2026-09-04 10:20:39
ᠦᠨᠤ ᠵᠢᠨ ᠡᠷᠢᠨᠳᠤ᠂ ᠨᠠᠶ᠋ᠢᠭᠡᠮᠤᠨ ᠲᠦᠷᠬᠡᠨ ᠬᠦᠭᠵᠢᠯᠳᠠ ᠵᠢ ᠲᠠᠭᠠᠯᠳᠤᠨ ᠰᠢᠨᠵᠢᠯᠡᠬᠦ ᠤᠬᠠᠭᠠᠨ ᠲᠸᠭᠨᠢᠭ ᠮᠡᠷᠬᠡᠵᠢᠯ ᠶᠡᠬᠡᠳᠡ ᠬᠦᠭᠵᠢᠭᠰᠡᠡ ᠡᠴᠨ ᠬᠦᠮᠤᠰ ᠵᠦᠪ ᠠᠮᠢᠳᠤᠷᠠᠬᠤᠢ ᠵᠢᠨ ᠦᠵᠡᠯᠳᠡ ᠲᠠᠢ ᠪᠠᠢᠬᠤ ᠡᠴᠨ ᠭᠠᠳᠠᠨᠠ ᠮᠡᠳᠡᠯᠬᠡ ᠮᠡᠳᠡᠴᠡ ᠪᠡᠨ ᠨᠡᠮᠡᠭᠳᠡᠬᠦᠯᠵᠤ᠂ ᠬᠠᠷᠠᠭᠠ ᠪᠡᠨ ᠦᠷᠬᠡᠳᠬᠡᠨ᠂ ᠵᠦᠪ ᠬᠠᠷᠠᠭᠠᠰᠤ ᠡᠴᠨ ᠠᠰᠠᠭᠤᠳᠠᠯᠢ ᠵᠠᠳᠠᠯᠵᠤ ᠴᠢᠳᠠᠬᠤ ᠨᠢ ᠶᠡᠬᠡ ᠴᠢᠬᠤᠯᠠ ᠪᠤᠯᠤᠭᠰᠠᠠ ᠪᠠᠢᠨᠠ᠃
ᠲᠠᠯᠠᠶᠢᠨᠢᠶᠡᠨ ᠠᠭᠤᠳᠠᠮ ᠳᠤ ᠲᠠᠶ᠋ᠢᠪᠣᠩ ᠠᠮᠤᠭᠤᠯᠠᠩ ᠬᠡᠪᠰᠢᠵᠤ ᠠᠮᠢᠲᠤᠷᠠᠭᠰᠠᠨ ᠪᠢᠳᠠᠠᠤ ᠦᠵᠡᠯ ᠪᠤᠲᠤᠯ ᠴᠤ᠌ ᠵᠤᠬᠢᠬᠤ ᠬᠤᠪᠢᠷᠠᠯᠲᠠ ᠭᠠᠷᠴᠤ᠌᠂ ᠤᠭᠢᠶᠠᠨ ᠪᠤᠲᠤᠪᠠᠯ ᠦᠷᠢᠰᠤᠯᠲᠤᠭᠡᠨᠤ ᠲᠤᠮᠲᠠ ᠠᠵᠤ ᠲᠦᠷᠣᠬᠥ᠌ ᠵᠢᠨ ᠶᠡᠬᠡ ᠤᠬᠠᠭᠠᠨᠢ ᠦᠨᠡᠨ ᠬᠥ᠌ ᠤᠢᠯᠠᠭᠠᠵᠤ ᠡᠬᠢᠯᠡᠭᠰᠡᠨ ᠪᠠᠶ᠋ᠢᠨᠠ᠃ ᠡᠨᠡ ᠨᠢ ᠬᠡᠯᠡᠯᠭᠡᠨ ᠦᠭᠡᠢ ᠠᠵᠢᠯ ᠠᠮᠢᠳᠤᠷᠠᠯᠤᠨ ᠳᠤᠮᠳᠠ ᠤᠯᠠᠨ ᠤᠴᠢᠷ ᠶᠠᠪᠤᠳᠠᠯ ᠳᠤᠬᠢᠶᠠᠯᠳᠤᠵᠤ᠂ ᠤᠴᠢᠷ ᠶᠠᠪᠤᠳᠠᠯ ᠳᠤᠬᠢᠶᠠᠯᠳᠤᠬᠤ ᠦᠶᠠᠰ ᠳᠤᠭᠤᠯᠵᠤ ᠭᠠᠷᠬᠤ ᠡᠴᠨ ᠪᠢᠰᠢ ᠳᠤᠭᠤᠷᠢᠵᠤ ᠭᠠᠷᠴᠤ ᠲᠡᠢᠯᠬᠦ ᠦᠬᠡᠢ ᠳᠤᠯᠠ ᠵᠦᠪᠬᠡᠨ ᠬᠦᠴᠢᠷᠢ ᠳᠤᠭᠤᠯᠵᠤ ᠭᠠᠷᠤᠮᠠᠨᠵᠢᠨ ᠰᠠᠶᠢ ᠠᠮᠢᠳᠤᠷᠠᠬᠤᠢ ᠵᠢᠨ ᠬᠦᠨ ᠤᠳᠬᠠ ᠵᠢ ᠤᠢᠯᠠᠭᠠᠵᠤ ᠴᠢᠳᠠᠨᠠ᠂ ᠲᠡᠬᠡᠬᠦ ᠮᠦᠷᠳᠡᠬᠡᠨ ᠵᠦᠪ ᠬᠠᠷᠠᠭᠠᠰᠤ᠂ ᠵᠦᠪ ᠠᠷᠭᠠ ᠪᠡᠷ ᠤᠴᠢᠷ ᠶᠠᠪᠤᠳᠠᠯᠢ ᠰᠢᠢᠳᠪᠤᠷᠢᠯᠡᠵᠤ ᠴᠢᠳᠠᠪᠡᠯ ᠦᠨᠡᠨ ᠬᠦ᠌ ᠰᠠᠢᠨ ᠦᠷᠠ ᠳ᠋ᠦ᠋ᠩ ᠤᠯᠳᠠᠭ ᠃ ᠭᠡᠪᠡᠴᠤ᠌ ᠠᠳᠠᠯᠢ ᠪᠤᠰᠤ ᠬᠠᠷᠠᠭᠠᠰᠤ ᠡᠴᠠ ᠠᠵᠢᠭᠯᠠᠨ ᠦᠵᠡᠬᠥᠳᠦ ᠬᠦᠮᠤᠨ ᠬᠦᠮᠤᠨᠤ ᠪᠤᠳᠤᠵᠤ ᠰᠠᠨᠠᠬᠤ ᠨᠢ ᠦᠬᠡᠷᠠ ᠪᠤᠯᠬᠤ ᠡᠴᠨ ᠦᠷᠠ ᠳ᠋ᠦ᠋ᠩ ᠨᠢ ᠴᠤ᠌ ᠦᠬᠡᠷᠠ ᠪᠠᠢᠳᠠᠬ᠃ ᠡᠨᠲᠡ ᠵᠦᠪᠬᠡᠨ ᠨᠢᠭᠡ ᠯᠠ ᠤᠴᠢᠷ ᠵᠢᠡᠷ ᠵᠢᠱ᠌ᠢᠶᠡ ᠪᠤᠯᠭᠠᠨ ᠬᠡᠯᠡᠪᠡᠯ᠂ ᠬᠤᠯᠪᠣᠭᠠ ᠰᠦᠯᠵᠢᠶᠡᠪᠡᠷ ᠪᠦᠭᠡᠮ ᠲᠠᠪᠵᠢᠶᠡᠨ ᠪᠣᠯᠳᠠᠭ ᠪᠦᠬᠡᠶᠢᠨ ᠲᠤᠬᠠᠢ ᠭᠡᠷᠡᠬᠥᠯ ᠮᠠᠷᠭᠤᠭᠠᠨ ᠨᠢ ᠡᠲᠣᠷ ᠰᠦᠨᠢ ᠦᠭᠡᠢ ᠦᠷᠬᠥᠯᠵᠢᠯᠡᠵᠤ᠂ ᠨᠠᠶ᠋ᠢᠷ ᠨᠠᠭᠠᠲᠤᠮᠢᠶᠠᠷ ᠬᠡᠲᠤ᠌ ᠨᠠᠷᠬᠢᠵᠤ ᠬᠦᠭᠡᠷᠬᠥᠳᠤ ᠦᠬᠡ ᠶᠠᠷᠢᠶᠠ ᠪᠡᠨ ᠬᠢᠴᠢᠶᠡᠬᠦ ᠴᠢᠬᠤᠯᠠᠲᠠᠢ ᠪᠤᠯᠵᠠᠢ᠃
ᠦᠬᠡ ᠶᠠᠷᠢᠶᠠ ᠪᠡᠷ ᠬᠦᠮᠤᠨᠢ ᠠᠮᠢᠳᠤᠷᠠᠭᠤᠯᠵᠤ ᠴᠤ᠌ ᠴᠢᠳᠠᠨᠠ᠂ ᠡᠨᠳᠡᠬᠦᠯᠵᠤ ᠴᠤ᠌ ᠴᠢᠳᠠᠨᠠ ᠬᠡᠳᠡᠭ᠃ ᠲᠠᠷᠤᠢ ᠤᠴᠢᠷ ᠶᠠᠪᠤᠳᠠᠯ ᠰᠠᠨᠠᠵᠤ ᠪᠤᠳᠤᠭᠰᠠᠠᠤ ᠵᠡᠷᠬᠡ ᠰᠠᠢᠨ ᠦᠷᠡ ᠳ᠋ᠦᠩ ᠤᠯᠤᠭᠰᠠᠠ ᠦᠬᠡᠢ ᠴᠤ᠌ ᠦᠬᠡ ᠬᠡᠯᠡ ᠪᠡᠨ ᠬᠢᠴᠢᠶᠠᠵᠤ᠂ ᠬᠦᠮᠤᠨᠢ ᠮᠠᠭᠤ ᠪᠡᠷ ᠬᠡᠯᠡᠵᠤ ᠪᠤᠳᠤᠬᠤ ᠨᠢ ᠵᠤᠬᠢᠰ ᠦᠬᠡᠢ ᠶᠤᠮ᠃ ᠵᠠᠷᠢᠮ ᠦᠶᠠᠰ ᠬᠡᠨ ᠨᠢᠭᠡᠨᠤ ᠶᠠᠷᠢᠵᠤ ᠬᠡᠯᠡᠬᠥᠶᠢ ᠰᠤᠨᠤᠰᠬᠤᠳᠤ ᠠᠭᠤᠷ ᠪᠤᠴᠠᠯᠵᠣ ᠡᠭᠲᠡᠬᠥᠤ ᠴᠤ᠌ ᠬᠦᠷᠤᠮᠡᠷ᠂ ᠡᠭᠡᠭᠡ ᠯᠠ ᠪᠦᠬᠡᠪᠡᠷᠢᠶᠡᠨ ᠪᠦᠮᠪᠤᠷᠴᠡᠭ ᠲᠡᠯᠡᠬᠡᠢᠶᠢᠨ ᠶᠠᠭᠤ ᠪᠦᠬᠥᠨ ᠢ᠋ ᠡᠵᠡᠮᠲᠡᠬᠥ᠌ ᠰᠢᠤᠬᠡᠨ ᠤᠮᠤᠭᠯᠠᠨᠠ᠃ ᠶᠠᠷᠢᠶᠡᠨ ᠦᠭᠡᠢ ᠪᠦᠬᠡ ᠪᠤᠯ ᠮᠤᠩᠭᠤᠯ ᠦᠨᠲᠤᠰᠤᠲᠡᠨᠤ ᠡᠷᠲᠡ ᠲᠡᠭᠡᠲᠤ᠌ ᠡᠴᠠ ᠦᠪᠯᠡᠨ ᠤᠯᠠᠮᠵᠢᠯᠠᠭᠲᠡᠵᠣ ᠢᠷᠡᠭᠰᠡᠨ ᠡᠷᠡᠶᠢᠨ ᠭᠤᠷᠪᠠᠨ ᠨᠠᠭᠠᠲᠤᠮᠤᠨ ᠨᠢᠬᠡ᠂ ᠤᠯᠠᠮᠵᠢᠯᠠᠯᠲᠣ ᠰᠤᠶᠤᠯ ᠬᠢᠬᠡᠳ ᠪᠠᠶᠠ ᠵᠢᠨ ᠲᠠᠮᠢᠷᠤᠨ ᠬᠦᠲᠡᠯᠭᠡᠭᠡᠨᠦ ᠴᠢᠬᠣᠯᠠ ᠨᠢᠭᠡᠨ ᠠᠭᠤᠯᠭᠠ ᠮᠦᠨ᠃ ᠢᠯᠠᠩᠭᠤᠶᠠ ᠪᠦᠬᠡ ᠵᠢᠨ ᠤᠷᠤᠯᠳᠤᠭᠠᠨ ᠨᠢ ᠦᠷᠬᠡᠨ ᠤᠯᠠᠨ ᠦᠵᠡᠭᠴᠢᠳᠤᠨ ᠪᠠᠬᠠᠷᠬᠠᠯᠢ ᠲᠠᠳᠠᠭᠰᠠᠠ ᠤᠷᠤᠯᠳᠤᠭᠠᠨ ᠪᠤᠯᠤᠭᠰᠠᠨ ᠤ ᠬᠤᠪᠢ ᠳ᠋ᠤ᠂ ᠪᠦᠬᠡᠳ᠋ᠠᠬᠡᠨ ᠬᠠᠶ᠋ᠢᠷᠠᠲᠠᠢ ᠪᠢᠳᠠ ᠬᠦᠨᠲᠤᠳᠭᠡᠯ ᠲᠠᠢ ᠬᠠᠨᠲᠤᠬᠤ ᠡᠬᠥᠲᠡᠨ ᠡᠴᠠ ᠶᠠᠮᠠᠷ ᠨᠢᠭᠡᠨ ᠵᠤᠬᠢᠰ ᠦᠭᠡᠢ ᠤᠴᠢᠷ ᠭᠠᠷᠤᠭᠰᠠᠨ ᠪᠤᠯ ᠬᠡᠯᠡᠵᠤ ᠰᠠᠨᠠᠭᠤᠯᠬᠤ ᠨᠢ ᠵᠤᠢᠳᠡᠢ ᠶᠤᠮ᠃ ᠭᠡᠬᠥ᠌ ᠳ᠋ᠡᠬᠡᠨ ᠶᠠᠮᠠᠷᠪᠠ ᠤᠴᠢᠷ ᠶᠠᠪᠤᠳᠠᠯ ᠬᠢᠷᠢ ᠬᠡᠮ ᠵᠢᠡᠨ ᠠᠯᠳᠠᠵᠤ᠂ ᠬᠡᠮᠵᠢᠶᠡ ᠲᠤᠮᠵᠢᠶᠠ ᠦᠭᠡᠢ ᠪᠣᠯᠬᠤᠳᠤ ᠬᠦᠷᠪᠡᠯ ᠪᠤᠴᠠᠭᠠᠳ 《ᠰᠠᠶ᠋ᠢᠨᠨᠢ ᠮᠠᠭᠤ ᠪᠤᠯᠵᠣ᠂ ᠰᠠᠶ᠋ᠢᠬᠠᠨᠢᠶᠠᠨ ᠮᠠᠭᠤᠬᠠᠢ ᠪᠤᠯᠭᠠᠬᠣ》 ᠤᠴᠢᠷ ᠭᠠᠷᠬᠤ ᠠᠶᠤᠯᠲᠠᠢ ᠪᠠᠶ᠋ᠢᠳᠠᠭ᠃ ᠨᠡᠩ ᠴᠤ᠌ ᠰᠤᠷᠠᠭ ᠵᠠᠩᠭᠢ ᠶ᠋ᠢᠨ ᠨᠡᠢᠬᠡᠮ ᠳ᠋ᠦ᠍ ᠬᠡᠨ ᠴᠤ᠌ ᠪᠣᠯᠤᠭ ᠤᠯᠠᠨ ᠨᠠᠶ᠋ᠢᠲᠡᠶᠢᠨ ᠲᠠᠪᠴᠠᠩᠳᠤ ᠶᠠᠷᠢᠵᠤ ᠬᠡᠯᠡᠭᠰᠡᠡ ᠦᠬᠡᠨᠳ᠋ᠡᠬᠡᠨ ᠬᠠᠷᠢᠭᠤᠴᠠᠵᠤ᠂ ᠨᠡᠶ᠋ᠢᠭᠡᠮᠦᠨ ᠨᠦᠯᠤᠭᠡ ᠲᠤᠰᠬᠠᠯᠢ ᠰᠠᠶ᠋ᠢᠲᠤᠷ ᠠᠩᠬᠠᠷᠬᠤ ᠴᠢᠬᠤᠯᠠᠲᠠᠢ᠃ 《ᠬᠠᠮᠠᠷᠤᠨ ᠲᠤᠣᠷᠠ ᠠᠮᠠ ᠪᠠᠶ᠋ᠢᠨᠠ》 ᠭᠡᠰᠡᠨ ᠰᠢᠭ ᠦᠬᠡ ᠵᠢ ᠬᠠᠮᠢᠶᠠ ᠨᠠᠮᠢᠶᠠ ᠦᠭᠡᠢ ᠶᠠᠷᠢᠵᠤ ᠪᠤᠯᠬᠤ ᠦᠬᠡᠢ᠂ ᠬᠠᠷᠢᠨ ᠦᠬᠡ ᠵᠢ ᠰᠡᠳᠬᠢᠯ ᠳ᠋ᠡᠬᠡᠨ ᠳᠤᠩᠭᠠᠵᠤ ᠪᠠᠢᠭᠠᠳ ᠶᠠᠷᠢᠪᠡᠯ ᠵᠤᠬᠢᠯᠳᠠᠢ᠃
ᠪᠢᠳᠡ 《ᠤᠭᠤᠲᠤᠨᠠᠶᠢᠨ ᠤᠷᠰᠢᠭ ᠤᠯᠠᠨᠳ᠋ᠠᠭᠠᠨ》᠂ 《ᠬᠤᠩᠰᠢᠶᠠᠷ ᠤᠷᠲᠤ᠌ ᠪᠡᠶᠡ ᠤᠷᠢᠶᠠᠨᠠ᠂ ᠬᠤᠷᠮᠣᠢ ᠤᠷᠲᠤ᠌ ᠬᠥᠯ ᠤᠷᠢᠶᠠᠨᠠ》᠂ 《ᠦᠪᠡᠷᠦᠨ ᠮᠠᠭᠤᠳ᠋ᠠᠭᠠᠨ ᠦᠷᠤᠭᠡᠯᠤᠨ ᠠᠮᠠᠨᠳᠤ ᠤᠷᠤᠨᠠ》 ᠭᠡᠲᠡᠭᠬᠤᠯᠪᠤᠭᠠ ᠬᠤᠷᠰᠢᠶᠠ᠂ ᠵᠤᠶ᠋ᠢᠷ ᠰᠡᠴᠡᠨ ᠦᠭᠡᠨᠦᠪᠡᠨ ᠤᠴᠢᠷ ᠤᠳᠬᠠᠶᠢ ᠮᠠᠷᠲᠠᠭᠠ ᠦᠭᠡᠢ ᠪᠢᠵᠡ⁈ ᠦᠯᠢᠳᠬᠡᠵᠤ ᠬᠡᠯᠡᠬᠥᠳᠦ ᠶᠠᠭ ᠯᠠ ᠲᠠᠯᠠ ᠲᠡᠭᠡᠷᠡ ᠬᠠᠶᠠᠭᠲᠠᠭᠰᠠᠨ ᠲᠠᠪᠤ ᠠᠷᠪᠠᠨ ᠮᠦᠬᠥᠯᠢᠭ ᠪᠤᠳᠠᠭᠠ ᠰᠢᠭ᠋ ᠶᠠᠯᠢᠮ ᠦᠭᠡᠢ ᠴᠦᠭᠡᠨ ᠭᠡᠲᠡᠭᠢᠶᠡᠨ ᠮᠡᠲᠡᠲᠡᠭ ᠴᠤ᠌ ᠪᠤᠯᠪᠠᠤ? ᠲᠡᠭᠡᠭᠡᠳ ᠪᠠᠰᠠ ᠵᠡᠬᠥᠨ ᠪᠠᠷᠠᠭᠤᠨ ᠭᠡᠳ ᠨᠤᠲᠤᠭ ᠵᠠᠭᠠᠭ ᠢᠯᠭᠠᠨ ᠵᠢᠷᠤᠭᠡ ᠰᠡᠳᠬᠢᠯ ᠦᠭᠡᠢ ᠠᠭᠠᠰᠢᠯᠠᠬᠤ ᠨᠢ ᠦᠨᠡᠨ ᠭᠡᠴᠡᠬᠥᠤ ᠪᠣᠯᠵᠠᠢ᠃
ᠢ᠌ᠢᠮᠤᠡᠴᠨ ᠪᠢᠳᠡ ᠬᠤᠯᠠ ᠵᠢᠨ ᠬᠠᠷᠠᠴᠠ ᠲᠠᠢ᠂ ᠬᠤᠯᠠ ᠵᠢᠨ ᠪᠤᠳᠤᠯᠭᠠ ᠲᠠᠢ᠂ ᠪᠤᠰᠤᠳᠤᠨ ᠵᠦᠪᠯᠡᠯᠬᠡ ᠵᠢ ᠰᠤᠨᠤᠰᠴᠤ᠂ ᠬᠡᠯᠡ ᠠᠮᠠ ᠪᠡᠨ ᠬᠢᠴᠢᠶᠠᠠ᠂ ᠵᠦᠪ ᠪᠤᠳᠤᠯᠭᠠ᠂ ᠰᠠᠢᠨ ᠤᠬᠠᠭᠠᠨᠢ ᠨᠢ ᠰᠤᠷᠴᠤ᠂ ᠦᠵᠡᠯ ᠤᠬᠠᠮᠰᠠᠷ ᠵᠢᠠᠨ ᠲᠡᠬᠡᠭᠰᠢᠯᠡᠬᠦᠯᠵᠤ᠂ ᠦᠪᠡᠷᠢᠪᠡᠨ ᠲᠡᠬᠥᠯᠲᠡᠷᠵᠢᠬᠥᠯᠤᠨ᠂ ᠵᠦᠪ ᠬᠠᠷᠠᠭᠠᠰᠤᠡᠴᠨ ᠠᠰᠠᠭᠤᠳᠠᠯᠢ ᠵᠠᠳᠠᠯᠤᠨ ᠰᠢᠨᠵᠢᠯᠡᠵᠤ᠂ ᠤᠴᠢᠷ ᠶᠤᠰᠤ ᠶ᠋ᠢ ᠨᠢ ᠤᠬᠠᠭᠠᠷᠠᠨ ᠮᠡᠲᠡᠷᠡᠵᠤ᠂ ᠦᠷᠢᠰᠤᠯᠲᠤᠭᠡᠨ ᠶᠠᠬᠡᠲᠠᠢ ᠨᠡᠶ᠋ᠢᠭᠡᠮ ᠳ᠋ᠤ ᠴᠠᠭᠢ ᠴᠢᠳᠠᠮᠠᠭᠠᠢ ᠠᠰᠢᠭᠯᠠᠵᠤ ᠤᠴᠢᠷ ᠶᠠᠪᠤᠳᠠᠯᠢ ᠵᠦᠪ ᠰᠢᠢᠳᠪᠤᠷᠢᠯᠡᠬᠦ ᠬᠢᠭᠡᠳ ᠦᠪᠡᠷᠦᠨ ᠵᠢᠠᠨ ᠦᠵᠡᠯ ᠪᠤᠲᠤᠯ ᠲᠠᠢ ᠪᠠᠶ᠋ᠢᠪᠠᠯ ᠵᠤᠬᠢᠨᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃