ᠲᠡᠷᠢᠭᠦᠨ ᠨᠢᠭᠤᠷ>ᠠᠮᠢᠳᠤᠷᠠᠯ ᠥᠷᠲᠡᠭᠡ>ᠶᠢᠰᠦᠨ ᠥᠩᠭᠡ

2026-10-16 11:45:50

ᠵᠣᠬᠢᠶᠠᠭ᠍ᠴᠢ᠄ ᠤᠷᠭᠤᠮᠠᠯ ᠣᠩᠱᠢᠭ᠍ᠰᠠᠨ ᠣᠳᠠᠭ᠎ᠠ᠄ 3

ᠦᠯᠦᠭᠡᠢ ᠳ᠋ᠡᠭᠡᠨ ᠦᠶ᠎ᠠ ᠦᠶ᠎ᠠ ᠢᠨᠢᠶᠡᠮᠰᠦᠭᠯᠡᠵᠤ ᠦᠨᠡᠭᠡᠴᠢᠯᠡᠨ ᠵᠡᠭᠦᠳᠦᠯᠡᠬᠦ ᠪᠤᠨᠳᠤᠭᠤᠷ ᠦᠬᠢᠨ ᠶ᠋ᠢᠡᠨ ᠬᠠᠷᠠᠬᠤ ᠪᠡᠷ ᠠᠮᠢᠳᠤᠷᠠᠯ ᠠᠬᠢᠭᠠᠳ ᠤᠳᠬ᠎ᠠ ᠳᠡᠭᠦᠯᠳᠡᠷ ᠪᠤᠯᠵᠤ ᠪᠠᠢᠬᠤ ᠰᠠᠨᠠᠭᠳᠠᠨ᠎ᠠ ᠁

ᠦᠬᠢᠨ ᠮᠢᠨᠢ ᠦᠵᠡᠭᠳᠡᠭᠡᠳ ᠬᠤᠶᠠᠷ ᠰᠠᠷ᠎ᠠ ᠭᠠᠷᠤᠢ ᠪᠤᠯᠪᠠ᠃ ᠡᠳᠡᠭᠡᠷ ᠡᠳᠦᠷ ᠤ᠋ᠳ ᠲᠤ᠌ ᠪᠢ ᠦᠬᠢᠨ ᠤ᠋ ᠪᠡᠨ ᠵᠤᠯᠠᠢ ᠶ᠋ᠢ ᠨᠢ ᠦᠨᠦᠷᠯᠡᠵᠦ᠂ ᠲᠡᠪᠡᠷᠢᠵᠦ ᠪᠠᠰᠠ ᠤᠭᠵᠢᠵᠤ᠂ ᠦᠯᠦᠭᠡᠢᠳᠡᠵᠦ ᠪᠠᠰᠠ ᠰᠤᠯᠠᠯᠠᠵᠤ᠂ ᠬᠠᠭᠤᠷᠠᠢᠯᠠᠵᠤ ᠪᠠᠰᠠ ᠤᠰᠤᠨ ᠳ᠋ᠤ ᠤᠷᠤᠭᠤᠯᠵᠤ ᠪᠠᠢᠬᠤ ᠳ᠋ᠠᠭᠠᠨ ᠡᠳᠦᠷ ᠡᠴᠡ ᠡᠳᠦᠷ ᠬᠦᠭᠡᠷᠦᠭᠦᠨ ᠪᠦᠭᠡᠳ ᠲᠤᠷᠨᠢᠭᠤᠨ ᠦᠰᠤᠨ ᠪᠤᠢᠵᠢᠵᠤ ᠪᠠᠢᠭ᠎ᠠ ᠨᠢᠯᠬ᠎ᠠ ᠳᠦᠷᠢ ᠶ᠋ᠢ ᠨᠢ ᠬᠠᠷᠠᠭᠠᠳ ᠪᠠᠶᠠᠰᠴᠤ ᠨᠢᠭᠡ ᠤᠶᠠᠷᠠᠵᠤ ᠨᠢᠭᠡ᠂ ᠬᠠᠶᠠ ᠳ᠋ᠠᠭᠠᠨ ᠵᠦᠳᠡᠷᠡᠵᠦ᠂ ᠶᠡᠬᠡᠩᠬᠢ ᠳ᠋ᠡᠭᠡᠨ ᠵᠢᠷᠭᠠᠯ ᠲᠠᠢ ᠶᠠᠪᠤᠯ᠎ᠠ᠃《ᠦᠬᠢᠨ ᠳ᠋ᠠᠬᠡᠨ》 ᠭᠡᠵᠦ ᠡᠳᠦᠷ ᠤ᠋ᠨ ᠪᠤᠳᠤᠯ ᠰᠦᠨᠢ ᠶ᠋ᠢᠨ ᠵᠡᠭᠦᠳᠦ ᠪᠤᠯᠵᠤ᠂ ᠦᠬᠢᠨ ᠮᠢᠨᠢ ᠦᠰᠴᠤ ᠦᠨᠳᠡᠢᠨ ᠰᠤᠷᠭᠠᠭᠤᠯᠢ ᠰᠤᠶᠤᠯ ᠤ᠋ᠨ ᠮᠦᠷ ᠢ᠋ ᠬᠦᠭᠡᠭᠡᠬᠦ ᠪᠡᠷ ᠶᠠᠭᠤ ᠶᠠᠭᠠᠬᠢᠨ᠎ᠠ ᠭᠡᠵᠦ ᠨᠢᠭᠡ ᠪᠤᠳᠤᠨ᠂ ᠦᠬᠢᠨ ᠶ᠋ᠢᠡᠨ ᠦᠭᠡᠯᠠᠢ ᠪᠤᠯᠬᠤ ᠪᠡᠷ ᠲᠤᠭᠤᠵᠤ ᠬᠠᠢᠷᠠᠯᠠᠭᠰᠠᠨ ᠬᠦᠮᠦᠨ ᠲᠠᠢ ᠪᠡᠨ ᠲᠤᠰᠠᠭᠠᠷ ᠡᠷᠦᠬᠡ ᠭᠡᠷ ᠪᠤᠰᠬᠠᠬᠤ ᠲᠤᠬᠠᠢ ᠴᠤ᠌ ᠲᠦᠰᠦᠭᠡᠯᠡᠵᠦ ᠦᠵᠡᠯ᠎ᠠ᠃ ᠡᠷᠬᠡᠪᠰᠢ ᠤᠷᠳᠤ ᠨᠠᠰᠤᠯᠠᠵᠤ ᠦᠬᠢᠨ ᠳ᠋ᠡᠭᠡᠨ ᠦᠮᠦᠭ ᠲᠦᠰᠢᠭ ᠪᠤᠯᠤᠨ᠎ᠠ ᠳ᠋ᠠ ᠭᠡᠵᠦ ᠴᠤ᠌ ᠪᠢᠳᠡᠭᠦᠬᠡᠨ ᠳ᠋ᠡᠭᠡᠨ ᠪᠤᠳᠤᠵᠠᠢ᠃

ᠲᠩᠷᠢ ᠶ᠋ᠢᠨ ᠰᠠᠯᠬᠢ ᠲᠡᠭᠰᠢ ᠦᠭᠡᠢ ᠭᠡᠳᠡᠭ ᠶ᠋ᠢᠡᠷ᠂ ᠤᠭᠤᠰᠤᠷ ᠪᠦᠴᠡ ᠦᠭᠡᠢ ᠤᠷᠴᠢᠯᠠᠩ ᠤ᠋ᠨ ᠵᠤᠯ ᠪᠤᠰᠤ ᠤᠴᠠᠷᠠᠯ ᠤ᠋ᠨ ᠡᠮᠦᠨ᠎ᠠ ᠠᠵᠢᠯ ᠠᠮᠢᠳᠤᠷᠠᠯ᠂ ᠡᠳ᠋ ᠮᠦᠩᠬᠦ᠂ ᠲᠦᠷᠦᠯ ᠲᠦᠷᠦᠭᠰᠡᠳ ᠡᠴᠡ ᠡᠨᠡ ᠪᠡᠶ᠎ᠠ ᠳ᠋ᠤ ᠬᠦᠷᠳᠡᠯ᠎ᠠ ᠬᠤᠭᠤᠰᠤᠨ ᠰᠠᠨᠠᠭᠳᠠᠬᠤ ᠴᠠᠭ ᠦᠶ᠎ᠠ ᠪᠤᠢ ᠭᠡᠬᠦ ᠳ᠋ᠤ  ᠮᠦᠩᠬᠡ ᠬᠦᠬᠡ ᠲᠩᠷᠢ ᠶ᠋ᠢᠨ ᠢᠪᠡᠭᠡᠯ ᠶ᠋ᠢᠡᠷ ᠠᠮᠢ ᠨᠠᠭᠠᠨ᠎ᠠ ᠲᠠᠮᠤ ᠴᠠᠭᠠᠨ᠎ᠠ ᠡᠴᠡ ᠮᠤᠯᠳᠤᠷᠠᠨ᠂ ᠰᠤᠷᠭᠤᠭ ᠠᠭᠠᠷ ᠨᠠᠷᠠᠨ ᠤ᠋ ᠭᠡᠷᠡᠯ ᠳ᠋ᠤ ᠦᠷᠭᠦᠯᠵᠢᠯᠡᠨ ᠠᠮᠢᠳᠤᠷᠠᠬᠤ ᠬᠦᠴᠦ ᠲᠠᠮᠢᠷ ᠪᠠ ᠬᠠᠷᠠᠯᠳᠠ ᠵᠤᠷᠢᠯᠳᠠ ᠪᠡᠨ ᠤᠯᠤᠭᠰᠠᠨ ᠬᠤᠪᠢ ᠲᠠᠢ ᠬᠦᠮᠦᠨ ᠤ᠋ ᠨᠢᠭᠡ ᠨᠢ ᠪᠢ ᠪᠢᠯᠡ᠃

ᠬᠦᠮᠦᠨ ᠭᠡᠭᠴᠢ ᠤᠷᠴᠢᠯᠠᠩ ᠤ᠋ᠨ ᠮᠢᠩᠭᠠᠨ ᠮᠢᠩᠭᠠᠨ ᠬᠠᠪᠤᠷ ᠡᠴᠡ ᠤᠷᠴᠢᠵᠤ ᠲᠤᠭᠤᠯᠬᠤ ᠨᠢ ᠬᠡᠳᠦᠬᠡᠨ ᠠᠷᠪᠠᠨ ᠬᠠᠪᠤᠷ᠃ ᠶᠡᠷᠦ ᠨᠢ ᠡᠭᠦᠯᠡᠨ ᠴᠢᠯᠦᠭᠡᠨ ᠤ᠋ ᠨᠠᠷᠠ ᠮᠡᠳᠦ ᠦᠵᠡᠭᠳᠡᠭᠡᠳ ᠦᠩᠭᠡᠷᠡᠬᠦ ᠠᠮᠢᠳᠤᠷᠠᠯ ᠳ᠋ᠤ ᠵᠠᠷᠢᠮ ᠬᠦᠮᠦᠨ ᠲᠤᠢᠯ ᠤ᠋ᠨ ᠶᠡᠬᠡ ᠪᠡᠷ ᠭᠤᠨᠢᠵᠤ ᠵᠤᠪᠠᠵᠤ ᠪᠠᠢᠬᠤ ᠳ᠋ᠤ ᠲᠠᠨᠢᠯ ᠬᠦᠮᠦᠨ ᠨᠢ ᠦᠯᠦ ᠮᠡᠳᠡᠭᠴᠢ ᠪᠤᠯᠵᠤ ᠪᠠᠶᠠᠷᠯᠠᠨ ᠬᠦᠭᠡᠷᠴᠤ ᠬᠠᠳᠠᠭᠠᠨᠠᠳᠠᠯ᠎ᠠ ᠢᠨᠢᠶᠡᠵᠤ᠂ ᠲᠡᠷᠡᠴᠢᠯᠡᠨ ᠬᠤᠪ ᠪᠠᠵᠠᠭᠠᠵᠤ ᠪᠠᠢᠬᠤ ᠶ᠋ᠢ ᠪᠢ ᠪᠠᠭ᠎ᠠ ᠪᠤᠰᠤ ᠦᠵᠡᠵᠦ ᠲᠤᠭᠤᠯᠪᠠ᠃ ᠲᠡᠭᠡᠬᠦ ᠳ᠋ᠤᠨᠢ ᠤᠨᠴᠠ ᠵᠠᠷᠢᠮ ᠨᠠᠳᠠ ᠳ᠋ᠤ ᠴᠢᠩ ᠦᠨᠡᠨ ᠶ᠋ᠢᠡᠷ ᠬᠠᠨᠳᠤᠳᠠᠭ ᠬᠦᠮᠦᠰ ᠢ᠋ ᠭᠠᠷᠭᠠᠪᠠᠯ᠂ ᠶᠠᠭ ᠤᠳᠬ᠎ᠠ ᠳᠡᠭᠡᠷ᠎ᠠ ᠪᠡᠨ ᠮᠢᠨᠤ ᠠᠮᠢᠳᠤᠷᠠᠯ ᠪᠤᠯ ᠮᠢᠨᠦᠬᠢ ᠯᠡ ᠠᠮᠢᠳᠤᠷᠠᠯ᠂ ᠪᠤᠰᠤᠳ ᠲᠤ᠌ ᠶᠠᠮᠠᠷ ᠴᠤ᠌ ᠳᠠᠵᠢ ᠦᠭᠡᠢ ᠭᠡᠳᠡᠭ ᠢ᠋ ᠤᠬᠠᠭᠠᠷᠠᠵᠠᠢ᠃

ᠲᠩᠷᠢ ᠠᠪᠤ ᠲᠦᠮᠡᠨ ᠨᠢᠳᠦ ᠲᠠᠢ ᠭᠡᠳᠡᠭ ᠶ᠋ᠢᠡᠷ᠂ ᠭᠠᠰᠢᠭᠤᠨ ᠪᠦᠭᠡᠳ ᠬᠠᠳᠠᠭᠤᠬᠠᠨ ᠲᠠᠪᠢᠯᠠᠩ ᠲᠠᠢ ᠡᠪᠯᠡᠷᠡᠬᠦ ᠬᠡᠮᠡᠨ ᠨᠢᠯᠪᠤᠰᠤ ᠪᠡᠨ ᠨᠢᠭᠤᠵᠤ ᠶᠠᠪᠤᠭᠰᠠᠨ ᠡᠳᠦᠷ ᠤ᠋ᠳ ᠦᠩᠭᠡᠷᠡᠨ ᠤᠳᠴᠠᠢ᠃ ᠠᠭᠠᠬᠢᠮ᠎ᠠ ᠵᠤᠨ ᠤ᠋ ᠹᠦ ᠶ᠋ᠢᠨ ᠬᠠᠯᠠᠭᠤᠨ ᠳ᠋ᠤ ᠬᠦᠯᠦᠰᠦᠨ ᠳ᠋ᠤ ᠳᠡᠪᠳᠦᠵᠦ ᠰᠠᠷ᠎ᠠ᠎ᠳᠤ ᠰᠠᠭᠤᠭᠰᠠᠨ ᠪᠢ ᠤᠳᠤ ᠨᠠᠮᠤᠷ ᠤ᠋ᠨ ᠰᠡᠷᠢᠭᠦᠨ ᠳ᠋ᠤ ᠪᠠᠶᠠᠷ ᠪᠠᠶᠠᠰᠬᠤᠯᠠᠩ ᠲᠠᠢ ᠪᠡᠷ ᠪᠤᠨᠳᠤᠭᠤᠷ ᠦᠬᠢᠨ ᠶ᠋ᠢᠡᠨ ᠬᠠᠷᠠᠭᠠᠳ ᠬᠠᠨᠤᠰᠢ ᠦᠭᠡᠢ ᠪᠡᠷ ᠨᠠᠨᠳᠢᠩᠨᠠᠨ ᠳᠤᠳᠤᠮᠳᠠᠵᠤ ᠪᠠᠢᠨ᠎ᠠ᠃

ᠡᠳᠦᠷ ᠬᠤᠨᠤᠭ ᠤᠷᠴᠢᠵᠤ᠂ ᠤᠳᠠᠬᠤ ᠦᠭᠡᠢ ᠡᠪᠤᠯ ᠪᠤᠯᠵᠤ᠂ ᠤᠳᠠᠬᠤ ᠦᠭᠡᠢ ᠰᠢᠨ᠎ᠠ ᠨᠢᠭᠡᠨ ᠵᠢᠯ ᠡᠬᠢᠯᠡᠨ᠎ᠠ᠃ ᠶᠡᠷᠦ ᠨᠢ ᠪᠦᠬᠦ ᠵᠦᠢᠯ ᠡᠩ ᠤ᠋ᠨ ᠪᠠᠢᠬᠤ ᠪᠡᠷ ᠠᠮᠢᠳᠤᠷᠠᠯ ᠨᠡᠩ ᠲᠠᠢᠪᠤᠩ ᠠᠮᠤᠭᠤᠯᠠᠩ ᠪᠠᠢᠳᠠᠭ ᠶ᠋ᠢᠡᠷ᠂ ᠦᠬᠢᠨ ᠮᠢᠨᠢ ᠤᠯᠠᠨ ᠡᠴᠡ ᠤᠨᠴᠠᠭᠠᠢ ᠰᠠᠢᠨ ᠰᠤᠷᠴᠤ᠂ ᠤᠯᠠᠨ ᠤ᠋ ᠪᠠᠬᠠᠷᠬᠠᠯ ᠢ᠋ ᠳᠠᠳᠠᠬᠤ ᠠᠮᠢᠳᠤᠷᠠᠯ ᠢ᠋ ᠡᠳ᠋ᠯᠡᠬᠦ ᠡᠴᠡ ᠢᠯᠡᠭᠦᠦ ᠡᠭᠡᠯ ᠵᠢᠷ ᠤ᠋ᠨ ᠠᠮᠢᠳᠤᠷᠠᠯ ᠢ᠋ ᠡᠳ᠋ᠯᠡᠨ᠂ ᠡᠷᠡᠭᠦᠯ ᠪᠡᠶ᠎ᠠ ᠰᠠᠷᠠᠭᠤᠯ ᠤᠬᠠᠭᠠᠨ ᠲᠠᠢ᠂ ᠤᠷᠳᠤ ᠨᠠᠰᠤᠯᠠᠵᠤ ᠤᠳᠠᠭᠠᠨ ᠵᠢᠷᠭᠠᠭᠠᠷᠠᠢ ᠬᠡᠮᠡᠨ ᠪᠢ ᠡᠳᠦᠷᠵᠢᠨ ᠵᠠᠯᠪᠠᠷᠢᠵᠤ ᠪᠠᠢᠨ᠎ᠠ᠃

ᠡᠭᠡᠯ ᠵᠢᠷ ᠤ᠋ᠨ ᠠᠮᠢᠳᠤᠷᠠᠯ ᠶ᠋ᠢᠡᠨ ᠨᠠᠨᠳᠢᠩᠨᠠᠵᠤ ᠶᠠᠪᠤᠭᠠᠷᠠᠢ᠂ ᠬᠦᠮᠦᠰ ᠡ!


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面