2026-08-28 11:39:47
ᠰᠢᠨ᠎ᠡ ᠴᠠᠭ ᠦᠶ᠎ᠡ᠂ ᠰᠢᠨ᠎ᠡ ᠮᠠᠯᠵᠢᠬᠤ ᠲᠠᠷᠢᠶᠠᠯᠠᠬᠤ ᠠᠷᠭ᠎ᠠ ᠬᠡᠯᠪᠡᠷᠢ ᠵᠢ ᠬᠡᠷᠡᠭᠯᠡᠬᠦ ᠪᠤᠯᠤᠭᠰᠠᠠ ᠡᠴᠨ ᠬᠦᠳᠡᠭᠡ ᠲᠤᠰᠬᠤᠨ ᠤ᠋ ᠲᠦᠷᠢ ᠲᠦᠷᠬᠦᠴᠤ ᠰᠢᠨ᠎ᠡ ᠬᠤᠪᠢᠷᠠᠯᠳᠠ ᠭᠠᠷᠴᠤ᠂ ᠤᠨᠴᠠᠯᠢᠬᠳᠤ ᠠᠵᠤ ᠦᠢᠯᠡᠰ ᠡᠯ᠎ᠠ ᠭᠠᠵᠠᠷ ᠲᠦ᠍ ᠦᠷᠨᠢᠨ ᠬᠦᠭᠵᠢᠬᠡᠳ ᠮᠠᠯᠴᠢᠨ ᠲᠠᠷᠢᠶᠠᠴᠢᠨ ᠤ᠋ ᠠᠮᠢᠳᠤᠷᠠᠯ ᠡᠳᠦᠷ ᠡᠴᠡ ᠡᠳᠦᠷ ᠦᠭᠡᠳᠡᠯᠡᠨ ᠲᠠᠪᠰᠢᠵᠤ ᠪᠠᠢᠨ᠎ᠠ᠃ ᠨᠡᠡᠭᠴᠤ ᠤᠢᠷ᠎ᠠ ᠵᠢᠨ ᠬᠡᠳᠦᠨ ᠵᠢᠯ ᠡᠴᠡ ᠬᠦᠳᠡᠭᠡ ᠲᠤᠰᠬᠤᠨ ᠢ᠋ ᠬᠦᠭᠵᠢᠬᠦᠯᠦᠨ ᠮᠠᠨᠳᠤᠭᠤᠯᠬᠤ ᠲᠦᠷᠦ ᠵᠢᠨ ᠪᠤᠳᠤᠯᠭ᠎ᠠ ᠵᠢᠨ ᠳᠠᠭᠠᠭᠤᠯᠭ᠎ᠠ ᠳᠡᠮᠵᠢᠯᠭᠡ ᠳᠤᠤᠷ᠎ᠠ ᠬᠦᠳᠡᠭᠡ ᠨᠤᠳᠤᠭ ᠤ᠋ᠨ ᠬᠦᠷᠦᠰᠦᠨ᠎ᠡ ᠬᠦᠭᠵᠢᠯ ᠪᠠᠳᠠᠷᠠᠯ ᠤ᠋ᠨ ᠦᠷ᠎ᠡ ᠭᠠᠵᠠᠷ ᠰᠠᠢ ᠦᠭᠡᠢ ᠰᠤᠶᠤᠭᠠᠯᠠᠭᠰᠠᠨ ᠨᠢ ᠦᠨᠡᠨ᠃ ᠭᠡᠪᠡᠴᠦ ᠬᠦᠳᠡᠭᠡ ᠨᠤᠳᠤᠭ ᠵᠢᠡᠷ ᠶᠠᠪᠤᠪᠠᠯ ᠨᠡᠢᠳᠡᠮ ᠳ᠋ᠡᠬᠡᠨ ᠳᠤᠮᠳᠠ ᠨᠠᠰᠤᠨ ᠤ᠋ ᠪᠠ ᠦᠳᠡᠯᠦᠭᠡ ᠨᠠᠰᠤᠨ ᠤ᠋ ᠬᠦᠮᠦᠰ ᠬᠠᠷᠠᠬᠳᠠᠵᠤ᠂ ᠬᠦᠳᠡᠭᠡ ᠨᠤᠳᠤᠭ ᠤ᠋ᠨ ᠬᠦᠭᠵᠢᠯᠳᠡ ᠳ᠋ᠦ ᠵᠠᠯᠠᠭᠤᠴᠤᠳ ᠳᠤᠳᠠᠬᠳᠠᠵᠤ ᠪᠠᠢᠬᠤ ᠨᠢ ᠢᠯᠡᠭᠡᠨ᠃ ᠡᠬᠦᠨ ᠢ᠋ ᠬᠡᠳᠦᠢᠪᠡᠷ ᠬᠤᠳᠠ ᠪᠠᠯᠭᠠᠰᠤᠵᠢᠯᠳᠠ᠂ ᠨᠠᠰᠤᠵᠢᠯ ᠤ᠋ᠨ ᠨᠡᠢᠭᠡᠮ ᠤ᠋ᠨ ᠨᠢᠭᠡᠨ ᠬᠠᠨᠳᠤᠰᠢ ᠭᠡᠮᠡᠨ ᠬᠡᠯᠡᠬᠦ ᠪᠤᠯᠪᠠᠴᠤ ᠴᠠᠭᠠᠨ᠎ᠠ ᠨᠢ ᠬᠤᠳᠠ ᠬᠦᠳᠡᠭᠡ ᠵᠢᠨ ᠬᠦᠭᠵᠢᠯᠳᠡ ᠵᠢᠨ ᠵᠦᠷᠢᠶ᠎ᠠ ᠵᠢᠨ ᠰᠢᠯᠳᠠᠭᠠᠨ ᠴᠦ᠍ ᠨᠢᠭᠤᠭᠳᠠᠵᠤ ᠪᠤᠢ᠃
ᠬᠦᠳᠡᠭᠡ ᠨᠤᠳᠤᠭ ᠲᠠᠭᠠᠨ ᠪᠤᠴᠠᠵᠤ ᠦᠢᠯᠡᠰ ᠪᠤᠰᠬᠠᠬᠰᠠᠨ ᠵᠠᠯᠠᠭᠤᠰ ᠢ᠋ ᠬᠠᠶᠠ ᠰᠤᠨᠢᠨ᠂ ᠲᠸᠯᠸᠢᠰ᠂ ᠴᠤᠤᠷᠢᠶ᠎ᠠ᠂ ᠪᠤᠰᠢᠭᠤ ᠭᠠᠷ ᠵᠡᠷᠭᠡ ᠵᠠᠭᠤᠴᠢᠯᠠᠭᠤᠷ ᠤ᠋ᠨ ᠳᠠᠪᠴᠠᠩ ᠡᠴᠡ ᠤᠯᠵᠤ ᠬᠠᠷᠠᠳᠠᠭ ᠴᠦ᠍ ᠬᠠᠷᠢᠴᠠᠩᠭᠤᠢ ᠪᠡᠷ ᠬᠦᠳᠡᠭᠡ ᠳ᠋ᠡᠬᠡᠨ ᠪᠤᠴᠠᠵᠤ ᠪᠠᠢᠭ᠎ᠠ ᠵᠠᠯᠠᠭᠤᠰ ᠮᠠᠰᠢ ᠴᠦᠭᠡᠨ ᠪᠠᠢᠳᠠᠭ᠃ ᠤᠯᠠᠨ ᠵᠠᠯᠠᠭᠤᠴᠤᠳ ᠬᠤᠳᠠ ᠡᠴᠡ ᠠᠵᠠ ᠲᠤᠬᠢᠶᠠᠯ ᠬᠠᠢᠵᠤ᠂ ᠬᠤᠳᠠ ᠡᠴᠡ ᠪᠠᠶᠠᠵᠢᠯ ᠤ᠋ᠨ ᠵᠠᠮ ᠡᠷᠢᠵᠤ᠂ ᠬᠤᠳᠠ ᠵᠢᠨ ᠰᠢᠷᠦᠬᠦᠨ ᠦᠷᠢᠰᠦᠯᠳᠦᠭᠡᠨ ᠳ᠋ᠦ ᠴᠢᠬᠢᠯᠳᠦᠵᠤ ᠶᠠᠪᠤᠨ᠎ᠠ᠃ ᠭᠤᠷᠪᠠ ᠳᠠᠪᠤᠨ ᠵᠢᠯ ᠵᠢᠡᠷ ᠬᠤᠳᠠ ᠬᠡᠰᠦᠵᠤ ᠶᠠᠭᠤ ᠴᠦ᠍ ᠪᠦᠲᠦᠭᠡᠵᠤ ᠴᠢᠳᠠᠬᠤ ᠦᠭᠡᠢ ᠶᠠᠪᠤᠵᠤ ᠪᠠᠢᠭ᠎ᠠ ᠵᠠᠯᠠᠭᠤᠰ ᠴᠦᠭᠡᠨ ᠪᠢᠰᠢ᠂ ᠵᠠᠷᠢᠮ ᠨᠢ ᠰᠢᠯᠭᠠᠯᠳᠠ ᠠᠯᠳᠠᠯ ᠦᠭᠡᠢ ᠰᠢᠯᠭᠠᠵᠤ᠂ ᠵᠠᠷᠢᠮ ᠨᠢ ᠶᠡᠬᠡ ᠮᠦᠩᠬᠦ ᠤᠯᠬᠤ ᠠᠷᠭ᠎ᠠ ᠵᠠᠮ ᠬᠠᠢᠵᠤ ᠶᠠᠪᠤᠨ᠎ᠠ᠃ ᠵᠠᠷᠢᠮ ᠵᠠᠯᠠᠭᠤᠰ ᠬᠦᠳᠡᠭᠡ ᠪᠤᠴᠠᠬᠤ ᠵᠢ ᠦᠭᠡᠷ᠎ᠡ ᠨᠢᠭᠡᠨ ᠠᠵᠠ ᠲᠤᠬᠢᠶᠠᠯ ᠪᠤᠶᠤ ᠪᠠᠶᠠᠵᠢᠯ ᠬᠦᠭᠵᠢᠯ ᠤ᠋ᠨ ᠵᠠᠮ ᠭᠡᠵᠤ ᠪᠤᠳᠤᠳᠠᠭ ᠦᠭᠡᠢ᠂ ᠬᠠᠷᠢᠨ ᠤᠬᠤᠷᠢᠵᠤ ᠪᠤᠴᠠᠬᠰᠠᠨ ᠤᠷᠤᠭᠤᠳᠠᠯ ᠤ᠋ᠨ ᠵᠠᠮ ᠬᠡᠮᠡᠨ ᠡᠨᠳᠡᠭᠦᠦ ᠪᠤᠳᠤᠵᠤ ᠪᠤᠢ᠃ ᠪᠠᠰᠠ ᠵᠠᠷᠢᠮ ᠨᠢ 《ᠶᠠᠭᠤᠨ ᠤ᠋ ᠲᠦᠯᠦᠭᠡ ᠪᠢᠴᠢᠭ ᠦᠵᠡᠪᠡ? ᠠᠪᠤ ᠡᠵᠢ ᠰᠢᠭ ᠵᠢᠠᠨ ᠦᠢᠯᠡ ᠲᠠᠮᠤ ᠪᠠᠨ ᠪᠠᠷᠠᠨ ᠮᠠᠯ ᠮᠠᠯᠵᠢᠵᠤ ᠲᠠᠷᠢᠶ᠎ᠠ ᠲᠠᠷᠢᠬᠤ ᠦᠭᠡᠢ ᠵᠢᠨ ᠲᠦᠯᠦᠭᠡ ᠰᠢᠦ》 ᠭᠡᠵᠤ ᠴᠦ᠍ ᠶᠠᠷᠢᠨ᠎ᠠ᠃
ᠬᠡᠪᠡᠴᠤ ᠬᠦᠳᠡᠭᠡ ᠳ᠋ᠡᠬᠡᠨ ᠪᠤᠴᠠᠭᠠᠳ ᠦᠢᠯᠡᠰ ᠪᠤᠰᠬᠠᠨ ᠨᠡᠯᠢᠶᠡᠳ ᠠᠮᠵᠢᠯᠳᠠ ᠤᠯᠵᠤ ᠪᠠᠢᠬᠤ ᠵᠠᠯᠠᠭᠤᠰ ᠤ᠋ᠨ ᠪᠠᠢᠳᠠᠯ ᠡᠴᠡ ᠦᠵᠡᠪᠡᠯ᠂ ᠰᠢᠨ᠎ᠡ ᠦᠶ᠎ᠡ ᠵᠢᠨ ᠵᠠᠯᠠᠭᠤᠰ ᠵᠠᠬ᠎ᠠ ᠳᠡᠯᠭᠡᠭᠦᠷ ᠤ᠋ᠨ ᠪᠠᠢᠳᠠᠯ ᠢ᠋ ᠵᠠᠳᠠᠯᠤᠨ ᠰᠢᠨᠵᠢᠬᠦ ᠳ᠋ᠡᠬᠡᠨ ᠴᠢᠳᠠᠮᠠᠭᠠᠢ ᠪᠠᠢᠵᠤ᠂ ᠨᠡᠩ ᠴᠦ᠍ ᠰᠢᠨᠵᠢᠯᠡᠬᠦ ᠤᠬᠠᠭᠠᠨᠴᠢ ᠪᠡᠷ ᠦᠢᠯᠡᠰ ᠡᠷᠬᠢᠯᠡᠨ᠂ ᠤᠯᠠᠮᠵᠢᠯᠠᠯᠳᠤ ᠬᠦᠳᠡᠬᠡ ᠠᠵᠤ ᠠᠬᠤᠢ ᠵᠢᠨ ᠳᠤᠳᠠᠭᠤᠳᠠᠯ ᠢ᠋ ᠨᠦᠬᠦᠪᠦᠷᠢᠯᠡᠨ ᠰᠠᠢᠵᠢᠷᠠᠭᠤᠯᠵᠤ ᠴᠢᠳᠠᠳᠠᠭ᠃ ᠳᠡᠳᠡ ᠵᠠᠬ᠎ᠠ ᠳᠡᠯᠭᠡᠭᠦᠷ ᠤ᠋ᠨ ᠬᠡᠷᠡᠭᠴᠡᠭᠡ ᠱᠠᠭᠠᠷᠳᠠᠯᠭ᠎ᠠ ᠵᠢ ᠨᠡᠩ ᠰᠡᠷᠬᠡᠭ ᠵᠢᠡᠷ ᠳᠠᠨᠢᠵᠤ᠂ ᠠᠵᠤ ᠦᠢᠯᠡᠰ ᠤ᠋ᠨ ᠡᠵᠡᠩᠨᠡᠯᠳᠡ ᠵᠢᠨ ᠰᠢᠨ᠎ᠡ ᠬᠡᠯᠪᠡᠷᠢ ᠵᠠᠬᠪᠤᠷ ᠢ᠋ ᠡᠭᠦᠳᠦᠨ ᠰᠡᠳᠦᠵᠤ᠂ ᠰᠢᠨ᠎ᠡ ᠵᠢ ᠡᠭᠦᠳᠬᠦ ᠴᠢᠳᠠᠪᠤᠷᠢ ᠪᠡᠷ ᠨᠡᠩ ᠰᠠᠢᠨ ᠪᠠᠢᠳᠠᠭ᠃ ᠡᠢᠮᠤ ᠪᠤᠯᠬᠤᠷ ᠬᠦᠳᠡᠭᠡ ᠨᠤᠳᠤᠭ ᠢ᠋ ᠬᠦᠭᠵᠢᠬᠦᠯᠦᠨ ᠮᠠᠨᠳᠤᠭᠤᠯᠬᠤ ᠳ᠋ᠦ ᠵᠠᠯᠠᠭᠤᠰ ᠤ᠋ᠨ ᠬᠦᠴᠦᠨ ᠳᠤᠳᠠᠬᠳᠠᠵᠤ ᠪᠤᠯᠤᠰᠢ ᠦᠭᠡᠢ ᠶᠤᠮ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠣᠷᠬᠢᠯ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃