2026-09-11 11:38:28
ᠵᠢᠯ ᠪᠤᠯᠭᠠᠨᠤ 9 ᠰᠠᠷ᠎ᠠ ᠵᠢᠨ 10ᠤ᠋ ᠡᠳᠤᠷ ᠪᠤᠯ ᠪᠠᠭᠰᠢ ᠨᠠᠷᠤᠨ ᠬᠠᠮᠤᠭᠤᠨ ᠪᠠᠶᠠᠷᠳᠠᠢ ᠡᠳᠤᠷ ᠪᠤᠯᠤᠨ᠎ᠠ᠃ ᠰᠤᠷᠤᠭᠴᠢᠳᠤᠨ ᠵᠢᠠᠨ ᠵᠦᠩᠨᠡᠯ ᠪᠡᠯᠬᠡᠳᠡᠯ᠂ ᠬᠤᠸᠠᠷ ᠴᠡᠴᠡᠭ᠂ ᠨᠤᠮ ᠰᠤᠳᠤᠷᠤᠨ ᠪᠡᠯᠡᠭᠢ ᠳᠤᠰᠴᠤ᠂ ᠰᠡᠳᠬᠢᠯᠤᠨ ᠬᠦᠨ ᠡᠴᠨ ᠪᠡᠨ ᠡᠨᠡ ᠬᠦ᠌ ᠴᠠᠭ ᠮᠦᠴᠠ ᠪᠡᠨ ᠨᠡᠨᠳᠢᠩᠨᠠᠳᠠᠭ᠃ ᠡᠨᠡ ᠡᠳᠤᠷ ᠪᠢ ᠴᠤ᠌ ᠦᠪᠡᠷᠤᠨ ᠡᠷᠬᠡ ᠦᠬᠡᠢ ᠬᠠᠢᠷᠠᠳᠤ ᠪᠠᠭᠰᠢ ᠪᠡᠨ ᠰᠠᠨᠠᠵᠤ ᠶᠠᠪᠤᠯ᠎ᠠ᠃ ᠲᠡᠯᠡᠬᠡᠢ ᠶᠢᠷᠳᠢᠨᠴᠤᠳᠤ ᠠᠪᠤ ᠡᠵᠢ ᠵᠢᠨ ᠬᠠᠢᠷ᠎ᠠ᠂ ᠠᠬ᠎ᠠ ᠲᠡᠬᠦᠤ ᠵᠢᠨ ᠬᠠᠢᠷ᠎ᠠ᠂ ᠨᠠᠢᠵᠠ ᠨᠦᠬᠦᠳᠤᠨ ᠬᠠᠢᠷ᠎ᠠ᠂ ᠪᠠᠭᠰᠢ ᠰᠤᠷᠤᠭᠴᠢ ᠵᠢᠨ ᠬᠠᠢᠷ᠎ᠠ ᠬᠡᠬᠦ ᠮᠡᠳᠤ ᠵᠢᠨ ᠤᠯᠠᠨ ᠤᠯᠠᠨ ᠬᠠᠢᠷ᠎ᠠ ᠪᠠᠭᠳᠠᠵᠤ ᠪᠠᠢᠳᠠᠭ᠃ ᠬᠡᠪᠡᠴᠤ ᠰᠡᠳᠬᠢᠯᠳᠤ ᠬᠤᠨᠤᠭᠰᠢᠬᠰᠠᠠ ᠪᠠᠭ᠎ᠠ ᠨᠠᠰᠤ ᠪᠡᠨ ᠳᠤᠷᠠᠰᠬᠤᠳᠤ ᠨᠠᠳᠠᠳᠤ ᠬᠠᠮᠤᠭᠤᠨ ᠮᠠᠷᠳᠠᠭᠳᠠᠰᠢ ᠦᠬᠡᠢ ᠨᠢ ᠪᠠᠭᠰᠢ ᠰᠤᠷᠤᠭᠴᠢ ᠵᠢᠨ ᠬᠠᠢᠷ᠎ᠠ ᠪᠤᠯᠤᠨ᠎ᠠ᠃
《ᠰᠤᠷᠭᠠᠨ ᠬᠦᠮᠤᠵᠢᠯᠤᠨ ᠨᠢᠬᠡ ᠬᠡᠰᠡᠭ ᠨᠢ ᠪᠠᠭᠰᠢ ᠪᠤᠯᠤᠭᠰᠠᠳ ᠪᠢᠳᠠ ᠦᠪᠡᠷᠢ ᠪᠡᠨ ᠬᠦᠮᠤᠵᠢᠬᠦᠯᠤᠨ᠎ᠠ᠂ ᠪᠠᠰᠠ ᠨᠢᠬᠡ ᠬᠡᠰᠡᠭ ᠨᠢ ᠬᠡᠤᠬᠡᠳ ᠲᠤ᠌ ᠪᠠᠷ᠎ᠠ ᠪᠤᠯᠤᠨ᠎ᠠ》 ᠬᠡᠵᠤ ᠺᠦᠨᠮᠢᠩ ᠬᠤᠳᠠ ᠵᠢᠨ ᠨᠢᠬᠡᠨ ᠰᠤᠷᠭᠠᠭᠤᠯᠢ ᠵᠢᠨ ᠵᠠᠬᠢᠷᠤᠯᠤᠨ ᠪᠢᠴᠢᠬᠡᠰᠤ ᠵᠢ ᠰᠡᠳᠬᠦᠯ ᠡᠴᠨ ᠤᠯᠵᠤ ᠬᠠᠷᠠᠪᠠ᠃ ᠪᠢᠳᠠᠨᠤ ᠦᠰᠤᠨ ᠪᠦᠢᠵᠢᠯᠳᠠ ᠵᠢᠨ ᠵᠠᠮᠳᠤ ᠪᠠᠭᠰᠢ ᠪᠢᠳᠠᠨᠳᠤ ᠠᠮᠢᠳᠤᠷᠠᠯ ᠰᠤᠷᠤᠯᠭ᠎ᠠ ᠵᠢᠨ ᠴᠢᠭᠯᠡᠯᠢ ᠳᠤᠳᠤᠷᠬᠠᠢ ᠵᠢᠭᠠᠨ ᠦᠭᠴᠤ᠂ ᠪᠢᠳᠠᠨᠳᠤ ᠬᠦᠮᠤᠨ ᠪᠤᠯᠬᠤ ᠶᠤᠰᠤ ᠤᠴᠢᠷᠢ ᠵᠢᠭᠠᠵᠤ ᠦᠭᠳᠡᠭ᠃ ᠲᠡᠬᠡᠷ᠎ᠠ ᠵᠠᠭᠤᠨᠤ ᠶᠡᠷᠡᠬᠡᠳ ᠤᠨᠳᠤ ᠭᠠᠷ ᠤᠳᠠᠰᠤ ᠦᠬᠡᠢ᠂ ᠺᠤᠮᠫᠢᠦ᠋ᠲᠸᠷ ᠦᠬᠡᠢ ᠴᠠᠭ ᠦᠶᠠᠳᠤ ᠪᠢᠳᠠᠨᠤ ᠬᠠᠮᠤᠭᠤᠨ ᠨᠠᠭᠠᠳᠬᠤ ᠳᠤᠷᠠᠳᠠᠢ ᠨᠠᠭᠠᠳᠤᠮ ᠪᠤᠯ ᠲᠡᠪᠡᠭ ᠨᠠᠭᠠᠳᠬᠤ ᠨᠠᠭᠠᠳᠤᠮ ᠪᠤᠯᠤᠨ᠎ᠠ᠃ ᠨᠢᠬᠡ ᠴᠡᠭ ᠡᠴᠨ ᠠᠷᠪᠡᠨ ᠳᠤᠭᠤᠷᠢᠬ ᠵᠢᠷᠤᠴᠢᠬᠠᠭᠠᠳ ᠨᠢᠬᠡ ᠪᠦᠯᠦᠭ ᠬᠡᠤᠬᠡᠳ ᠳᠤᠳᠤᠷ᠎ᠠ ᠨᠢ ᠡᠷᠬᠢᠯᠳᠤᠬᠡᠳ ᠬᠦᠶᠤᠨᠠ᠂ ᠬᠡᠳᠡᠯ᠎ᠠ ᠡᠷᠬᠢᠯᠳᠤᠵᠤ ᠬᠦᠶᠤᠬᠦ ᠳ᠋ᠤ ᠨᠦᠬᠦᠬᠡ ᠪᠦᠯᠦᠭ ᠨᠢ ᠲᠦᠪᠡᠭ ᠵᠢᠡᠷ ᠴᠤᠬᠢᠨ᠎ᠠ᠂ ᠬᠡᠷᠪᠡ ᠪᠡᠶ᠎ᠠ ᠲᠡᠬᠡᠷ᠎ᠠ ᠨᠢ ᠤᠨᠤᠭᠰᠠᠠ ᠪᠤᠯ ᠳᠤᠭᠤᠷᠢᠭ ᠡᠴᠨ ᠪᠡᠨ ᠭᠠᠷᠤᠨ᠎ᠠ᠂ ᠬᠠᠮᠤᠭᠤᠨ ᠰᠡᠬᠦᠯᠳᠤᠨᠢ ᠬᠡᠨ ᠲᠠᠷᠠ ᠴᠡᠭ ᠲᠤᠨᠢ ᠬᠦᠷᠴᠤ ᠴᠢᠳᠠᠪᠡᠯ ᠬᠡᠨ ᠬᠤᠨᠵᠢᠨ᠎ᠠ᠃ ᠨᠢᠬᠡ ᠤᠳᠠᠭ᠎ᠠ ᠮᠠᠨᠤ ᠠᠩᠬᠢ ᠵᠢᠨ ᠡᠷᠬᠢᠯᠡᠭᠴᠢ ᠠ᠊ ᠪᠠᠭᠰᠢ ᠪᠢᠳᠠᠨ ᠲᠠᠢ ᠴᠤᠬ ᠨᠠᠭᠠᠳᠴᠤ ᠪᠠᠢᠭᠰᠠᠠ ᠴᠢᠨᠢ ᠨᠢᠬᠡ ᠨᠢ ᠲᠡᠪᠡᠭ ᠵᠢᠡᠷ ᠰᠠᠨᠠᠭᠠᠨᠳᠤ ᠦᠬᠡᠢ ᠪᠠᠭᠰᠢ ᠵᠢᠨ ᠨᠢᠳᠤᠨ ᠲᠡᠬᠡᠷ᠎ᠠ ᠨᠢ ᠴᠤᠬᠢᠴᠢᠬᠠᠵᠠᠢ᠃ ᠲᠠᠷᠠ ᠦᠶᠠᠳᠤ ᠪᠢᠳᠠᠨᠤ ᠲᠠᠷᠠ ᠰᠠᠨᠳᠤᠷᠤᠭᠰᠠᠠ ᠬᠡᠳᠡᠭ ᠨᠢ ᠶᠠᠭᠠᠬᠢᠵᠤ ᠢᠢᠬᠦ ᠪᠡᠨ ᠤᠯᠵᠤ ᠶᠠᠳᠠᠨ᠎ᠠ᠂ ᠵᠠᠷᠢᠮ ᠨᠢ ᠪᠤᠰᠢᠭᠤᠬᠠᠨ ᠬᠠᠵᠠᠭᠤᠳᠤᠨᠢ ᠬᠦᠷᠴᠤ ᠪᠠᠢᠨ᠎ᠠ᠂ ᠴᠤᠬᠢᠬᠰᠠᠠ ᠨᠢᠬᠡ ᠨᠢ ᠠᠶᠤᠭᠠᠳ ᠤᠬᠢᠯᠠᠵᠤ ᠪᠠᠢᠨ᠎ᠠ᠂ ᠪᠠᠰᠠ ᠵᠠᠷᠢᠮ ᠨᠢ ᠪᠠᠭᠰᠢ ᠲᠠᠭᠤᠳᠠᠬᠤ ᠪᠡᠷ ᠶᠠᠪᠤᠭᠰᠠᠠ ᠪᠠᠢᠪᠠ᠃ ᠬᠡᠪᠡᠴᠤ ᠪᠠᠭᠰᠢ ᠵᠢᠨ ᠨᠢᠳᠤ ᠬᠠᠷ᠎ᠠ ᠬᠦᠬᠡ ᠪᠤᠯᠤᠨ ᠬᠠᠪᠤᠳᠴᠢᠬᠠᠭᠰᠠᠠ ᠪᠠᠢᠬᠤᠳᠤ ᠪᠢᠳᠠᠨᠳᠤ ᠬᠠᠮᠢᠶ᠎ᠠ ᠦᠬᠡᠢ᠂ ᠴᠤᠬᠢᠬᠳᠠᠬᠤ ᠨᠢ ᠡᠩᠤᠨ ᠤᠴᠢᠷ᠂ ᠲᠠᠳᠠᠨᠤᠰ ᠪᠠᠰᠠ ᠴᠤᠬᠢᠬᠳᠠᠪᠠᠯ ᠪᠤᠤ ᠪᠠᠴᠢᠮᠳᠠ᠂ ᠨᠠᠮ᠎ᠠ ᠵᠢ ᠴᠤᠬᠢᠬᠰᠠᠠ ᠬᠦᠤ ᠪᠤᠤ ᠤᠬᠢᠯᠠ᠂ ᠶᠠᠮᠠᠷ ᠳᠤᠰᠬᠠᠢᠯᠠᠨ ᠨᠢᠭᠤᠷ ᠨᠢᠳᠤ ᠤᠷᠤᠭᠤ ᠴᠤᠬᠢᠵᠤ ᠪᠠᠢᠬᠤ ᠪᠢᠰᠢ᠂ ᠬᠠᠷᠢᠨ ᠰᠠᠨᠠᠮᠰᠠᠷ ᠦᠬᠡᠢ ᠪᠡᠷ ᠴᠤᠬᠢᠬᠰᠠᠠ ᠲᠠᠳᠤᠢ᠃ ᠨᠠᠭᠠᠳᠤᠮᠳᠤ ᠪᠤᠤ ᠠᠭᠤᠷᠯᠠ᠂ ᠪᠤᠤ ᠤᠬᠢᠯᠠ᠂ ᠪᠤᠤ ᠢᠯᠡᠬᠦᠤ ᠳᠤᠳᠠᠭᠤ ᠶᠠᠭᠤᠮ᠎ᠠ ᠪᠤᠳᠤ ᠬᠡᠳ ᠪᠢᠳᠠᠨᠳᠤ ᠠᠮᠢᠳᠤᠷᠠᠯᠤᠨ ᠶᠤᠰᠤ ᠤᠴᠢᠷᠢ ᠵᠢᠭᠠᠬᠤ ᠵᠢᠨ ᠬᠠᠮᠳᠤ ᠵᠠᠯᠭᠠᠵᠤ ᠨᠠᠭᠠᠳᠤᠶ᠎ᠠ ᠬᠡᠳ ᠶᠠᠷᠢᠵᠤ ᠪᠠᠢᠬᠰᠠᠠᠢ ᠪᠢ ᠤᠳᠤ ᠪᠤᠯᠳᠠᠯ᠎ᠠ ᠴᠡᠬᠡᠵᠢᠯᠡᠭᠰᠡᠬᠡᠷ᠃ ᠤᠳᠤ ᠪᠤᠳᠤᠵᠤ ᠦᠵᠡᠬᠦᠳᠤ ᠪᠠᠭᠰᠢᠴᠤ ᠰᠤᠷᠤᠭᠴᠢ ᠪᠡᠨ ᠬᠡᠤᠬᠡᠳ ᠲᠠᠢ ᠪᠡᠨ ᠠᠳᠠᠯᠢ ᠪᠡᠷ ᠦᠵᠡᠵᠤ᠂ ᠬᠠᠮᠳᠤ ᠳᠤᠭᠯᠠᠵᠤ ᠬᠠᠮᠳᠤ ᠰᠤᠷᠤᠯᠴᠠᠵᠤ᠂ ᠰᠡᠳᠬᠢᠯᠢ ᠨᠢ ᠳᠤᠯᠠᠭᠠᠴᠠᠭᠤᠯᠵᠤ᠂ ᠦᠷᠤᠬᠡᠯᠤᠨ ᠬᠡᠤᠬᠡᠳᠤᠨ ᠲᠦᠯᠦᠬᠡ ᠪᠦᠬᠦ ᠬᠠᠢᠷ᠎ᠠ ᠪᠡᠠ ᠬᠠᠷᠠᠮ ᠦᠬᠡᠢ ᠵᠤᠷᠢᠭᠤᠯᠳᠠᠭ ᠪᠠᠢᠵᠠᠢ᠃
ᠬᠡᠷᠪᠡ ᠪᠢᠳᠠ ᠲᠡᠯᠡᠢ ᠲᠡᠬᠡᠷᠡᠬᠢ ᠨᠢᠬᠡᠨ ᠲᠠᠷᠪᠠᠭᠤᠯᠳᠤ ᠤᠩᠭᠤᠴᠠ ᠪᠠᠢᠬᠰᠠᠠ ᠪᠤᠯ ᠪᠠᠭᠰᠢ ᠪᠤᠯ ᠲᠠᠷᠤᠢ ᠴᠢᠭᠯᠡᠯᠢ ᠵᠢᠭᠠᠭᠴᠢ ᠴᠠᠮᠬᠠᠬ ᠨᠢ ᠪᠤᠯᠤᠨ᠎ᠠ᠂ ᠪᠢᠳᠠᠨᠢ ᠲᠠᠢᠴᠢᠯᠠᠨ ᠲᠠᠭᠠᠭᠤᠯᠵᠤ ᠵᠦᠪ ᠴᠢᠭᠯᠡᠯ ᠵᠦᠭ ᠤᠷᠤᠭᠰᠢᠯᠠᠭᠤᠯᠤᠨ᠎ᠠ᠂ ᠬᠡᠷᠪᠡ ᠪᠢᠳᠠ ᠨᠢᠯᠬ᠎ᠠ ᠮᠤᠳᠤ ᠪᠠᠢᠬᠰᠠᠠ ᠪᠤᠯ ᠪᠠᠭᠰᠢ ᠪᠤᠯ ᠲᠠᠷᠤᠢ ᠲᠠᠷᠠ ᠠᠷᠠᠴᠢᠯᠠᠭᠴᠢ ᠨᠢ ᠪᠤᠯᠤᠨ᠎ᠠ᠂ ᠪᠢᠳᠠᠨᠢ ᠦᠰᠬᠡᠨ ᠬᠦᠮᠤᠵᠢᠬᠦᠯᠵᠤ ᠮᠡᠳᠡᠯᠬᠡ ᠵᠢᠨ ᠤᠷᠬᠢᠯ ᠵᠦᠭ ᠲᠡᠮᠡᠤᠯᠤᠬᠦᠯᠤᠨᠠ᠃ ᠡᠨᠡ ᠵᠢᠯᠤᠨ 9 ᠰᠠᠷ᠎ᠠ ᠵᠢᠨ 10 ᠪᠤᠯ ᠲᠦᠴᠢᠨ ᠬᠤᠶᠠᠳᠡᠬᠢ ᠪᠠᠭᠰᠢ ᠵᠢᠨ ᠪᠠᠶᠠᠷ ᠪᠤᠯᠤᠨ᠎ᠠ᠂ ᠡᠨᠡ ᠲᠠᠰᠢᠷᠠᠮ ᠵᠢᠡᠷ ᠪᠠᠭᠰᠢ ᠨᠠᠷ ᠲᠠᠭᠠᠨ ᠲᠠᠯᠠᠷᠬᠠᠯ ᠬᠦᠨᠳᠤᠳᠬᠡᠯ ᠵᠢᠠᠨ ᠲᠠᠪᠰᠢᠬᠦᠯᠬᠦ ᠵᠢᠨ ᠬᠠᠮᠳᠤ ᠪᠠᠭ᠎ᠠ ᠨᠠᠰᠤᠨᠤ ᠮᠢᠨᠢ ᠦᠯᠢᠬᠡᠷ ᠤᠴᠠᠷᠠᠯ ᠵᠢᠠᠨ ᠡᠷᠬᠢᠴᠡᠬᠦᠯᠵᠤ ᠪᠠᠢᠭ᠎ᠠ ᠮᠢᠨᠢ ᠡᠨᠡ᠃
ᠪᠠᠭᠰᠢ ᠪᠤᠯ ᠡᠬᠡ ᠤᠯᠤᠰᠤᠨ ᠵᠢᠭᠠᠨ ᠰᠤᠷᠭᠠᠯᠳᠠ ᠵᠢᠨ ᠬᠦᠨᠳᠤ ᠡᠬᠦᠷᠬᠡ ᠵᠢ ᠡᠬᠦᠷᠬᠡᠯᠡᠵᠤ᠂ ᠪᠢᠳᠠᠨᠳᠤ ᠰᠤᠶᠤᠯ ᠰᠤᠷᠳᠠᠯᠢ ᠤᠯᠠᠮᠵᠢᠯᠠᠵᠤ᠂ ᠡᠷᠳᠡᠮ ᠨᠤᠮ ᠵᠢᠭᠠᠵᠤ᠂ ᠬᠦᠴᠢᠷ ᠠᠰᠠᠭᠤᠳᠠᠯᠢ ᠰᠢᠢᠳᠪᠤᠷᠢᠯᠡᠠ᠂ ᠲᠦᠬᠡᠷᠢᠭᠳᠡᠯᠢ ᠲᠠᠢᠯᠵᠤ ᠦᠭᠳᠡᠭ᠃ ᠮᠢᠨᠤ ᠰᠠᠭᠤᠭᠳᠠᠯᠳᠤ ᠠ᠊ ᠪᠠᠭᠰᠢ ᠪᠤᠯ ᠳᠤᠢᠯᠤᠨ ᠴᠢᠩᠭ᠎ᠠ᠂ ᠦᠬᠡ ᠴᠦᠬᠡᠨᠳᠡᠢ ᠪᠠᠬᠰᠢ ᠪᠠᠢᠵᠠᠢ᠂ ᠬᠡᠪᠡᠴᠤ ᠪᠠᠭᠰᠢ ᠮᠠᠨᠢ ᠵᠠᠷᠢᠮ ᠦᠶᠠᠰ ᠲᠤ᠌ ᠪᠠᠰᠠ ᠠᠪᠤ ᠡᠵᠢ ᠰᠢᠭ ᠪᠢᠳᠠᠨᠢ ᠬᠠᠢᠷᠠᠯᠠᠨ ᠬᠠᠷᠠᠭᠠᠯᠵᠠᠵᠤ᠂ ᠨᠠᠢᠵᠠ ᠨᠦᠬᠦᠳ ᠰᠢᠭ ᠨᠠᠭᠠᠳᠤᠮ ᠬᠢᠨ᠎ᠠ᠂ ᠪᠤᠳᠤᠯ ᠰᠠᠨᠠᠯ ᠵᠢᠠᠨ ᠰᠤᠯᠢᠯᠴᠠᠠ᠂ ᠰᠡᠳᠬᠢᠯᠤᠨ ᠦᠬᠡ ᠪᠡᠨ ᠶᠠᠷᠢᠨ᠎ᠠ᠃ ᠤᠨ ᠵᠢᠯ ᠤᠷᠴᠢᠵᠤ ᠪᠠᠭ᠎ᠠ ᠰᠤᠷᠭᠠᠭᠤᠯᠢ ᠲᠡᠬᠦᠰᠤᠬᠡᠳ ᠬᠡᠳᠤᠨ ᠠᠷᠪᠠᠨ ᠵᠢᠯ ᠪᠤᠯᠤᠭᠰᠠᠠ ᠴᠤ᠌ ᠪᠠᠬᠰᠢ ᠵᠢᠨ ᠮᠢᠨᠢ ᠦᠬᠡ ᠶᠠᠷᠢᠶ᠎ᠠ᠂ ᠤᠢᠯᠠ ᠬᠦᠳᠡᠯᠤᠯ᠂ ᠲᠦᠷᠢ ᠲᠦᠷᠬᠦ ᠪᠢᠳᠠᠨᠤ ᠰᠡᠳᠬᠢᠯ ᠵᠢᠷᠤᠬᠡᠨᠳᠤ ᠦᠨᠢᠳᠠ ᠵᠢᠨ ᠮᠠᠷᠳᠠᠭᠳᠠᠰᠢ ᠦᠬᠡᠢ ᠮᠦᠷᠳᠡᠬᠡᠨ ᠮᠦᠩᠬᠡ ᠵᠢᠨ ᠳᠤᠷᠠᠳᠬᠠᠯ ᠨᠠᠨᠳᠢᠨ ᠳᠤᠷᠠᠰᠤᠮᠵᠢ ᠪᠤᠯᠤᠨ ᠦᠯᠡᠳᠡᠭᠰᠡᠡ ᠪᠢᠯᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃