2026-08-14 11:52:08
ᠤᠲᠤᠬᠢ ᠨᠡᠶ᠋ᠢᠭᠡᠮ᠎ᠳᠤ ᠴᠦᠭᠡᠨ ᠪᠤᠰᠤ ᠬᠦᠮᠤᠨ ᠦᠪᠡᠷ᠎ᠢ᠎ᠪᠡᠨ ᠤᠶ᠋ᠢᠯᠠᠭᠠᠬᠤ ᠲᠠᠯ᠎ᠠ᠎ᠪᠠᠷ ᠶᠡᠬᠡ ᠲᠤᠳᠠᠮᠠᠭ ᠪᠤᠯᠵᠤ ᠪᠠᠶ᠋ᠢᠨ᠎ᠠ᠃ ᠡᠬᠥᠨ ᠡᠴᠠ ᠪᠤᠯᠵᠤ ᠦᠷᠤᠭᠡᠯ ᠪᠤᠰᠤᠳ᠎ᠢ ᠡᠢᠮᠦ ᠭᠡᠲᠡᠯ᠎ᠡ ᠲᠡᠶ᠋ᠢᠮᠤ ᠭᠡᠳ ᠡᠯᠳᠡᠪ ᠬᠤᠶᠠᠷ᠎ᠢᠶᠠᠷ ᠵᠢᠮᠡᠯᠠᠨ ᠪᠤᠷᠤᠭᠤᠰᠢᠶᠠᠬᠤ ᠦᠵᠡᠭᠲᠡᠯ ᠶᠡᠬᠡᠲᠡ ᠢᠯᠡᠷᠡᠵᠤ ᠪᠤᠢ᠃ ᠡᠨᠡ ᠲᠤᠬᠠᠢ ᠪᠤᠲᠠᠲᠠᠢ ᠵᠢᠱ᠌ᠢᠶ᠎ᠡ᠎ᠪᠡᠷ ᠶᠠᠷᠢᠪᠠᠯ ᠵᠠᠷᠢᠮ ᠬᠦᠮᠤᠰ ᠰᠦᠯᠵᠢᠶ᠎ᠡ ᠬᠤᠯᠪᠤᠭ᠎ᠠ᠎ᠪᠠᠷ ᠡᠲᠤᠷ᠎ᠤᠨ ᠮᠠᠷᠭᠠᠰᠢ ᠦᠭᠡᠢ ᠬᠡᠯᠡ ᠠᠮᠠ᠎ᠶᠢᠨ 《ᠪᠠᠶ᠋ᠢᠯᠲᠤᠭᠠᠨ》 ᠬᠢᠬᠦ ᠨᠢ ᠮᠠᠰᠢ ᠬᠠᠴᠢᠨ ᠰᠠᠨᠠᠭᠲᠠᠨ᠎ᠠ᠃
ᠦᠨᠡᠨ᠎ᠢ ᠬᠡᠯᠡᠪᠡᠯ᠂ ᠦᠪᠡᠷ᠎ᠢ᠎ᠪᠡᠨ ᠤᠶ᠋ᠢᠯᠠᠭᠠᠳᠠᠭ ᠬᠦᠮᠤᠨ ᠯᠠ ᠰᠠᠶᠢ ᠦᠷᠤᠭᠡᠯ ᠪᠤᠰᠤᠳ ᠲᠤ᠌ ᠬᠦᠨᠲᠤᠳᠬᠡᠯ ᠲᠠᠢ ᠤᠪᠤᠷ ᠵᠢᠡᠷ ᠬᠠᠨᠳᠤᠳᠠᠭ᠃ ᠲᠡᠷᠡ ᠮᠦᠷᠳᠡᠬᠡᠨ ᠦᠪᠡᠷ᠎ᠢ᠎ᠪᠡᠨ ᠤᠶ᠋ᠢᠯᠠᠭᠠᠵᠤ ᠡᠵᠡᠮᠲᠡᠬᠥ᠌ ᠴᠢᠳᠠᠪᠤᠷᠢ ᠰᠠᠢᠳᠠᠢ ᠮᠦᠷᠳᠡᠬᠡᠨ ᠠᠰᠠᠭᠤᠲᠠᠯᠳᠤᠯᠭᠠᠷᠠᠬᠤ ᠦᠶᠠᠰ ᠲᠤ᠌ ᠠᠪᠬᠤ ᠠᠷᠭ᠎ᠠ ᠪᠤᠲᠤᠯᠭ᠎ᠠ ᠨᠢ ᠴᠤ᠌ ᠶᠡᠬᠡ ᠤᠬᠠᠭᠠᠯᠢᠭ ᠪᠠᠢᠵᠤ᠂ ᠤᠴᠢᠷ ᠶᠠᠪᠤᠲᠠᠯ᠎ᠢ ᠰᠢ᠌ᠳᠪᠤᠷᠢᠯᠡᠬᠥ᠌ ᠲᠠᠯ᠎ᠠ᠎ᠪᠠᠷ ᠨᠡᠩ ᠭᠠᠷᠰᠢᠭᠰᠠᠨ ᠪᠠᠶ᠋ᠢᠳᠠᠭ᠃ ᠡᠢᠮᠦ ᠡᠴᠠ ᠵᠤᠬᠢᠬᠤ ᠤᠳᠬ᠎ᠠ ᠡᠴᠠ ᠠᠪᠴᠤ᠌ ᠬᠡᠯᠡᠪᠡᠯ ᠦᠪᠡᠷ᠎ᠢ᠎ᠪᠡᠨ ᠤᠶ᠋ᠢᠯᠠᠭᠠᠬᠤ ᠪᠠ ᠦᠷᠤᠭᠡᠯ ᠪᠤᠰᠤᠳ᠎ᠢ ᠵᠢᠮᠡᠯᠠᠨ ᠪᠤᠷᠤᠭᠤᠰᠢᠶᠠᠬᠤ ᠨᠢ ᠰᠢᠯᠲᠠᠭᠠᠨ ᠦᠷ᠎ᠡ ᠳ᠋ᠦᠩ᠎ᠦᠨ ᠬᠠᠷᠢᠴᠠᠭ᠎ᠠ ᠲᠠᠢ ᠪᠠᠶ᠋ᠢᠵᠤ ᠲᠠᠭᠠᠷᠠᠨ᠎ᠠ᠃ ᠡᠨᠡ ᠨᠢ ᠲᠠᠷᠤᠢ ᠯᠤᠭᠢᠭ ᠰᠡᠳᠬᠢᠬᠥᠢ᠎ᠶᠢᠨ ᠠᠰᠠᠭᠤᠲᠠᠯ ᠪᠣᠯᠬᠤ ᠶᠤᠮ᠃
ᠲᠡᠭᠡᠪᠡᠯ ᠶᠠᠭᠠᠬᠢᠭᠠᠳ ᠵᠠᠷᠢᠮ ᠬᠦᠮᠤᠰ ᠳᠠᠩᠳᠠ ᠦᠷᠤᠭᠡᠯ ᠪᠤᠰᠤᠳ᠎ᠢ ᠵᠢᠮᠡᠯᠡᠨ ᠪᠤᠷᠤᠭᠤᠰᠢᠶᠠᠬᠤ ᠭᠡᠳ ᠪᠠᠶ᠋ᠢᠳᠠᠭ ᠪᠣᠢ? ᠬᠠᠷᠢᠭᠤᠯᠲᠠ ᠨᠢ ᠲᠡᠭᠡᠷ᠎ᠡ ᠦᠬᠥᠯᠡᠭᠰᠡᠨ ᠮᠡᠲᠤ᠌ ᠪᠡᠷ ᠦᠪᠡᠷ᠎ᠢ᠎ᠪᠡᠨ ᠤᠶ᠋ᠢᠯᠠᠭᠠᠬᠤ ᠲᠠᠯ᠎ᠠ᠎ᠪᠠᠷ ᠲᠤᠳᠠᠮᠠᠭ ᠪᠠᠢᠬᠤ ᠲᠠᠢ ᠰᠢᠭᠤᠳ ᠬᠤᠯᠪᠤᠭᠲᠠᠨ᠎ᠠ᠃ ᠬᠦᠮᠤᠨ ᠲᠠᠢ ᠵᠤᠭᠤᠭᠳᠠᠬᠤ ᠳᠤᠮᠳᠠ ᠠᠮᠠᠨ ᠠᠶ᠎ᠠ᠎ᠪᠠᠷ ᠵᠢᠠᠨ ᠪᠤᠰᠤᠳ᠎ᠢ ᠡᠢᠮᠦ ᠲᠡᠶ᠋ᠢᠮᠤ᠎ᠪᠠᠷ ᠬᠡᠯᠡᠯᠴᠠᠨ᠂ ᠦᠭᠡ ᠪᠡᠷ ᠬᠦᠮᠤᠨ᠎ᠢ ᠲᠡᠢᠯᠬᠦ ᠪᠤᠶᠤ ᠵᠢᠮᠡᠯᠡᠨ ᠪᠤᠷᠤᠭᠤᠰᠢᠶᠠᠳᠠᠭ ᠬᠦᠮᠤᠨ ᠤᠯᠠᠨ ᠪᠤᠯᠵᠤ ᠪᠤᠢ᠂ ᠡᠳᠡᠬᠡᠷ ᠬᠦᠮᠤᠰ ᠠᠯᠢᠪᠠ ᠠᠰᠠᠭᠤᠲᠠᠯ᠎ᠢ ᠶᠠᠭᠤᠨ᠎ᠤ ᠤᠷᠢᠳ ᠪᠡᠶᠡᠴᠢ ᠲᠠᠯ᠎ᠠ ᠡᠴᠠ ᠪᠤᠷᠤᠭᠤ ᠪᠡᠨ ᠡᠷᠢᠵᠤ᠂ ᠪᠤᠰᠤᠳ᠎ᠤᠨ ᠲᠠᠯ᠎ᠠ ᠡᠴᠨ ᠢᠯᠡᠬᠥᠭᠡᠨ ᠪᠤᠲᠤᠯᠬᠢᠯᠠᠪᠠᠯ ᠤᠴᠢᠷ ᠶᠠᠪᠤᠳᠠᠯ ᠠᠮᠠᠷᠬᠠᠨ ᠰᠢᠢᠳᠪᠤᠷᠢᠯᠡᠭᠳᠡᠬᠦ ᠮᠦᠷᠳᠡᠬᠡᠨ ᠪᠠᠶᠠᠳ᠋ᠡᠬᠡᠨ ᠲᠠᠷᠤᠭᠠᠰᠤ ᠪᠤᠯᠬᠤ ᠦᠬᠡᠢ ᠶᠤᠮ᠃ᠦᠬᠡᠷ᠎ᠡ᠎ᠪᠡᠷ ᠬᠡᠯᠡᠪᠡᠯ᠂ ᠶᠠᠭᠠᠬᠢᠭᠠᠳ ᠭᠡᠬᠥ᠌ ᠦᠭᠡ ᠪᠠᠷ ᠪᠡᠶᠡᠳ᠋ᠡᠬᠡᠨ ᠪᠠᠶ᠋ᠢᠩᠭᠤ ᠠᠰᠠᠭᠤᠯᠲᠠ ᠲᠠᠯᠪᠢᠵᠤ᠂ ᠦᠪᠡᠷᠲᠦ᠍ ᠴᠢᠨᠢ ᠲᠤᠯᠭᠠᠷᠠᠵᠤ ᠢᠷᠡᠬᠥ᠌ ᠲᠡᠷᠡ ᠤᠯᠠᠨ ᠤᠴᠢᠷ ᠶᠠᠪᠤᠲᠠᠯᠤᠳᠤᠨ 《ᠮᠦᠨ ᠴᠢᠨᠠᠷ》 ᠢ᠋ ᠨᠢ ᠬᠦᠨᠵᠡᠭᠡᠢ ᠤᠶ᠋ᠢᠯᠠᠭᠠᠵᠤ ᠮᠡᠲᠡᠬᠥ ᠨᠢ ᠬᠠᠮᠤᠭ᠎ᠤᠨ ᠴᠢᠬᠤᠯᠠ᠃ ᠡᠬᠦᠨ ᠡᠴᠨ ᠭᠠᠳᠠᠨ᠎ᠠ ᠤᠴᠢᠷ ᠶᠠᠪᠤᠳᠠᠯ᠎ᠢ ᠰᠠᠶ᠋ᠢᠲᠤᠷ ᠵᠠᠲᠠᠯᠤᠨ ᠰᠢᠨᠵᠢᠬᠥ᠌ ᠮᠡᠳᠡᠯᠬᠡ ᠴᠢᠳᠠᠪᠤᠷᠢ᠂ ᠵᠦᠪ ᠪᠤᠷᠤᠭᠤ ᠵᠢ ᠢᠯᠭᠠᠵᠤ ᠴᠢᠳᠠᠬᠤ ᠤᠢ ᠤᠬᠠᠭᠠᠨ ᠦᠵᠡᠯ ᠪᠤᠳᠤᠯ ᠲᠠᠢ ᠪᠠᠶ᠋ᠢᠮᠠᠨᠵᠢᠨ ᠰᠠᠶᠢ ᠠᠶᠠᠨᠲᠠᠭᠠᠨ ᠦᠪᠡᠷ᠎ᠢ᠎ᠪᠡᠨ ᠲᠠᠨᠢᠵᠤ ᠤᠶ᠋ᠢᠯᠠᠭᠠᠬᠤ ᠰᠡᠳᠬᠢᠯ᠎ᠦᠨ ᠲᠡᠩᠬᠡᠬᠡ ᠲᠠᠢ ᠪᠤᠯᠵᠤ ᠴᠢᠳᠠᠨ᠎ᠠ᠃ ᠬᠠᠷᠢᠨ ᠦᠷᠤᠭᠡᠯ ᠪᠤᠰᠤᠳᠲᠤ᠌ ᠦᠭᠡ ᠰᠦᠪᠡᠯᠡᠨ᠂ ᠦᠬᠡᠨ ᠡᠴᠨ ᠦ ᠡᠷᠢᠵᠤ᠂ ᠡᠯᠳᠡᠪ ᠬᠤᠶᠠᠷ᠎ᠢᠶᠠᠷ ᠵᠢᠮᠡᠯᠠᠨ ᠪᠤᠷᠤᠭᠤᠰᠢᠶᠠᠬᠤ ᠦᠨᠤ ᠮᠠᠭᠤ ᠮᠠᠭᠤᠬᠠᠢ ᠦᠵᠡᠯ ᠪᠤᠳᠤᠯ᠂ ᠵᠠᠩ ᠠᠷᠠᠨᠰᠢᠨ ᠦᠪᠡᠷ᠎ᠤᠨ ᠡᠷᠬᠡ ᠦᠬᠡᠢ ᠲᠠᠨ ᠡᠴᠨ ᠬᠤᠯᠠᠳᠠᠬᠤ ᠪᠤᠯᠤᠨ᠎ᠠ᠃
ᠨᠡᠢᠬᠡᠮ ᠬᠦᠭᠵᠢᠵᠤ ᠮᠡᠳᠡᠬᠡ ᠵᠠᠩᠬᠢᠵᠢᠯᠳᠠ ᠵᠢᠨ ᠴᠠᠭ ᠦᠶ᠎ᠠ᠎ᠳᠤ ᠪᠢᠳᠡ ᠬᠡᠯᠡ ᠠᠮᠠ᠎ᠪᠠᠨ ᠪᠠᠷᠢᠵᠤ ᠦᠪᠡᠷ᠎ᠢ᠎ᠪᠡᠨ ᠤᠶ᠋ᠢᠯᠠᠭᠠᠵᠤ ᠮᠡᠲᠡᠬᠥ᠌ ᠨᠢ ᠬᠤᠪᠢ ᠪᠠᠶ᠎ᠠ᠎ᠳᠤ ᠠᠪᠴᠤ ᠬᠡᠯᠡᠪᠡᠯ ᠮᠠᠰᠢ ᠴᠢᠬᠤᠯᠠ ᠠᠴᠢ ᠬᠤᠯᠪᠤᠭᠲᠠᠯ ᠲᠠᠢ᠃ ᠭᠠᠭᠴᠠ ᠬᠦ᠌ ᠦᠪᠡᠷ ᠪᠢ᠎ᠶᠢᠨ ᠬᠦᠷᠤᠯᠴᠡᠬᠥ᠌ ᠦᠭᠡᠢ ᠲᠠᠯ᠎ᠠ ᠬᠢᠭᠡᠳ ᠲᠠᠪᠠᠭᠤᠯᠢᠭ ᠲᠠᠯ᠎ᠠ᠎ᠪᠠᠨ ᠪᠦᠷᠢᠨ ᠵᠦᠪ ᠲᠠᠨᠢᠭᠰᠠᠨ ᠬᠦᠮᠤᠨ ᠯᠠ ᠰᠠᠶᠢ ᠲᠤᠲᠠᠭᠲᠠᠯ ᠲᠠᠢ ᠲᠠᠯ᠎ᠠ ᠪᠡᠨ ᠵᠣᠷᠢᠭ ᠲᠠᠢ᠎ᠪᠠᠷ ᠬᠠᠯᠠᠨ ᠰᠠᠶ᠋ᠢᠵᠢᠷᠠᠭᠤᠯᠵᠤ᠂ ᠲᠠᠪᠠᠭᠤᠯᠢᠭ᠎ᠢᠶᠠᠨ ᠪᠠᠳᠠᠷᠠᠭᠤᠯᠤᠨ ᠴᠠᠭ ᠦᠶ᠎ᠡ ᠵᠢᠨ ᠪᠠᠢᠳᠠᠯ᠎ᠢ ᠡᠵᠡᠮᠲᠡᠵᠤ ᠴᠢᠳᠠᠨ᠎ᠠ᠂ ᠨᠡᠩ ᠴᠤ᠌ ᠢᠷᠡᠬᠦ ᠮᠠᠷᠭᠠᠰᠢ᠎ᠳᠠᠭᠠᠨ ᠮᠠᠨᠳᠤᠬᠤ ᠨᠠᠷᠠᠨ ᠮᠡᠳᠤ ᠬᠡᠷᠡᠯ ᠬᠢᠯᠪᠠᠭ᠎ᠠ ᠪᠡᠨ ᠲᠡᠯᠡᠬᠡᠢ ᠶᠢᠷᠳᠢᠨᠴᠤ ᠵᠢᠨ ᠦᠨᠴᠦᠭ ᠪᠤᠯᠤᠩ᠎ᠳᠤ ᠬᠡᠷᠡᠯᠳᠤᠬᠦᠯᠤᠨ ᠰᠠᠴᠤᠷᠠᠭᠤᠯᠵᠤ᠂ ᠬᠠᠷᠢᠭᠤᠴᠠᠯᠭᠠᠳᠤ ᠤᠪᠤᠷ ᠲᠠᠢ᠂ ᠵᠦᠪ ᠡᠨ᠋ᠸᠷᠬᠢ ᠲᠠᠢ ᠬᠦᠮᠤᠨ ᠪᠤᠯᠵᠤ᠂ ᠴᠠᠭ ᠦᠶ᠎ᠡ ᠲᠠᠢ ᠵᠡᠷᠭᠡᠴᠡᠨ ᠤᠷᠤᠭᠰᠢᠯᠠᠵᠤ ᠴᠢᠲᠠᠬᠤ ᠪᠤᠯᠤᠨ᠎ᠠ᠃ ᠬᠦᠮᠤᠨ᠎ᠤ ᠠᠮᠢᠳᠤᠷᠠᠯ ᠤᠯᠠᠨ ᠵᠤᠢᠯ᠎ᠤᠨ ᠠᠮᠳᠠ ᠠᠮᠳᠠᠯᠠᠭᠳᠠᠬᠤ ᠪᠤᠯᠪᠠᠴᠤ ᠪᠠᠶ᠎ᠠ ᠪᠡᠨ ᠵᠦᠪ ᠡᠵᠡᠮᠳᠡᠵᠤ᠂ ᠪᠤᠰᠤᠳ᠎ᠤᠨ ᠬᠡᠯᠡᠬᠦ ᠵᠢ ᠰᠠᠨᠠᠭᠠᠨ᠎ᠳᠠᠭᠠᠨ ᠠᠪᠬᠤ ᠦᠬᠡᠢ᠂ ᠵᠦᠪ ᠬᠡᠵᠤ ᠪᠤᠳᠤᠭᠰᠠᠠ ᠠᠵᠢᠯ ᠵᠢᠠᠨ ᠬᠢᠵᠤ ᠯᠡ ᠪᠠᠢᠪᠠᠯ ᠠᠵᠢᠯ ᠤᠶ᠋ᠢᠯᠡᠰ ᠤᠷᠤᠭᠰᠢᠲᠠᠢ᠂ ᠨᠦᠬᠥᠳ ᠵᠠᠭᠤᠷ᠎ᠠ ᠪᠡᠨ ᠪᠦᠯᠬᠥᠮᠲᠡᠯ ᠲᠠᠢ ᠪᠠᠢᠵᠤ ᠴᠢᠳᠠᠬᠤ ᠨᠢ ᠲᠠᠮᠵᠢᠬ ᠦᠬᠡᠢ᠃
ᠤᠴᠢᠷ ᠶᠠᠪᠤᠳᠠᠯ᠎ᠢ ᠢ᠌ᠢᠨ ᠬᠥ᠌ ᠵᠠᠲᠠᠯᠤᠨ ᠰᠢᠨᠵᠢᠯᠡᠵᠤ ᠦᠵᠡᠬᠥᠯᠡᠷ ᠪᠢᠳᠡ ᠴᠠᠭ ᠢᠮᠠᠭᠳᠠ ᠦᠪᠡᠷ᠎ᠢ᠎ᠪᠠᠨ ᠲᠡᠬᠥᠯᠲᠡᠷᠵᠢᠬᠥᠯᠵᠤ ᠴᠢᠷᠮᠠᠶ᠋ᠢᠬᠤ ᠴᠢᠬᠤᠯᠠᠲᠠᠢ᠃ ᠡᠬᠥᠨ᠎ᠳᠦ ᠬᠠᠮᠤᠭ᠎ᠤᠨ ᠭᠤᠣᠯ ᠨᠢ ᠦᠪᠡᠷ᠎ᠢ᠎ᠪᠡᠨ ᠪᠦᠬᠥ᠌ ᠲᠠᠯ᠎ᠠ᠎ᠪᠠᠷ ᠪᠦᠷᠢᠨ ᠵᠦᠪ ᠤᠶ᠋ᠢᠯᠠᠭᠠᠵᠤ᠂ 《ᠪᠢ ᠶᠠᠭᠠᠬᠢᠭᠠᠳ?》 ᠭᠡᠬᠥ᠌ ᠦᠭᠡ᠎ᠶᠢᠨ ᠤᠴᠢᠷ ᠤᠳᠬᠠᠳᠤ ᠲᠤᠲᠤᠷᠬᠠᠢ ᠦᠵᠡᠯᠲᠡ ᠲᠠᠨᠢᠯᠲᠠ ᠲᠠᠢ ᠪᠠᠶ᠋ᠢᠵᠤ᠂ ᠤᠳᠤᠬᠢ ᠴᠠᠭ ᠦᠶ᠎ᠠ᠎ᠳᠤ ᠪᠢᠳᠠ ᠪᠤᠯᠪᠠᠰᠤᠨ ᠰᠤᠷᠲᠠᠯᠪᠤᠯᠤᠨ ᠬᠡᠪ ᠪᠤᠯᠪᠠᠰᠤᠷᠠᠯ ᠵᠢᠠᠨ ᠲᠡᠬᠡᠭᠰᠢᠯᠡᠬᠦᠯᠬᠦ ᠬᠡᠷᠡᠭᠳᠡᠢ ᠪᠤᠯᠵᠠᠢ᠃
ᠭᠡᠲᠡᠯ᠎ᠡ ᠤᠲᠤ᠌ ᠤᠯᠠᠩᠬᠢ ᠬᠦᠮᠤᠨ᠎ᠳᠤ ᠠᠪᠴᠤ᠌ ᠬᠡᠯᠡᠪᠡᠯ᠂ 《ᠪᠢ ᠶᠠᠮᠠᠷ᠎ᠲᠠᠭᠠᠨ ᠲᠡᠨᠡᠭ ᠴᠤ᠌ ᠪᠢᠰᠢ ᠳ᠋ᠧ᠂ ᠦᠪᠡᠷ᠎ᠢ᠎ᠪᠡᠨ ᠤᠶ᠋ᠢᠯᠠᠭᠠᠬᠤ ᠦᠭᠡᠢ ᠭᠡᠲᠡᠭ ᠴᠢᠨᠢ ᠁ 》 ᠭᠡᠳ ᠡᠨᠡ ᠬᠤᠷᠸ᠎ᠠ᠎ᠳᠤ ᠪᠠᠰᠠ 《ᠦᠪᠡᠷ᠎ᠢ᠎ᠪᠡᠨ ᠤᠶ᠋ᠢᠯᠠᠭᠠᠬᠤ ᠦᠬᠡᠢ ᠬᠦᠮᠤᠨ ᠪᠠᠶ᠋ᠢᠳᠠᠭ ᠪᠢᠯᠢᠤ⁈》 ᠭᠡᠳᠡᠭ ᠵᠢᠡᠷ ᠦᠯᠤ ᠲᠤᠭᠤᠮᠰᠠᠷᠯᠠᠬᠤ ᠨᠢ ᠲᠠᠩᠴᠤ᠌ ᠭᠡᠴᠡᠬᠥᠤ ᠰᠠᠨᠠᠭᠲᠠᠨ᠎ᠠ᠃ ᠬᠡᠷᠡᠭ ᠲᠡᠭᠡᠷ᠎ᠡ᠎ᠪᠡᠨ ᠦᠪᠡᠷ᠎ᠢ᠎ᠪᠡᠨ ᠤᠶ᠋ᠢᠯᠠᠭᠠᠬᠤ ᠭᠡᠲᠡᠭ ᠨᠢ ᠬᠡᠨ᠎ᠳᠦ ᠴᠤ᠌ ᠪᠣᠯᠤᠭ ᠪᠠᠰᠠ ᠨᠢᠭᠡᠨ ᠳᠠᠪᠠᠬᠤ᠎ᠳᠤ ᠭᠡᠴᠡᠬᠥᠤ ᠳᠠᠪᠠᠭ᠎ᠠ ᠪᠣᠯᠬᠤ ᠶᠤᠮ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃