ᠲᠡᠷᠢᠭᠦᠨ ᠨᠢᠭᠤᠷ>ᠠᠮᠢᠳᠤᠷᠠᠯ ᠥᠷᠲᠡᠭᠡ>ᠶᠢᠰᠦᠨ ᠥᠩᠭᠡ

2026-09-18 10:49:25

ᠵᠣᠬᠢᠶᠠᠭ᠍ᠴᠢ᠄ ᠤᠷᠠᠨᠳᠣᠩᠭᠠᠯᠠᠭ ᠬᠡᠱᠢᠭ᠌ᠪᠡᠶᠠᠷ ᠤᠷᠢᠬᠠᠨ ᠴᠣᠪᠣᠭᠤ ᠣᠩᠱᠢᠭ᠍ᠰᠠᠨ ᠣᠳᠠᠭ᠎ᠠ᠄ 3

7 ᠰᠠᠷ᠎ᠠ᠎ᠶ᠋ᠢᠨ ᠱᠢᠯᠢ᠎ᠶ᠋ᠢᠨ ᠭᠤᠣᠯ᠎ᠳᠤ ᠪᠡᠶᠡᠷ ᠨᠠᠭᠠᠳᠤᠮ ᠦᠷᠭᠦᠯᠵᠢᠯᠡᠵᠦ᠍᠂ ᠠᠢᠷᠠᠭ᠎ᠤᠨ ᠠᠮᠲᠠ ᠠᠮᠳᠠᠯᠠᠭᠳᠠᠨ᠎ᠠ᠃ ᠦᠨᠡᠬᠡᠷ ᠯᠡ ᠤᠷᠲᠤ᠎ᠶ᠋ᠢᠨ ᠰᠡᠢᠬᠠᠠ ᠳᠠᠭᠤᠤ ᠱᠢᠭ᠋ ᠵᠠᠭᠤᠨ ᠪᠡᠷ᠎ᠡ ᠳᠤᠨᠢᠶᠠᠷᠳᠤᠭ᠍ᠰᠠᠨ ᠵᠤᠨ ᠎ᠤ ᠰᠡᠢᠬᠠᠠ ᠲᠠᠯ᠎ᠠ ᠎ᠶ᠋ᠢᠨ ᠭᠦᠨ᠎ᠳᠤ ᠲᠠᠪᠤᠨ ᠬᠤᠱᠢᠭᠤ ᠮᠠᠯ ᠪᠡᠯᠴᠢᠬᠦ᠌᠎ᠨᠢ ᠬᠢᠵᠠᠭᠠᠷ ᠦᠭᠡᠶ ᠠᠮᠦᠭᠤᠯᠡᠩ᠃ ᠣᠢᠷ᠎ᠠ ᠵᠢᠨ ᠵᠢᠯ᠎ᠤᠳ᠎ᠲᠤ ᠠᠶᠠᠯᠠᠯ ᠵᠢᠭᠤᠯᠴᠢᠯᠠᠯ ᠬᠥᠭ᠌ᠵᠢᠬᠦ᠌ ᠎ᠶ᠋ᠢ ᠳᠠᠭᠠᠯᠳᠤᠨ ᠡᠨᠡ ᠨᠤᠲᠤᠭ ᠎ᠤᠨ ᠵᠠᠷᠢᠮ ᠮᠠᠯᠴᠢᠳ ᠵᠢᠯ ᠪᠦᠷᠢ ᠎ᠶ᠋ᠢᠨ ᠵᠢᠷᠭᠤᠭ᠎ᠠ ᠳᠣᠯᠤᠭᠠᠨ ᠰᠠᠷ᠎ᠠ ᠎ᠠᠴᠠ ᠡᠬᠢᠯᠡᠨ ᠤᠬᠤᠷ ᠬᠤᠭᠤᠴᠠᠭᠠᠨ᠎ᠤ ᠠᠶᠠᠯᠠᠯ ᠵᠢᠭᠤᠯᠴᠢᠯᠠᠯ᠎ᠤᠨ ᠠᠵᠢᠯ᠎ᠳᠤ ᠶᠠᠭᠠᠷᠠᠵᠤ᠂ ᠡᠨᠡ ᠬᠦ᠌ ᠣᠷᠣᠯᠭ᠎ᠠ᠎ᠪᠠᠷ᠎ᠢᠶᠠᠨ ᠠᠵᠢᠯ ᠠᠮᠢᠳᠤᠷᠠᠯ᠎ᠳ᠋ᠠᠭᠠᠨ ᠨᠡᠮᠡᠷᠢ ᠪᠣᠯᠭᠠᠳᠠᠭ ᠪᠠᠢᠨ᠎ᠠ᠃

ᠱᠢᠯᠢ ᠎ᠶ᠋ᠢᠨ ᠭᠤᠣᠯ᠎ᠳᠤ ᠠᠶᠠᠯᠠᠯ ᠵᠢᠭᠤᠯᠴᠢᠯᠠᠯ᠎ᠤᠨ ᠭᠤᠣᠯ ᠥᠩᠭᠡ ᠲᠦᠷᠬᠦ᠌ ᠪᠣᠯ ᠮᠠᠯᠴᠢᠨ ᠠᠢᠯ᠂ ᠬᠥᠳᠡᠭᠡ ᠨᠤᠳᠤᠬ ᠶᠤᠮ᠃ ᠵᠢᠷ᠎ᠤᠨ ᠨᠢᠭᠡᠨ ᠮᠠᠯᠴᠢᠨ ᠠᠢᠯ᠎ᠤᠨ ᠡᠳᠦᠷ ᠲᠤᠲᠤᠮ᠎ᠤᠨ ᠠᠵᠤ ᠠᠮᠢᠳᠤᠷᠠᠯ᠎ᠨᠢ ᠠᠶᠠᠯᠠᠯ ᠵᠢᠭᠤᠯᠴᠢᠯᠠᠯ ᠎ᠤᠨ ᠰᠣᠨᠢᠷᠬᠠᠯᠲᠠᠢ ᠦᠵᠡᠮᠵᠢ ᠪᠣᠯᠳᠠᠭ ᠰᠠᠨ᠃ ᠲᠡᠭᠦᠨ᠎ᠤ ᠲᠤᠳᠦᠷᠡᠬᠢ ᠨᠢᠬᠡᠨ ᠵᠢᠱ᠌ᠢᠶ᠎ᠡ᠎ᠨᠢ ᠲᠠᠷᠤᠢ ᠱᠢᠯᠢᠩᠬᠤᠳᠠ᠎ᠶ᠋ᠢᠨ ᠪᠠᠷᠠᠭᠤᠨ ᠡᠮᠤᠨ᠎ᠠ 16 ᠺᠢᠯᠣᠮᠧᠲᠷ ᠎ᠤᠨ ᠵᠠᠢ ᠎ᠳᠤ ᠪᠠᠢᠷᠢᠯᠠᠵᠤ ᠪᠠᠢᠭ᠎ᠠ 《ᠳᠥᠯᠦ᠍》 ᠵᠣᠰᠠᠭᠠᠯ ᠪᠤᠯᠤᠨ᠎ᠠ᠃


QQ20260918-104442.png


ᠭᠠᠷ ᠤᠷᠠᠯᠠᠯ᠎ᠤᠨ ᠠᠵᠢᠯᠯᠠᠬᠤ ᠦᠷᠤᠬᠡ


ᠱᠢᠯᠢᠩᠬᠤᠳᠠ ᠎ᠶ᠋ᠢᠨ ᠪᠤᠯᠠᠭᠠᠨ ᠰᠤᠮᠤ ᠎ᠶ᠋ᠢᠨ ᠱᠢᠷᠠᠳᠠᠯ᠎ᠠ ᠭᠠᠴᠠᠭᠠᠨ ᠎ᠤ ᠮᠠᠯᠴᠢᠨ ᠰᠡᠴᠡᠩᠭᠤᠸ᠎ᠠ ᠦᠵᠡᠰᠭᠦᠯᠡᠩᠲᠦ ᠪᠠᠢᠭᠠᠯᠢ᠎ᠲᠠᠢ᠂ ᠬᠤᠲᠠ᠎ᠠᠴᠠ ᠣᠢᠷ᠎ᠠ᠂ ᠵᠡᠮ ᠬᠠᠷᠢᠯᠴᠠᠭᠠᠨ᠎ᠤ ᠨᠥᠬᠦᠴᠡᠯ ᠰᠠᠢᠨ ᠨᠤᠲᠤᠭ᠎ᠤᠨ᠎ᠢᠶᠠᠨ ᠳᠠᠪᠠᠭᠤᠯᠢᠬ᠎ᠢ ᠠᠱᠢᠭ᠍ᠯᠠᠨ ᠵᠤᠰᠠᠯᠠᠩ᠎ᠤᠨ ᠨᠤᠳᠤᠬ ᠲᠠᠭᠠᠨ 2023 ᠣᠨ᠎ᠠᠴᠠ ᠪᠦᠳᠦᠬᠡᠨ ᠪᠠᠢᠭᠤᠯᠣᠯᠳᠠ ᠬᠢᠵᠣ᠂ ᠬᠤᠶᠠᠷ ᠳᠠᠪᠬᠤᠷᠯᠢᠬ᠎ᠤᠨ ᠠᠰᠠᠷ᠂ ᠬᠤᠨᠤᠭ ᠬᠤᠭᠤᠯᠠᠨ᠎ᠤ ᠮᠣᠩᠭᠤᠯ ᠭᠡᠷ᠎ᠤᠳ᠂ ᠭᠠᠷ ᠤᠷᠠᠯᠠᠯ᠎ᠤᠨ ᠠᠵᠢᠯᠯᠠᠬᠤ ᠦᠷᠦᠬᠡ᠎ᠶ᠋ᠢ ᠪᠠᠢᠭᠤᠯᠤᠨ᠂ 2025 ᠣᠨ᠎ᠤ 7 ᠰᠠᠷ᠎ᠠ᠎ᠳᠤ ᠵᠢᠭᠤᠯᠴᠢᠯᠠᠯ ᠎ᠤᠨ ᠭᠠᠵᠠᠷ ᠎ᠤᠨ ᠡᠷᠤᠬᠡ ᠵᠢ ᠰᠡᠬᠦᠵᠠᠢ᠃


QQ20260918-104458.png


ᠭᠠᠷ ᠤᠷᠠᠯᠠᠯ᠎ᠤᠨ ᠪᠦᠳᠤᠬᠡᠭᠳᠡᠬᠦᠨ


— ᠤᠤᠯ᠎ᠨᠢ 200 ᠭᠠᠷᠦᠢ ᠦᠬᠡᠷ᠎ᠲᠠᠢ ᠪᠠᠢᠵᠠᠢ᠂ ᠡᠪᠡᠰᠤ ᠪᠡᠯᠴᠢᠭᠡᠷ᠎ᠢ ᠰᠡᠷᠬᠦᠬᠡᠵᠤ ᠲᠡᠢᠯᠬᠦ ᠦᠬᠡᠢ᠂ ᠬᠥᠳᠡᠯᠮᠦᠷᠢ ᠬᠦᠴᠦ᠍ ᠬᠦᠷᠦᠯᠴᠡᠬᠦ᠌ ᠦᠭᠡᠶ ᠵᠡᠷᠭᠡ ᠰᠢᠯᠳᠠᠭᠠᠨ ᠡᠴᠨ ᠠᠬ᠎ᠠ ᠡᠭᠡᠴᠢ ᠪᠢᠳᠡ ᠭᠤᠷᠪᠠᠭᠤᠯᠠ ᠶᠠᠷᠢᠯᠴᠠᠵᠤ ᠪᠠᠢᠭᠠᠳ ᠮᠠᠯ᠎ᠤᠨ᠎ᠢᠶᠠᠨ ᠲᠤᠭ᠎ᠠ᠎ᠶ᠋ᠢ ᠴᠥᠭᠡᠷᠡᠬᠦᠯᠵᠦ᠍᠂ 100 ᠭᠠᠷᠦᠢ ᠬᠤᠨᠢ ᠯᠡ ᠦᠯᠡᠳᠡᠭᠡᠭᠡᠳ ᠪᠤᠰᠤᠳ᠎ᠢ᠎ᠨᠢ ᠪᠦᠬᠦᠳᠠ᠎ᠶ᠋ᠢ ᠬᠤᠳᠠᠯᠳᠤᠵᠤ᠂ 《ᠳᠥᠯᠦ》 ᠵᠣᠰᠠᠭᠠᠯ᠎ᠢᠶᠠᠨ ᠪᠠᠢᠭᠤᠯᠤᠭ᠍ᠰᠠᠨ ᠭᠡᠵᠦ᠍ ᠮᠠᠷᠭᠠᠰᠢ᠎ᠶ᠋ᠢᠨ ᠬᠤᠷᠢᠮ᠎ᠤᠨ ᠵᠠᠬᠢᠶᠠᠯᠠᠭ᠎ᠠ᠎ᠶ᠋ᠢᠨ ᠪᠡᠯᠡᠦᠡᠭᠡᠯ ᠠᠵᠢᠯ᠎ᠳᠠᠭᠠᠨ ᠶᠡᠭᠠᠷᠡᠵᠤ ᠪᠠᠢᠭ᠎ᠠ ᠰᠡᠴᠡᠩᠭᠤᠸ᠎ᠠ ᠪᠢᠳᠡᠨ᠎ᠳᠤ ᠶᠠᠷᠢᠨ᠎ᠠ᠃


QQ20260918-104851.png


ᠬᠡᠤᠬᠡᠳ ᠪᠠᠭᠠᠴᠤᠳ ᠲᠤ᠌ ᠨᠡᠬᠦᠳᠠᠯ ᠰᠤᠶᠤᠯ᠎ᠤᠨ ᠬᠢᠴᠢᠶᠠᠯ ᠤᠷᠤᠨ᠎ᠠ


ᠲᠡᠢᠮᠦ᠍ ᠣᠯᠠᠨ ᠮᠠᠯ ᠵᠢᠨᠨ ᠴᠥᠭᠡᠷᠡᠬᠦᠯᠴᠢᠬᠡᠭᠡᠳ ᠵᠤᠨ᠎ᠤ ᠨᠢᠭᠡ ᠬᠤᠶᠠᠷ ᠰᠠᠷ᠎ᠠ᠎ᠶ᠋ᠢᠨ ᠤᠬᠤᠷ ᠬᠤᠭᠤᠴᠠᠭᠠᠨ ᠎ᠤ ᠵᠢᠭᠤᠯᠴᠢᠯᠠᠯ᠎ᠤᠨ ᠭᠠᠵᠠᠷ᠎ᠠᠴᠠ ᠶᠠᠭᠠᠬᠢᠵᠤ ᠦᠡᠳᠦᠷ ᠠᠱᠢᠭ ᠣᠷᠣᠯᠭ᠎ᠠ ᠣᠯᠳᠠᠭ ᠪᠣᠯ ᠡ ᠭᠡᠵᠦ᠍ ᠪᠣᠳᠣᠵᠤ ᠰᠠᠭᠤᠲᠠᠯ᠎ᠠ ᠰᠡᠴᠡᠩᠭᠤᠸ᠎ᠠ ᠪᠢᠳᠡᠨ᠎ᠳᠤ ᠴᠠᠢ ᠨᠡᠮᠡᠵᠦ᠍ ᠥᠭ᠌ᠭᠦᠭᠡᠳ᠄

— ᠮᠠᠨ᠎ᠤ᠎ᠬᠢ ᠠᠷᠪᠠᠭᠠᠳ ᠮᠣᠩᠭᠤᠯ ᠭᠡᠷ᠎ᠢᠶᠠᠷ᠎ᠢᠶᠠᠨ ᠭᠠᠳᠠᠷ ᠮᠤᠵᠢ ᠤᠷᠤᠨ᠎ᠤ ᠵᠣᠴᠢᠳ᠎ᠲᠤ ᠦᠢᠯᠡᠴᠢᠯᠡᠭᠡ ᠬᠠᠩᠭᠠᠳᠠᠭ᠃ ᠰᠢᠶᠸ ᠴᠸᠩ ᠵᠡᠷᠭᠡ ᠰᠦᠯᠵᠢᠶ᠎ᠠ ᠳᠡᠭᠡᠷ᠎ᠡ ᠵᠠᠬᠢᠶᠠᠯᠠᠭ᠎ᠠ ᠠᠪᠳᠠᠭ᠃ ᠵᠤᠨ ᠎ᠤ ᠴᠠᠭ᠎ᠲᠠᠭᠠᠨ ᠬᠤᠯᠠ ᠣᠢᠷ᠎ᠠ ᠎ᠶ᠋ᠢᠨ ᠣᠯᠠᠨ ᠭᠠᠵᠠᠷ᠎ᠤᠨ ᠵᠢᠭᠤᠯᠴᠢᠯᠠᠭᠰᠠᠳ᠎ᠢ ᠬᠦᠯᠢᠶᠡᠨ ᠠᠪᠴᠤ᠌ ᠴᠡᠪᠡᠷᠭᠡᠠ ᠳᠤᠬᠢᠳᠡᠢ ᠮᠣᠩᠭᠤᠯ ᠭᠡᠷ᠎ᠲᠤ ᠠᠮᠠᠷᠠᠭᠠᠭᠠᠳ᠂ ᠨᠤᠲᠤᠭ᠎ᠤᠨ ᠤᠨᠴᠠᠯᠢᠭ᠍ᠳᠤ ᠬᠤᠭᠤᠯᠠ ᠵᠤᠭᠤᠭᠯᠠᠭᠤᠯᠵᠤ᠂ ᠪᠠᠷᠠᠭ᠎ᠠ ᠪᠦᠲᠦᠭᠡᠭ᠌ᠳᠡᠬᠦᠨ᠎ᠢᠶᠠᠨ ᠪᠣᠷᠣᠯᠠᠭᠤᠯᠤᠨ᠂ ᠮᠣᠷᠢ ᠤᠨᠤᠬᠤ ᠪᠤᠯᠦᠠ ᠪᠠᠢᠭᠠᠯᠢ᠎ᠶ᠋ᠢᠨ ᠠᠶᠠᠯᠠᠯ᠎ᠤᠨ ᠦᠢᠯᠡᠴᠢᠯᠡᠭᠡ ᠦᠵᠡᠭᠦᠯᠬᠦ ᠡᠴᠨ ᠭᠠᠳᠠᠨ᠎ᠠ ᠤᠯᠠᠨ ᠬᠤᠷᠢᠮ ᠨᠠᠢᠷ᠎ᠤᠨ ᠵᠠᠬᠢᠶᠠᠯᠠᠭ᠎ᠠ ᠳᠤᠰᠳᠠᠭ᠃ ᠪᠤᠰᠤᠳ ᠴᠠᠭ᠎ᠢᠶᠠᠷ ᠴᠤ᠌ ᠱᠢᠯᠢᠩᠬᠤᠳᠠ᠎ᠶ᠋ᠢᠨ ᠰᠤᠷᠭᠠᠭᠤᠯᠢ᠂ ᠪᠠᠢᠭᠤᠯᠭ᠎ᠠ ᠨᠢᠬᠡᠴᠢ᠎ᠲᠠᠢ ᠬᠠᠮᠲᠤᠷᠠᠨ ᠣᠯᠠᠨ ᠲᠥᠷᠦᠯ᠎ᠤᠨ ᠠᠵᠢᠯᠯᠠᠭ᠎ᠠ ᠵᠣᠬᠢᠶᠠᠨ ᠪᠠᠢᠭᠤᠯᠤᠭᠠᠳ ᠵᠢᠯ᠎ᠤᠨ ᠳᠥᠷᠪᠡᠨ ᠤᠯᠠᠷᠢᠯ᠎ᠳᠤ ᠵᠠᠪ ᠦᠭᠡᠢ ᠥᠩᠭᠡᠷᠡᠳᠡᠭ ᠭᠡᠵᠦ᠍ ᠢᠨᠢᠶᠡᠮᠰᠦᠭ᠌ᠯᠡᠨ ᠶᠠᠷᠢᠵᠤ ᠪᠠᠢᠯ᠎ᠠ᠃

ᠬᠤᠷᠢᠮ ᠨᠠᠢᠷ ᠬᠢᠬᠦ᠌᠎ᠳᠤ ᠵᠣᠷᠢᠭᠤᠯᠤᠭ᠍ᠳᠠᠭᠰᠠᠨ ᠬᠤᠶᠠᠷ ᠲᠠᠪᠬᠤᠷᠯᠢᠬ᠎ᠤᠨ ᠠᠰᠠᠷ᠎ᠠᠴᠠ᠎ᠨᠢ ᠭᠠᠷᠤᠭᠠᠳ ᠬᠠᠵᠠᠭᠤ᠎ᠳᠤᠨᠢ ᠵᠡᠷᠭᠡᠴᠡᠭᠦᠯᠦᠨ ᠪᠠᠢᠭᠤᠯᠤᠭ᠍ᠰᠠᠨ ᠬᠠᠳᠠᠨ ᠵᠢᠷᠤᠭ ᠲᠠᠢ ᠪᠠᠢᠱᠢᠩ ᠪᠣᠯᠬᠤ 《ᠳᠥᠯᠦ᠍》 ᠭᠠᠷ ᠤᠷᠠᠯᠠᠯ᠎ᠤᠨ ᠠᠵᠢᠯᠯᠠᠬᠤ ᠦᠷᠦᠬᠡ ᠤᠷᠤᠭᠤ ᠎ᠨᠢ ᠣᠷᠣᠬᠤ᠎ᠳᠤ ᠵᠡᠭᠦᠨ ᠲᠠᠯ᠎ᠠ ᠪᠠᠷ᠎ᠢᠶᠠᠨ ᠡᠷᠲᠡᠨ᠎ᠤ ᠡᠳ᠋ᠯᠡᠯ᠂ ᠬᠠᠭᠤᠴᠢᠨ᠎ᠤ ᠡᠳ᠋ ᠬᠡᠷᠡᠭᠰᠡᠯ ᠳᠡᠯᠭᠡᠬᠡᠳ ᠲᠠᠯᠪᠢᠬᠰᠠᠠ ᠪᠠᠢᠪᠠ᠃ ᠪᠠᠷᠠᠭᠤᠨ ᠲᠠᠯ᠎ᠠ᠎ᠪᠡᠷ ᠨᠢ ᠵᠢᠭᠤᠯᠴᠢᠯᠠᠭᠰᠠᠳ᠎ᠲᠤ ᠮᠣᠩᠭᠤᠯ ᠳᠡᠪᠡᠯ ᠬᠤᠪᠴᠠᠰᠤ ᠵᠢᠨ ᠦᠢᠯᠡᠴᠢᠯᠡᠭᠡ᠎ᠬᠠᠩᠭᠠᠬᠤ᠎ᠳᠤ ᠪᠡᠯᠡᠳᠬᠡᠭᠰᠡᠡ ᠳᠡᠪᠡᠯ ᠬᠤᠪᠴᠠᠰᠤ᠎ᠨᠤᠭᠤᠳ᠎ᠢ ᠡᠯᠬᠦᠭ᠌ᠰᠡᠨ ᠬᠠᠷᠠᠭ᠍ᠳᠠᠨ᠎ᠠ᠃ ᠳᠤᠮᠳᠠ ᠬᠡᠰᠡᠭ᠎ᠲᠤᠨᠢ ᠢᠰᠡᠭᠡᠶ ᠤᠷᠠᠯᠠᠯ᠂ ᠰᠤᠪᠤᠤᠨ᠎ᠤᠨ ᠴᠢᠮᠡᠭ᠌ᠯᠡᠯ ᠬᠢᠬᠦ᠌ ᠡᠳ᠋ ᠮᠠᠲ᠋ᠧᠷᠢᠶᠠᠯ ᠪᠣᠯᠬᠤ ᠣᠯᠠᠨ ᠥᠩᠭᠡ ᠵᠢᠨ᠎ᠬᠤᠨᠢᠨ᠎ᠤ ᠨᠣᠤᠰᠣ᠂ ᠰᠤᠪᠤᠳ᠎ᠤᠨ ᠪᠠᠷᠠᠭ᠎ᠠ ᠵᠢ ᠤᠷᠤᠭᠤᠯᠤᠭᠰᠠᠠ ᠪᠠᠢᠨ᠎ᠡ᠃ ᠡᠳᠡᠨ᠎ᠤ᠎ᠬᠢ ᠪᠠᠰᠠ ᠵᠢᠭᠠᠨ ᠰᠤᠷᠭᠠᠯᠲᠠ᠎ᠳᠤ ᠵᠤᠷᠢᠭᠤᠯᠵᠤ ᠢᠰᠡᠭᠡᠶ ᠤᠷᠠᠯᠠᠯ ᠬᠢᠬᠦ᠂ ᠵᠡᠭᠦᠯᠲᠡ ᠪᠡᠭᠤᠪᠴᠢ ᠭᠡᠯᠬᠢᠬᠦ᠌ ᠭᠡᠳ ᠬᠡᠦᠬᠡᠳ ᠲᠣᠮᠤᠴᠤᠤᠯ ᠪᠡᠶ᠎ᠡ ᠪᠡᠨ ᠳᠠᠭᠠᠭᠠᠨ ᠬᠢᠵᠦ᠍ ᠪᠦᠲᠦᠭᠡᠬᠦ᠂ ᠨᠡᠭᠦᠳᠡᠯ ᠠᠮᠢᠳᠤᠷᠠᠯ᠎ᠢ ᠰᠤᠨᠢᠷᠬᠠᠬᠤ᠂ ᠵᠠᠩ ᠦᠢᠯᠡ ᠵᠢ ᠤᠢᠯᠠᠭᠠᠬᠤ ᠬᠡᠬᠦ ᠮᠡᠳᠤ ᠵᠢᠨ ᠨᠡᠭᠦᠳᠡᠯ ᠰᠣᠶᠤᠯ᠎ᠤᠨ ᠣᠨᠴᠠᠯᠢᠭ ᠪᠦᠬᠦᠶ ᠵᠢᠭᠤᠯᠴᠢᠯᠠᠯ᠎ᠤᠨ ᠭᠠᠵᠠᠷ ᠪᠢᠯᠡ᠃ ᠡᠨᠡ ᠠᠰᠠᠷ᠎ᠨᠢ ᠤᠤᠯ᠎ᠳᠠᠭᠠᠨ ᠰᠡᠴᠡᠩᠭᠤᠸ᠎ᠠ᠎ᠶ᠋ᠢᠨ ᠮᠠᠯ᠎ᠤᠨ ᠬᠠᠱᠢᠶ᠎ᠠ ᠪᠠᠢᠵᠠᠢ᠃ 《ᠳᠥᠯᠦ᠍》 ᠵᠣᠰᠠᠭᠠᠯ᠎ᠢᠶᠠᠨ ᠠᠩᠬ᠎ᠠ ᠪᠠᠢᠭᠤᠯᠵᠤ ᠡᠬᠢᠯᠡᠬᠦ᠌ ᠦᠶ᠎ᠡ᠎ᠳᠤ ᠮᠠᠯ᠎ᠤᠨ ᠫᠧᠩ ᠰᠠᠷᠠᠪᠴᠢ ᠪᠡᠨ ᠥᠭᠡᠷᠡᠴᠢᠯᠡᠨ ᠭᠠᠷ ᠤᠷᠠᠯᠠᠯ᠎ᠤᠨ ᠠᠵᠢᠯᠯᠠᠬᠤ ᠦᠷᠦᠬᠡ ᠪᠤᠯᠭᠠᠭᠰᠠᠠ᠎ᠨᠢ ᠶᠡᠭᠡ ᠤᠴᠢᠷᠲᠠᠢ᠃

ᠰᠡᠴᠡᠩᠭᠤᠸ᠎ᠠ ᠦᠳᠡ ᠵᠢᠨ ᠬᠤᠢᠨ᠎ᠠ ᠪᠠᠰᠠ ᠨᠢᠭᠡ ᠬᠤᠨᠢ ᠭᠠᠷᠭᠠᠵᠠᠢ᠃ ᠮᠡᠷᠭᠠᠰᠢ ᠬᠤᠷᠢᠮ᠎ᠤᠨ ᠵᠠᠬᠢᠶᠠᠯᠠᠭ᠎ᠠ᠎ᠲᠠᠢ ᠪᠣᠯᠬᠤᠷ ᠬᠠᠱᠢᠶᠠᠨ᠎ᠳᠤ ᠪᠠᠢᠭ᠎ᠠ ᠬᠤᠨᠢ᠎ᠠᠴᠠ᠎ᠪᠠᠨ ᠨᠢᠭᠡ᠎ᠶ᠋ᠢ ᠲᠠᠲᠠᠪᠠ᠃ ᠵᠠᠭᠤ ᠭᠠᠷᠦᠢ ᠬᠤᠨᠢ᠎ᠠᠴᠠ᠎ᠪᠠᠨ ᠵᠢᠯ᠎ᠳᠤ ᠪᠡᠷᠤᠬ 20-30 ᠭᠠᠷᠤᠢ ᠬᠤᠨᠢ᠂ 2-3 ᠦᠬᠡᠷ ᠵᠢᠭᠤᠯᠴᠢᠯᠠᠯ᠎ᠤᠨ ᠭᠠᠵᠠᠷ ᠲᠠᠭᠠᠨ ᠵᠠᠷᠤᠨ᠎ᠠ᠃ ᠬᠠᠶᠠ᠎ᠳᠠᠭᠠᠨ ᠣᠢᠷ᠎ᠠ᠎ᠬᠠᠪᠢ ᠶ᠋ᠢᠨ ᠠᠢᠯ᠎ᠤᠳ᠎ᠠᠴᠠ ᠴᠤ᠌ ᠬᠤᠨᠢ ᠠᠪᠳᠠᠭ ᠭᠡᠵᠦ᠍ ᠪᠠᠢᠯ᠎ᠠ᠃

— ᠪᠢᠳᠡ ᠥᠪᠡᠷ᠎ᠤᠨ ᠮᠠᠯ ᠎ᠤᠨ ᠠᠰᠢᠬ ᠰᠢᠮ᠎ᠠ ᠪᠡᠨ᠎ᠵᠢᠭᠤᠯᠴᠢᠯᠠᠯ᠎ᠤᠨ ᠭᠠᠵᠠᠷ ᠲᠠᠭᠠᠨ ᠱᠢᠭᠤᠦᠠ ᠦᠡᠳᠦᠷ ᠦᠨ᠎ᠡ᠎ᠪᠠᠷ ᠬᠠᠩᠭᠠᠬᠤ ᠨᠢ ᠨᠢᠭᠡ ᠲᠠᠯ᠎ᠠ ᠪᠡᠷ ᠬᠤᠭᠤᠯᠠᠨ᠎ᠤ ᠳᠦᠷᠦᠯ ᠵᠦᠢᠯ ᠎ᠢ ᠡᠷᠡᠭᠦᠯ᠂ ᠣᠷᠭᠠᠨᠢᠭ ᠮᠠᠯ᠎ᠤᠨ ᠠᠰᠢᠬ ᠰᠢᠮ᠎ᠠ ᠪᠡᠷ ᠬᠠᠩᠭᠠᠴᠢᠬᠠᠨ᠎ᠠ᠃ ᠨᠥᠭᠦᠭᠡ ᠲᠠᠯ᠎ᠠ᠎ᠪᠡᠷ ᠮᠠᠯ᠎ᠢᠶᠠᠨ ᠵᠠᠬ᠎ᠠ ᠲᠡᠯᠬᠡᠬᠦᠷ ᠲᠤ᠌ ᠱᠢᠭᠤᠦᠠ ᠬᠠᠩᠭᠠᠬᠤ᠎ᠠᠴᠠ ᠬᠡᠳᠦᠨ ᠳᠠᠬᠢᠨ ᠦᠨ᠎ᠡ ᠬᠦᠷᠭᠡᠵᠦ᠍ ᠴᠢᠳᠠᠨ᠎ᠠ᠃ ᠵᠢᠱ᠌ᠢᠶᠡᠯᠡᠪᠡᠯ ᠬᠤᠨᠢ᠎ᠪᠠᠨ ᠰᠡᠢᠬᠠᠠ ᠭᠠᠷᠭᠠᠪᠠᠯ ᠨᠢᠭᠡ ᠬᠤᠨᠢ 2000-3000 ᠳᠦᠬᠦᠷᠢᠭ ᠲᠤ᠌ ᠬᠦᠷᠦᠨ᠎ᠡ᠃

— ᠨᠢᠭᠡ ᠬᠤᠨᠢ᠎ᠪᠠᠨ ᠶᠠᠭᠠᠬᠢᠵᠤ 2000-3000 ᠳᠦᠬᠦᠷᠢᠭ ᠲᠤ᠌ ᠬᠦᠷᠭᠡᠬᠦ᠌ ᠪᠤᠢ?

ᠰᠡᠴᠡᠩᠭᠤᠸ᠎ᠠ ᠪᠢᠳᠡᠨ᠎ᠤ ᠠᠰᠠᠭᠤᠯᠲᠠ᠎ᠳᠤ ᠬᠤᠭᠤᠯᠠᠨ ᠬᠡᠷ᠎ᠤᠨ ᠵᠢᠠᠨ ᠲᠠᠩᠰᠠᠨ᠎ᠤ ᠳᠡᠪᠳᠡᠷ ᠵᠢᠠᠨ ᠪᠠᠷᠢᠵᠤ ᠢᠷᠡᠭᠡᠳ ᠨᠡᠷᠢᠠ ᠲᠣᠭᠠᠴᠠᠭ᠎ᠠ ᠬᠢᠵᠦ᠍ ᠥᠭ᠌ᠭᠦᠯ᠎ᠡ᠃

— ᠮᠠᠨ᠎ᠤ᠎ᠬᠢ ᠴᠢᠨᠢ ᠨᠢᠭᠡ ᠤᠳᠠᠭ᠎ᠠ᠎ᠳᠤ ᠮᠣᠩᠭᠤᠯ ᠭᠡᠷ ᠪᠤᠯᠦᠠ ᠠᠰᠠᠷ ᠲᠠᠭᠠᠨ ᠨᠡᠢᠲᠡ 100 ᠭᠠᠷᠦᠢ ᠵᠤᠴᠢᠨ ᠬᠦᠯᠢᠶᠡᠨ ᠠᠪᠴᠤ ᠲᠡᠢᠯᠤᠨ᠎ᠠ᠃ ᠨᠢᠭᠡ ᠬᠤᠨᠢ᠎ᠠᠴᠠ ᠪᠢᠳᠡ ᠮᠢᠬ᠎ᠠ᠂ ᠲᠣᠯᠤᠭᠠᠢ ᠱᠢᠭᠢᠷ᠎ᠠ᠂ ᠨᠣᠤᠰᠣ᠂ ᠠᠷᠡᠰᠦ ᠨᠡᠬᠡᠶ ᠭᠡᠰᠡᠨ ᠦᠨᠳᠦᠰᠦᠨ ᠠᠱᠢᠭ ᠱᠢᠮ᠎ᠡ᠎ᠶ᠋ᠢ ᠬᠦᠷᠲᠡᠳᠡᠭ᠃ ᠳᠤᠮᠳᠠᠴᠢ᠎ᠪᠠᠷ ᠨᠢᠭᠡ ᠬᠤᠨᠢ 50 ᠺᠢᠯᠣᠭ᠌ᠷᠠᠮ ᠣᠷᠴᠢᠮ ᠪᠠᠢᠵᠤ᠂ ᠨᠢᠳᠦᠯᠬᠤ᠎ᠳᠤ 20 ᠡᠴᠨ 23 ᠺᠢᠯᠣᠭ᠌ᠷᠠᠮ ᠮᠢᠬ᠎ᠠ᠂ ᠥᠭᠡᠬᠦ᠌ ᠭᠠᠷᠳᠠᠭ᠃ ᠬᠤᠨᠢᠨ᠎ᠤ ᠲᠣᠯᠤᠭᠠᠢ ᠱᠢᠭᠢᠷ᠎ᠠ ᠥᠩᠭᠡᠷᠡᠭ᠌ᠰᠡᠨ᠎ᠳᠤ ᠵᠠᠬ᠎ᠠ ᠲᠡᠯᠬᠡᠬᠦᠷ ᠲᠤ᠌10 -15 ᠳᠦᠬᠦᠷᠢᠭ ᠯᠡ ᠬᠦᠷᠳᠡᠭ᠂ ᠭᠡᠲᠡᠯ᠎ᠡ ᠵᠢᠭᠤᠯᠴᠢᠯᠠᠭᠰᠠᠳ᠎ᠲᠤ ᠪᠢᠳᠡ ᠬᠤᠨᠢᠨ᠎ᠤ ᠱᠢᠷᠠᠭ᠍ᠰᠠᠨ ᠲᠣᠯᠤᠭᠠᠢ 108 ᠳᠦᠬᠦᠷᠢᠭ᠂ ᠱᠢᠭᠢᠷ᠎ᠡ᠎ᠶ᠋ᠢ ᠣᠯᠠᠨ ᠲᠥᠷᠦᠯ᠂ ᠠᠳᠡᠯᠢ ᠪᠤᠰᠤ ᠬᠡᠮᠵᠢᠶ᠎ᠡ᠎ᠪᠠᠷ᠎ᠨᠢ 78 ᠳᠦᠬᠦᠷᠢᠭ᠂ 88 ᠳᠦᠬᠦᠷᠢᠭ᠎ᠢᠶᠠᠷ᠂ ᠭᠦᠵᠡᠭᠡᠨ᠎ᠤ ᠵᠠᠭᠤᠰᠢ 48 ᠳᠦᠬᠦᠷᠢᠭ᠂ ᠬᠤᠨᠢᠨ᠎ᠤ ᠭᠡᠳᠡᠰᠦ ᠴᠢᠳᠭᠤᠮᠠᠯ 108 ᠳᠦᠬᠦᠷᠢᠭ᠎ᠢᠶᠠᠷ ᠭᠠᠷᠭᠠᠵᠤ ᠪᠤᠢ᠃ ᠨᠢᠭᠡ ᠬᠤᠨᠢᠨ᠎ᠤ ᠭᠡᠳᠡᠰᠦ ᠪᠠᠭ᠎ᠠ᠎ᠳ᠋ᠠᠭᠠᠨ 3 - 4 ᠬᠡᠰᠡᠭ ᠭᠠᠷᠬᠤ ᠪᠣᠯᠣᠮᠵᠢ ᠲᠠᠢ ᠭᠡᠵᠦ᠍ ᠪᠣᠳᠣ ᠳ᠋ᠠ᠃ ᠮᠠᠨ᠎ᠤ ᠦᠨ᠎ᠡ ᠬᠠᠩᠰᠢ᠎ᠨᠢ ᠬᠤᠲᠠ᠎ᠶ᠋ᠢᠨ ᠬᠤᠭᠤᠯᠠᠨ ᠬᠡᠷ᠎ᠤᠨ᠎ᠬᠢ᠎ᠲᠠᠢ ᠠᠳᠡᠯᠢ᠃

ᠵᠢᠭᠤᠯᠴᠢᠯᠠᠯ ᠎ᠤᠨ ᠭᠠᠵᠠᠷ ᠪᠤᠯᠦᠠ ᠮᠠᠯ ᠠᠵᠤ ᠠᠬᠤᠢ᠎ᠶ᠋ᠢ ᠬᠤᠤᠰᠯᠠᠭᠤᠯᠬᠤ᠎ᠨᠢ ᠮᠠᠯ᠎ᠤᠨ ᠠᠱᠢᠭ ᠱᠢᠮ᠎ᠡ᠎ᠶ᠋ᠢ ᠱᠢᠭᠤᠦᠠ ᠵᠠᠬ᠎ᠠ ᠲᠡᠯᠬᠡᠬᠦᠷ ᠲᠤ᠌ ᠦᠡᠳᠦᠷ ᠦᠨ᠎ᠡ᠎ᠪᠠᠷ ᠪᠣᠷᠣᠯᠠᠭᠤᠯᠬᠤ᠂ ᠮᠠᠯᠴᠢᠨ᠎ᠤ ᠣᠷᠣᠯᠭ᠎ᠠ᠎ᠶ᠋ᠢ ᠨᠡᠮᠡᠭ᠌ᠳᠡᠭᠦᠯᠬᠦ᠌ ᠭᠤᠣᠯ ᠠᠷᠭ᠎ᠠ ᠵᠠᠮ ᠪᠤᠯᠤᠨ᠎ᠠ᠃ ᠵᠢᠭᠤᠯᠴᠢᠯᠠᠭᠰᠠᠳ᠎ᠲᠤ ᠮᠢᠬ᠎ᠠ᠂ ᠴᠡᠭᠠᠠ ᠢᠳᠡᠭᠡ᠎ᠶ᠋ᠢ ᠱᠢᠭᠤᠦᠠ ᠨᠡᠢᠯᠡᠭᠦᠯᠵᠦ᠍᠂ ᠭᠠᠷ ᠤᠷᠠᠯᠠᠯ ᠪᠤᠯᠦᠠ ᠨᠡᠭᠦᠳᠡᠯ ᠰᠣᠶᠤᠯ᠎ᠤᠨ ᠦᠢᠯᠡᠴᠢᠯᠡᠭᠡ ᠬᠠᠩᠭᠠᠭᠰᠠᠠ᠎ᠢᠶᠠᠷ ᠨᠡᠮᠡᠭᠦᠤ ᠥᠷᠲᠡᠭ ᠱᠢᠩᠭᠡᠭ᠌ᠰᠡᠨ ᠣᠷᠣᠯᠭ᠎ᠠ ᠤᠯᠬᠤ ᠪᠣᠯᠣᠮᠵᠢ᠎ᠲᠠᠢ᠃

ᠡᠨᠡ᠎ᠨᠢ ᠰᠡᠴᠡᠩᠭᠤᠸ᠎ᠠ᠎ᠶ᠋ᠢᠨ ᠮᠠᠯ᠎ᠤᠨ ᠲᠤᠭ᠎ᠠ᠎ᠪᠠᠷ ᠪᠢᠰᠢ ᠠᠱᠢᠭ ᠱᠢᠮ᠎ᠡ᠂ ᠴᠢᠨᠠᠷ ᠴᠢᠨᠰᠠᠭ᠎ᠠ ᠪᠡᠷ ᠦᠷᠢᠰᠦᠯᠳᠦᠬᠦ᠌ ᠠᠵᠤ ᠠᠬᠣᠢ᠎ᠶᠢᠨ ᠤᠬᠠᠭᠠᠨ ᠶᠤᠮ᠃ ᠲᠡᠷᠡ᠎ᠪᠠᠷ ᠵᠠᠬ᠎ᠠ ᠲᠡᠯᠬᠡᠬᠦᠷ᠎ᠤᠨ ᠤᠬᠠᠭᠠᠨ᠎ᠢ ᠤᠯᠬᠤ ᠭᠡᠵᠦ᠍ ᠮᠠᠯᠴᠢᠨ ᠤᠬᠠᠭᠠᠨ᠎ᠢᠶᠠᠨ ᠱᠢᠪᠬᠠᠨ᠎ᠠ᠃

ᠬᠤᠨᠢ ᠭᠠᠷᠭᠠᠬᠤ᠂ ᠱᠢᠷᠡᠭᠡ ᠪᠡᠯᠡᠳᠭᠡᠬᠦ᠂ ᠬᠤᠨᠤᠭ ᠲᠤᠬᠢᠷᠡᠭᠤᠯᠬᠤ ᠭᠡᠳ ᠰᠡᠴᠡᠩᠭᠤᠸ᠎ᠠ᠎ᠳᠤ ᠠᠵᠢᠯ ᠮᠤᠩᠳᠠᠬᠤ ᠦᠭᠡᠢ᠃ ᠡᠨᠡ ᠪᠦᠬᠦ᠌ ᠵᠦᠢᠯ᠎ᠢ ᠰᠡᠴᠡᠩᠭᠤᠸ᠎ᠠ ᠲᠡᠬᠦᠨ᠎ᠤ ᠡᠭᠡᠴᠢ᠂ ᠣᠢᠷ᠎ᠠ᠎ᠬᠠᠪᠢ ᠶ᠋ᠢᠨ ᠰᠠᠭᠠᠬᠠᠯᠲᠠ᠎ᠶ᠋ᠢᠨ᠎ᠬᠢᠨ ᠪᠤᠯᠦᠠ ᠰᠡᠳᠦᠠ ᠲᠥᠷᠥᠯ᠎ᠨᠢ ᠢᠷᠠᠵᠤ ᠬᠠᠪᠰᠤᠷᠳᠠᠭ ᠪᠣᠯᠬᠤᠷ ᠵᠤᠨ᠎ᠤ ᠳᠣᠯᠤᠭᠠᠨ ᠰᠠᠷ᠎ᠠ᠎ᠳᠤ ᠵᠠᠪ ᠦᠭᠡᠢ ᠪᠠᠢᠳᠠᠭ᠎ᠨᠢ ᠠᠷᠭ᠎ᠠ ᠦᠭᠡᠢ᠃ ᠵᠢᠭᠤᠯᠴᠢᠯᠠᠭᠰᠠᠳ ᠣᠯᠠᠨ ᠦᠶᠡᠰ ᠲᠤ᠌᠎ᠠᠵᠢᠯᠲᠠᠨ ᠡᠯᠰᠡᠵᠤ ᠬᠡᠷᠡᠭᠯᠡᠳᠡᠭ᠃

ᠬᠤᠨᠢ᠎ᠪᠠᠨ ᠨᠢᠲᠤᠯᠵᠤ ᠳᠠᠭᠤᠰᠤᠭᠠᠳ ᠰᠡᠴᠡᠩᠭᠤᠸ᠎ᠠ ᠤᠰᠤ ᠤᠮᠳᠠ ᠣᠢᠷᠠᠲᠤᠭᠤᠯᠤᠨ ᠤᠨᠠᠭ᠍ᠰᠠᠨ ᠮᠠᠯᠠᠭᠠᠶ ᠠᠪᠬᠤ ᠵᠠᠪ ᠦᠭᠡᠢ᠃ ᠭᠡᠷ᠎ᠤᠨ᠎ᠬᠢᠨ᠎ᠨᠢ ᠭᠡᠳᠡᠰᠦ ᠴᠢᠳᠭᠤᠬᠤ᠂ ᠭᠤᠯᠢᠷ ᠨᠤᠬᠤᠬᠤ᠂ ᠮᠢᠬ᠎ᠠ ᠴᠢᠨᠠᠬᠤ ᠭᠡᠳ ᠪᠠᠰᠠ ᠯᠡ ᠬᠡᠳᠦᠨ ᠵᠦᠭ᠎ᠲᠤ ᠪᠤᠵᠢᠭᠢᠨᠠᠨ᠎ᠠ᠃

《ᠳᠥᠯᠦ᠍》 ᠵᠣᠰᠠᠭᠠᠯ ᠡᠭᠦᠳᠡ᠎ᠪᠠᠨ ᠨᠡᠭᠡᠭᠡᠵᠦ᠍᠂ ᠡᠷᠦᠬᠡ᠎ᠪᠠᠨ ᠰᠡᠬᠦᠭ᠌ᠰᠡᠨ ᠨᠢᠭᠡ ᠵᠢᠯ᠎ᠤᠨ ᠬᠤᠭᠤᠴᠠᠭᠠᠨ᠎ᠳᠤ 1000 ᠭᠠᠷᠦᠢ ᠵᠣᠴᠢᠨ᠎ᠢ ᠬᠦᠯᠢᠶᠡᠨ ᠠᠪᠴᠤ᠌᠂ 20 ᠳᠦᠮᠡᠨ ᠳᠦᠬᠦᠷᠢᠭ᠎ᠤᠨ ᠣᠷᠣᠯᠭ᠎ᠠ ᠣᠯᠣᠭ᠍ᠰᠠᠨ ᠪᠠᠢᠨ᠎ᠠ᠃ ᠤᠢᠷ᠎ᠠ ᠶ᠋ᠢᠨ ᠵᠢᠯ᠎ᠤᠳ ᠲᠸ᠋ ᠠᠶᠠᠯᠠᠯ ᠵᠢᠭᠤᠯᠴᠢᠯᠠᠯ᠎ᠤᠨ ᠠᠵᠢᠯ ᠦᠢᠯᠡᠰ᠎ᠲᠤ ᠬᠦᠴᠦ᠍ ᠰᠤᠷᠢᠬᠤ ᠬᠥᠮᠦᠨ ᠣᠯᠠᠱᠢᠷᠠᠵᠤ ᠡᠬᠢᠯᠡᠭ᠌ᠰᠡᠨ ᠴᠤ᠌ ᠰᠡᠴᠡᠩᠭᠤᠸ᠎ᠠ ᠥᠪᠡᠷ᠎ᠤᠨ ᠭᠡᠰᠡᠨ ᠪᠣᠳᠣᠯ᠎ᠲᠠᠢ᠃ ᠤᠯᠠᠮᠵᠢᠯᠠᠯᠲᠤ ᠠᠵᠤ ᠠᠮᠢᠳᠤᠷᠠᠯ ᠨᠡᠢᠭᠡᠮ ᠎ᠤᠨ ᠬᠦᠭᠵᠢᠯᠳᠠ᠎ᠶ᠋ᠢ ᠳᠠᠭᠠᠭᠠᠳ ᠶᠠᠪᠤᠬᠤ ᠳᠣᠰᠣᠮ ᠮᠠᠷᠲᠠᠭ᠍ᠳᠠᠵᠤ᠂ ᠨᠡᠭᠦᠳᠡᠯ ᠰᠤᠶᠦᠯ ᠢᠷᠭᠡᠨᠱᠢᠯ ᠴᠤ᠌ ᠥᠭᠡᠷᠡᠴᠢᠯᠡᠭ᠌ᠳᠡᠭ᠌ᠰᠡᠭᠡᠷ ᠪᠠᠢᠭ᠎ᠠ ᠡᠨᠡ ᠦᠶ᠎ᠡ᠎ᠳᠤ ᠲᠡᠳᠡᠨ ᠎ᠤ ᠎ᠳᠤ ᠢᠷᠡᠭ᠌ᠰᠡᠨ ᠵᠤᠴᠢᠨ ᠪᠣᠯᠭᠠᠨ᠎ᠳᠤ ᠬᠥᠳᠡᠭᠡ ᠨᠤᠲᠤᠭ᠎ᠤᠨ ᠤᠤᠭᠠᠯ ᠰᠣᠶᠤᠯ᠎ᠤᠨ ᠦᠨᠦᠷ ᠠᠮᠲᠠ ᠎ᠶ᠋ᠢ ᠮᠡᠳᠡᠷᠡᠭᠦᠯᠬᠦ᠂ ᠮᠠᠯ᠎ᠤᠨ᠎ᠢᠶᠠᠨ ᠠᠱᠢᠭ ᠱᠢᠮ᠎ᠡ ᠵᠢᠨ ᠦᠷᠳᠡᠭ᠎ᠢ ᠨᠡᠮᠡᠭ᠌ᠳᠡᠭᠦᠯᠬᠦ᠌᠎ᠨᠢ ᠰᠡᠴᠡᠩᠭᠤᠸ᠎ᠠ᠎ᠶ᠋ᠢᠨ ᠵᠣᠷᠢᠯᠭ᠎ᠠ ᠶᠤᠮ᠃ ᠢᠷᠡᠬᠦ᠌ ᠵᠢᠯ᠎ᠠᠴᠠ ᠰᠦᠯᠵᠢᠶᠠᠨ ᠵᠠᠬᠢᠶᠠᠯᠠᠭ᠎ᠠ ᠵᠢᠨ ᠤᠬᠠᠭᠤᠯᠭ᠎ᠠ᠎ᠪᠠᠨ ᠨᠡᠮᠡᠭ᠌ᠳᠡᠬᠦᠯᠵᠤ᠂ ᠣᠯᠠᠨ ᠬᠥᠮᠥᠰ ᠎ᠲᠤ ᠮᠡᠳᠡᠬᠦᠯᠬᠦ ᠪᠤᠯᠤᠨ᠎ᠠ ᠭᠡᠵᠦ᠍ ᠪᠠᠢᠯ᠎ᠠ᠃

ᠬᠤᠲᠠ᠎ᠠᠴᠠ ᠵᠢᠭᠤᠯᠴᠢᠯᠠᠭᠰᠠᠳ ᠢᠷᠠᠵᠠᠢ᠃ ᠰᠡᠴᠡᠩᠭᠤᠸ᠎ᠠ ᠱᠠᠯᠠᠪᠬᠠᠨ ᠪᠤᠰᠴᠣ ᠮᠣᠩᠭᠤᠯ ᠭᠡᠷ᠎ᠤᠨ᠎ᠢᠶᠠᠨ ᠬᠠᠶᠠᠭ᠎ᠠ᠎ᠶ᠋ᠢ ᠰᠡᠬᠦᠵᠤ᠂ ᠢᠷᠡᠭ᠌ᠰᠡᠨ ᠵᠣᠴᠢᠳ᠎ᠤᠨ ᠭᠡᠷ ᠎ᠢ ᠎ᠨᠢ ᠬᠤᠪᠢᠶᠠᠷᠢᠯᠠᠨ ᠵᠠᠪ ᠦᠭᠡᠢ ᠠᠵᠢᠯᠯᠠᠵᠤ ᠡᠬᠢᠯᠡᠯ᠎ᠡ᠃

ᠱᠢᠯᠢ᠎ᠶ᠋ᠢᠨ ᠭᠤᠣᠯ᠎ᠨᠢ ᠱᠢᠷᠠᠳᠠᠯ᠎ᠠ᠎ᠪᠠᠨ ᠤᠮᠳᠠᠯᠠᠨ ᠤᠷᠤᠰᠤᠨ᠎ᠠ᠃ ᠬᠤᠯᠠ᠎ᠶ᠋ᠢᠨ ᠵᠦᠭ᠎ᠲᠤ ᠬᠦᠳᠡᠩ ᠮᠠᠨᠠᠨ ᠬᠥᠩᠭᠡᠨ ᠴᠠᠢᠪᠠᠯᠵᠠᠵᠤ᠂ ᠱᠢᠯᠢᠩᠬᠤᠳᠠ ᠨᠠᠷᠠᠨ᠎ᠤ ᠳᠣᠣᠷ᠎ᠠ ᠰᠦᠨᠳᠡᠷᠯᠡᠨ ᠬᠠᠷᠠᠭ᠍ᠳᠠᠬᠤ᠎ᠨᠢ ᠵᠢᠪᠬᠤᠯᠠᠩ᠎ᠲᠠᠢ᠃ ᠡᠨᠡ ᠰᠦᠷᠯᠢᠭ ᠦᠵᠡᠮᠵᠢ᠎ᠶ᠋ᠢᠨ ᠳᠤᠮᠳᠠ ᠳᠥᠯᠦ᠍ ᠭᠡᠬᠦ᠌ ᠵᠢᠭᠤᠯᠴᠢᠯᠠᠯ᠎ᠤᠨ ᠭᠠᠵᠠᠷ ᠬᠤᠯᠠ ᠣᠢᠷ᠎ᠠ᠎ᠶ᠋ᠢᠨ ᠵᠣᠴᠢᠨ᠎ᠢᠶᠠᠨ ᠤᠭ᠍ᠲᠤᠵᠤ ᠦᠳᠡᠭᠡᠳ ᠵᠠᠪ ᠦᠭᠡᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面