷᠢᠶᠡᠨ ᠪᠠᠷᠰ᠎ᠠᠴᠠ ᠪᠠᠰᠠ ᠠᠶᠤᠬᠤ ᠥᠬᠡᠶ ᠬᠡᠳᠡᠭ ᠵᠢᠡᠷ ᠵᠠᠯᠠᠭᠤ ᠬᠦᠮᠤᠨ ᠨᠤᠮ ᠪᠢᠴᠢᠭ ᠤᠯᠠᠨ ᠦᠵᠡᠵᠤ᠂ ᠬᠠᠷᠠᠭ᠎ᠠ ᠪᠡᠨ ᠦᠷᠬᠡᠳᠬᠡᠵᠤ᠂ ᠦᠪᠡᠷ᠎ᠤᠨ ᠵᠢᠠᠨ ᠪᠤᠳᠤᠯ ᠰᠠᠨᠠᠭ᠎ᠠ ᠲᠠᠢ ᠪᠠᠢᠬᠤ ᠨᠢ ᠵᠤᠬᠢᠯᠳᠠᠢ᠃ ᠮᠢᠨᠤ᠎ᠬᠠᠮᠤᠭ᠎ᠤᠨ ᠬᠢᠬᠦ ᠳᠤᠷᠠᠳᠠᠢ ᠶᠠᠪᠤᠳᠠᠯ ᠨᠢ ᠪᠤᠳᠤᠵᠤ ᠰᠠᠨᠠᠭᠰᠠᠠ᠂ ᠰᠡᠳᠬᠢᠭᠳᠡᠭᠰᠡᠡ ᠲᠦᠷᠦᠭᠳᠡᠭᠰᠡᠡ ᠵᠤᠢᠯ ᠵᠢᠠᠨ ᠪᠢᠷ᠎ᠤᠨ ᠦᠵᠦᠭ ᠵᠢᠡᠷ ᠴᠠᠭᠠᠨ ᠴᠠᠭᠠᠰᠤᠨ ᠲᠡᠬᠡᠷ᠎ᠠ ᠪᠢᠴᠢᠵᠤ᠂ ᠤᠯᠠᠨ᠎ᠤ ᠠᠯᠠᠭᠠᠨ᠎ᠠ ᠲᠡᠯᠬᠡᠭᠳᠡᠬᠦ᠎ᠳᠤ ᠬᠦᠮᠤᠰ ᠲᠤ᠌ ᠶᠠᠭᠤ ᠨᠢᠬᠡ ᠵᠢ ᠪᠤᠳᠤᠭᠳᠠᠭᠤᠯᠤᠨ ᠰᠡᠳᠬᠢᠭᠳᠡᠬᠦᠯᠬᠦ ᠶᠠᠪᠤᠳᠠᠯ ᠪᠤᠯᠤᠨ᠎ᠠ᠃ ᠵᠣᠬᠢᠶᠠᠯ ᠪᠢᠴᠢᠨ᠎ᠡ ᠬᠡᠮᠡᠭᠴᠢ ᠠᠮᠠᠷᠬᠠᠠ ᠠᠵᠢᠯ ᠪᠢᠰᠢ ᠨᠢᠭᠡ ᠨᠢᠭᠡ ᠲᠣᠭᠣᠰᠬ᠎ᠠ᠎ᠪᠡᠷ ᠥᠷᠥᠵᠦ᠍ ᠳᠤᠮᠤ ᠠᠰᠠᠷ᠎ᠢ ᠪᠣᠰᠬᠠᠬᠤ᠎ᠠᠴᠠ ᠴᠤ᠌ ᠪᠡᠷᠬᠡ ᠰᠢᠭ ᠰᠠᠨᠠᠭᠳᠠᠨ᠎ᠠ᠂ ᠨᠢᠭᠡ ᠰᠢᠯᠦᠭ ᠵᠣᠬᠢᠶᠠᠯ᠎ᠢ ᠪᠢᠴᠢᠵᠦ᠍ ᠲᠠᠭᠤᠰᠬᠠᠪᠠᠯ ᠳᠣᠲᠣᠷ᠎ᠠ ᠮᠢᠨᠢ ᠬᠣᠭᠣᠰᠣᠷᠠᠨ ᠬᠠᠩᠬᠠᠶ᠋ᠢᠷᠠᠵᠤ᠂ ᠳᠠᠷᠠᠭ᠎ᠠ ᠤᠳᠠᠭ᠎ᠠ ᠴᠤᠬᠤᠮ ᠶᠠᠭᠤ ᠴᠦ᠍ ᠪᠢᠴᠢᠵᠦ᠍ ᠳᠡᠶ᠋ᠢᠯᠬᠦ᠌ ᠦᠭᠡᠶ ᠰᠢᠭ ᠪᠣᠳᠣᠭᠳᠠᠳᠠᠭ᠃ ᠭᠡᠪᠡᠴᠦ᠍ ᠠᠵᠠ ᠵᠢᠷᠭᠠᠯᠲᠤ᠌᠂ ᠥᠩᠭᠡᠲᠦ᠍ ᠠᠮᠢᠳᠤᠷᠠᠯ᠎ᠢᠶᠠᠨ ᠠᠵᠢᠭᠯᠠᠵᠤ᠂ ᠪᠠᠶᠠᠯᠢᠭ ᠰᠠᠶ᠋ᠢᠬᠠᠨ᠂ ᠣᠩᠭᠣᠨ ᠳᠠᠷᠬᠠᠨ ᠡᠬᠡ ᠪᠠᠢᠭᠠᠯᠢ᠎ᠪᠠᠨ ᠪᠠᠷᠠᠯᠠᠠ ᠪᠠᠬᠠᠷᠬᠠᠵᠤ᠂ ᠠᠪᠤᠭᠰᠠᠨ ᠨᠣᠮ ᠵᠣᠬᠢᠶᠠᠯ᠎ᠢᠶᠠᠨ ᠰᠢᠮᠡᠳᠡᠢ ᠤᠩᠰᠢᠵᠤ ᠰᠠᠭᠤᠬᠤ ᠨᠢ ᠪᠠᠰᠠ ᠨᠢᠭᠡᠨ ᠵᠤᠯ ᠵᠢᠷᠭᠠᠯ᠂ ᠭᠤᠸ᠎ᠠ ᠲᠠᠭᠠᠰᠢᠶᠠᠯ᠂ ᠰᠢᠨ᠎ᠡ ᠰᠡᠪᠡᠭᠦᠨ ᠰᠠᠨᠠᠭᠳᠠᠬᠤ᠎ᠳᠤ ᠤᠩᠭᠤᠳ ᠪᠠᠭᠤᠵᠤ᠂ ᠵᠤᠬᠢᠶᠠᠯ᠎ᠤᠨ ᠦᠬᠡ ᠦᠰᠦᠭ ᠰᠡᠳᠬᠢᠯ ᠴᠡᠭᠡᠵᠢᠨ᠎ᠡᠴᠠ ᠮᠢᠨᠢ ᠤᠷᠭᠤᠨ ᠭᠠᠷᠴᠤ᠌ ᠢᠷᠡᠳᠡᠭ ᠨᠢ ᠮᠠᠰᠢᠳᠠ ᠭᠠᠢᠬᠠᠯᠲᠠᠶ ᠪᠢᠯᠡ᠃

ᠭᠠᠳᠠᠭᠠᠳᠤ᠎ᠶᠢᠨ ᠵᠠᠷᠢᠮ ᠬᠥᠭᠵᠢᠭᠰᠡᠨ ᠤᠯᠤᠰ᠎ᠤᠨ ᠬᠥᠮᠦᠰ ᠨᠢᠭᠡ ᠡᠳᠦᠷ᠎ᠲᠦ᠍ ᠬᠡᠳᠦᠨ ᠳᠡᠪᠲᠡᠷ ᠨᠣᠮ ᠤᠩᠰᠢᠭᠰᠠᠨ᠂ ᠶᠠᠮᠠᠷ ᠶᠠᠮᠠᠷ ᠠᠭᠤᠯᠭ᠎ᠠ᠎ᠲᠠᠶ ᠨᠣᠮ ᠤᠩᠰᠢᠭᠰᠠᠨ᠎ᠢᠶᠠᠨ ᠬᠠᠷᠢᠯᠴᠠᠨ ᠭᠠᠶ᠋ᠢᠬᠠᠭᠤᠯᠳᠠᠭ᠂ ᠬᠠᠷᠢᠨ ᠮᠠᠨ᠎ᠤ ᠮᠣᠩᠭᠣᠯᠴᠤᠳ ᠨᠢᠭᠡ ᠡᠷᠢᠨ᠎ᠦ ᠬᠣᠭᠣᠯᠠᠨ᠎ᠳᠤ ᠬᠡᠳᠦᠶ ᠠᠷᠢᠬᠢ ᠤᠤᠭᠤᠭᠰᠠᠨ᠎ᠢᠶᠠᠨ ᠭᠠᠶ᠋ᠢᠬᠠᠭᠤᠯᠤᠨ ᠶᠠᠷᠢᠯᠴᠠᠳᠠᠭ᠃

ᠬᠥᠮᠦᠨ ᠶᠠᠭᠤ᠎ᠪᠠᠷ ᠶᠠᠳᠠᠭᠤᠷᠠᠪᠠᠴᠤ᠌ ᠣᠶᠤᠨ ᠰᠠᠨᠠᠭ᠎ᠠ᠎ᠪᠠᠷ ᠶᠠᠳᠠᠭᠤᠷᠠᠵᠤ ᠪᠣᠯᠬᠤ ᠦᠭᠡᠢ ᠶᠤᠮ᠂ ᠣᠶᠤᠨ ᠰᠠᠨᠠᠭ᠎ᠠ ᠶᠠᠳᠠᠭᠤᠷᠠᠯ᠎ᠠ ᠭᠡᠪᠡᠯ ᠠᠯᠢᠪᠠ ᠪᠦᠬᠦᠨ᠎ᠢᠶᠡᠨ ᠪᠦᠷ ᠯᠡ ᠠᠯᠳᠠᠴᠢᠬᠠᠳᠠᠭ᠃ ᠡᠷᠲᠡᠨ᠎ᠦ ᠬᠥᠮᠦᠰ᠎ᠦᠨ ᠬᠡᠯᠡᠭᠰᠡᠨ 《ᠪᠣᠳᠣᠵᠤ ᠲᠠᠶ᠋ᠢᠯᠪᠠᠯ ᠢᠳᠡᠵᠤ ᠪᠠᠷᠠᠬᠤ ᠦᠭᠡᠢ》 ᠭᠡᠰᠡᠨ ᠦᠭᠡ ᠪᠣᠯ ᠦᠨᠡᠬᠡᠷ ᠤᠨᠤᠭᠠᠵᠤ ᠬᠡᠯᠡᠭᠰᠡᠨ ᠮᠡᠷᠭᠡᠨ ᠦᠭᠡ ᠠᠵᠤᠭᠤ᠃ ᠨᠢᠭᠡ᠎ᠳᠦ ᠨᠣᠮ ᠰᠡᠳᠬᠦᠯ ᠤᠩᠰᠢᠬᠤ ᠦᠭᠡᠢ᠂ ᠬᠣᠶᠠᠷ᠎ᠲᠤ᠌ ᠲᠠᠷᠢᠬᠢ ᠲᠣᠯᠣᠭᠠᠶ᠎ᠪᠠᠨ ᠬᠥᠳᠡᠯᠭᠡᠵᠦ᠍ ᠰᠢᠨ᠎ᠡ ᠮᠡᠳᠡᠯᠭᠡ ᠴᠢᠳᠠᠪᠤᠷᠢ᠎ᠶᠢ ᠡᠵᠡᠮᠰᠢᠬᠦ᠌ ᠦᠬᠡᠶ ᠪᠣᠯ ᠡᠨᠡ ᠳᠡᠯᠡᠬᠡᠶ ᠳᠡᠭᠡᠷᠡᠬᠢ ᠬᠠᠮᠤᠭ᠎ᠤᠨ ᠲᠦᠭᠦᠭᠡ ᠦᠭᠡᠢ᠂ ᠬᠠᠮᠤᠭ᠎ᠤᠨ ᠠᠯᠵᠠᠭᠤ ᠵᠠᠯᠬᠠᠭᠤ᠂ ᠬᠠᠮᠤᠭ᠎ᠤᠨ ᠵᠣᠯ ᠪᠤᠰᠤ ᠬᠥᠮᠦᠨ ᠪᠣᠯᠠᠢ᠃ ᠬᠥᠮᠦᠨ ᠬᠡᠷᠪᠡ ᠥᠪᠡᠷ᠎ᠦᠨ ᠪᠡᠶ᠎ᠡ᠎ᠪᠡᠨ ᠥᠪᠡᠷ᠎ᠢᠶᠡᠨ ᠰᠢᠢᠳᠬᠡᠪᠡᠯ ᠲᠡᠷᠡ ᠨᠢ ᠰᠠᠶᠢ ᠬᠠᠮᠤᠭ᠎ᠤᠨ ᠰᠠᠶ᠋ᠢᠨ᠂ ᠬᠠᠮᠤᠭ᠎ᠤᠨ ᠵᠢᠩᠬᠢᠨᠢ᠂ ᠬᠠᠮᠤᠭ᠎ᠤᠨ ᠲᠥᠪ ᠭᠤᠤᠯᠴᠢ ᠰᠢᠢᠳᠬᠡᠯ ᠪᠣᠯᠬᠤ ᠨᠢ ᠳᠠᠮᠵᠢᠭ ᠦᠭᠡᠶ᠃

ᠬᠥᠮᠦᠨ᠎ᠦ ᠠᠮᠢᠳᠤᠷᠠᠯ ᠪᠣᠯ ᠨᠢᠭᠡ ᠬᠤᠪᠢ ᠠᠭᠤᠯᠭ᠎ᠠ ᠪᠦᠷᠢᠨ ᠶᠡᠬᠡ ᠰᠢᠯᠭᠠᠯᠲᠠ ᠮᠥᠨ᠂ ᠬᠥᠮᠦᠨ ᠨᠡᠶ᠋ᠢᠭᠡᠮ ᠳᠡᠭᠡᠷ᠎ᠡ ᠰᠠᠶ᠋ᠢᠨ ᠶᠠᠪᠤᠪᠠᠯ ᠰᠠᠶᠢ ᠰᠠᠶ᠋ᠢᠨ ᠬᠤᠪᠢ ᠣᠯᠵᠤ᠂ ᠮᠠᠭᠤ ᠶᠠᠪᠤᠪᠠᠯ ᠮᠠᠭᠤ ᠬᠤᠪᠢ᠎ᠪᠠᠨ ᠣᠯᠳᠠᠭ᠂ ᠬᠡᠨ ᠴᠦ᠍ ᠬᠤᠪᠢ ᠨᠡᠮᠡᠵᠦ᠍ ᠬᠠᠰᠤᠵᠤ ᠪᠣᠯᠳᠠᠭ ᠦᠭᠡᠢ᠂ ᠬᠥᠮᠦᠰ ᠥᠪᠡᠷ᠎ᠢᠶᠡᠨ ᠯᠡ ᠣᠯᠪᠠᠰᠤ ᠵᠣᠬᠢᠬᠤ ᠦᠨᠡᠨ ᠭᠤᠤᠯᠴᠢ ᠬᠤᠪᠢ᠎ᠪᠠᠨ ᠣᠯᠳᠠᠭ ᠶᠤᠮ᠃ᠡᠨᠡ ᠨᠢ ᠲᠠᠷᠤᠢ ᠬᠦᠮᠤᠨ᠎ᠤ ᠠᠮᠢᠳᠤᠷᠠᠯ᠎ᠤᠨ ᠵᠢᠮ᠎ᠠ ᠶᠤᠰᠤ ᠬᠡᠵᠤ ᠬᠡᠯᠡᠵᠤ ᠪᠤᠯᠤᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面