ᠲᠡᠷᠢᠭᠦᠨ ᠨᠢᠭᠤᠷ>ᠠᠮᠢᠳᠤᠷᠠᠯ ᠥᠷᠲᠡᠭᠡ>ᠶᠢᠰᠦᠨ ᠥᠩᠭᠡ

2026-09-25 21:00:57

ᠵᠣᠬᠢᠶᠠᠭ᠍ᠴᠢ᠄ ᠭᠤ·ᠭᠠᠯᠰᠠᠩ ᠣᠩᠱᠢᠭ᠍ᠰᠠᠨ ᠣᠳᠠᠭ᠎ᠠ᠄ 3

ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠡᠷᠳᠡᠮᠲᠡᠨ ᠮᠡᠷᠭᠡᠳ 《ᠳᠤᠷ᠎ᠠ ᠪᠠᠬ᠎ᠠ ᠪᠣᠯ ᠬᠠᠮᠤᠭ᠎ᠤᠨ ᠰᠠᠢᠨ ᠪᠠᠭ᠍ᠰᠢ》 ᠭᠡᠵᠦ᠍ ᠨᠣᠮᠯᠠᠳᠠᠭ᠃

ᠲᠡᠭᠡᠪᠡᠯ ᠳᠤᠷ᠎ᠠ ᠪᠠᠬ᠎ᠠ ᠭᠡᠭ᠌ᠴᠢ ᠶᠠᠭᠤ ᠪᠣᠶ?

ᠳᠤᠷ᠎ᠠ ᠪᠠᠬ᠎ᠠ ᠭᠡᠭ᠌ᠴᠢ ᠪᠣᠯ ᠨᠢᠭᠡ ᠬᠥᠮᠦᠨ᠎ᠤ ᠶᠠᠮᠠᠷ ᠨᠢᠭᠡᠨ ᠤᠴᠢᠷ ᠶᠠᠪᠤᠳᠠᠯ᠎ᠢ ᠲᠠᠨᠢᠬᠤ ᠪᠤᠶᠤ ᠲᠠᠨᠢᠵᠤ ᠮᠡᠳᠡᠬᠦ ᠪᠡᠷ ᠲᠠᠮᠵᠢᠨ ᠲᠠᠷᠠ ᠴᠢᠭᠯᠡᠯ ᠤᠷᠤᠭᠤ ᠴᠢᠷᠮᠠᠢᠬᠤ ᠵᠢᠴᠢ ᠶᠠᠮᠠᠷ ᠨᠢᠭᠡᠨ ᠵᠦᠢᠯ᠎ᠤᠨ ᠠᠵᠢᠯᠯᠠᠭ᠎ᠠ᠎ᠳᠤ ᠪᠠᠭ᠍ᠠᠲᠠᠶ ᠪᠠᠢᠬᠤ᠎ᠶ᠋ᠢᠨ ᠬᠠᠨᠳᠤᠰᠢ᠎ᠶ᠋ᠢ ᠬᠡᠯᠡᠳᠡᠭ᠃ ᠳᠠᠭᠤᠤ ᠬᠥᠭ᠌ᠵᠢᠮ᠎ᠳᠤ ᠪᠠᠬᠠᠲᠠᠢ ᠬᠥᠮᠦᠨ ᠬᠡᠵᠢᠶᠡᠳᠡ ᠲᠡᠬᠦᠨ᠎ᠤ ᠬᠠᠮᠢᠶᠠᠲᠠᠢ ᠰᠤᠷᠠᠭ ᠵᠠᠩᠭᠢ᠎ᠵᠢ ᠣᠨᠴᠠᠭᠠᠢ ᠠᠩᠬᠠᠷᠴᠤ᠌᠂ ᠲᠢᠶᠠᠲᠷ᠂ ᠲᠧᠯᠸᠢᠰ ᠪᠤᠶᠤ ᠲᠠᠭᠤᠤ ᠱᠢᠩᠭᠡᠭᠡᠯᠲᠡ᠎ᠶ᠋ᠢᠨ ᠮᠠᠱᠢᠨ᠎ᠤ ᠳᠡᠷᠭᠡᠳᠡ ᠳᠠᠭᠤᠤ ᠬᠥᠭ᠌ᠵᠢᠮ ᠰᠣᠨᠣᠰᠴᠤ᠌ ᠰᠠᠭᠤᠳᠠᠭ᠃ ᠵᠠᠮ ᠶᠠᠪᠤᠬᠤ᠎ᠳᠠᠭᠠᠨ ᠴᠤ᠌ ᠦᠷᠭᠦᠯᠵᠢ ᠳᠠᠭᠤᠤ ᠠᠶᠠᠯᠭᠤᠯᠠᠨ ᠬᠢᠩᠱᠢᠵᠤ᠂ ᠠᠵᠢᠯ᠎ᠤᠨ ᠴᠢᠯᠥᠭᠡ ᠵᠠᠪ ᠭᠠᠷᠤᠭ᠍ᠰᠠᠭᠠᠷ ᠯᠠ ᠥᠪᠡᠷ᠎ᠤᠨ ᠡᠷᠬᠡ ᠦᠭᠡᠢ ᠳᠠᠭᠤᠤ ᠠᠶᠠᠯᠭᠤᠯᠠᠵᠤ ᠪᠠᠢᠳᠠᠭ᠎ᠢ ᠬᠥᠮᠦᠰ ᠪᠦᠷ ᠰᠠᠢᠨ ᠮᠡᠳᠡᠨ᠎ᠡ᠃

ᠳᠤᠷ᠎ᠠ ᠪᠠᠬ᠎ᠠ ᠭᠡᠳᠡᠭ ᠪᠣᠯ ᠬᠡᠷᠡᠭ ᠪᠣᠳᠠᠰ᠎ᠤᠨ ᠥᠩᠭᠡᠨ ᠠᠩᠬᠠᠷᠤᠯ ᠲᠡᠳᠦᠶ ᠪᠢᠰᠢ᠂ ᠶᠠᠮᠠᠷ ᠴᠤ᠌ ᠨᠢᠭᠡᠨ ᠵᠤᠢᠯ᠎ᠤᠨ ᠳᠤᠷ᠎ᠠ ᠪᠠᠬ᠎ᠠ ᠭᠡᠰᠡᠨ ᠦᠭᠡᠢ ᠪᠦᠷ ᠡᠨᠡ ᠲᠤᠬᠠᠶ ᠮᠡᠳᠡᠯᠭᠡ ᠣᠯᠬᠤ ᠪᠤᠶᠤ ᠡᠨᠡ ᠲᠤᠬᠠᠶ ᠠᠵᠢᠯᠯᠠᠭ᠎ᠠ᠎ᠳᠤ ᠣᠷᠣᠯᠴᠠᠭᠠᠳ ᠬᠠᠪᠤ ᠴᠡᠩᠭᠡᠯ᠎ᠲᠠᠢ ᠰᠠᠨᠠᠭ᠍ᠳᠠᠬᠤ᠎ᠠᠴᠠ ᠪᠤᠢ ᠪᠣᠯᠳᠠᠭ᠃ ᠵᠢᠱ᠌ᠢᠶᠡᠯᠡᠪᠡᠯ᠂ ᠪᠡᠶ᠎ᠡ ᠵᠢᠨ ᠲᠠᠮᠢᠷ᠎ᠲᠤ ᠪᠠᠭ᠍ᠠᠲᠠᠶ ᠰᠤᠷᠤᠭ᠍ᠴᠢ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠳᠤ ᠢᠳᠡᠪᠬᠢᠲᠡᠶ ᠣᠷᠣᠯᠴᠠᠵᠤ᠂ ᠲᠠᠮᠢᠷ ᠭᠡᠪᠡᠯ ᠴᠤᠭ ᠵᠣᠯᠢ ᠨᠢ ᠪᠠᠳᠠᠷᠠᠭᠠᠳ ᠤᠷᠮ᠎ᠠ᠎ᠲᠠᠢ ᠪᠠᠭ᠍ᠠᠲᠠᠶ ᠪᠣᠯᠵᠤ᠂ ᠤᠬᠠᠮᠰᠠᠷ᠎ᠲᠠᠢ ᠪᠥᠭᠡᠳ ᠢᠳᠡᠪᠬᠢᠲᠡᠶ ᠎ᠪᠠᠷ ᠲᠠᠮᠢᠷ ᠎ᠤᠨ ᠬᠥᠳᠡᠯᠭᠡᠭᠡᠨ᠎ᠳᠤ ᠪᠠᠷᠠᠨ ᠪᠠᠷᠠᠳᠠᠯ᠎ᠠ ᠣᠷᠣᠯᠴᠠᠳᠠᠭ ᠶᠤᠮ᠃ ᠰᠤᠷᠭᠠᠨ ᠬᠥᠮᠦᠵᠢᠯ ᠎ᠤᠨ ᠵᠢᠳᠬᠦᠯᠲᠡᠨ ᠺᠦᠩᠽᠢ᠄ 《 ᠮᠡᠳᠡᠵᠦ᠍ ᠪᠠᠢᠬᠤ᠎ᠨᠢ ᠳᠤᠷ᠎ᠠ᠎ᠪᠠᠬ᠎ᠠ ᠲᠠᠢ᠎ᠬᠡᠰᠡᠨ ᠪᠢᠰᠢ᠂ ᠲᠤᠷ᠎ᠠ᠎ᠲᠠᠢ ᠬᠡᠳᠡᠭ ᠨᠢ ᠪᠠᠬ᠎ᠠ ᠲᠠᠢ ᠬᠡᠰᠡᠨ ᠪᠢᠰᠢ》 ᠭᠡᠵᠦ᠍ ᠦᠷᠭᠦᠯᠵᠢ ᠶᠠᠷᠢᠳᠠᠭ᠃ ᠡᠨᠡ᠎ᠨᠢ ᠶᠠᠮᠠᠷ ᠨᠢᠭᠡᠨ ᠲᠤᠰᠭᠠᠶ ᠮᠡᠷᠭᠡᠵᠢᠯ᠎ᠢ ᠮᠡᠳᠡᠳᠡᠭ ᠬᠥᠮᠦᠨ ᠡᠯ᠎ᠡ ᠵᠦᠢᠯ᠎ᠤᠨ ᠮᠡᠷᠭᠡᠵᠢᠯ᠎ᠳᠤ ᠳᠤᠷᠠᠲᠠᠶ ᠬᠥᠮᠦᠨ᠎ᠳᠤ ᠪᠠᠭᠳᠠᠬᠤ ᠪᠢᠰᠢ ᠬᠠᠷᠢᠨ ᠡᠨᠡ ᠨᠢᠭᠡ ᠵᠦᠢᠯ᠎ᠤᠨ ᠮᠡᠷᠭᠡᠵᠢᠯ᠎ᠳᠤ ᠳᠤᠷᠠᠲᠠᠶ ᠬᠥᠮᠦᠨ᠎ᠨᠢ ᠪᠠᠰᠠ ᠡᠨᠡ ᠠᠵᠢᠯ ᠮᠡᠷᠭᠡᠵᠢᠯ᠎ᠢ ᠡᠷᠬᠢᠯᠡᠨ ᠬᠢᠵᠦ᠍᠂ ᠡᠭᠦᠨ᠎ᠢᠶᠠᠷ᠎ᠢᠶᠠᠨ ᠪᠠᠶᠠᠷ ᠪᠠᠶᠠᠰᠤᠯ ᠪᠣᠯᠭᠠᠳᠠᠭ ᠬᠥᠮᠦᠨ᠎ᠢ ᠬᠦᠷᠬᠦ᠌ ᠦᠭᠡᠢ ᠭᠡᠰᠡᠨ ᠦᠭᠡ ᠮᠥᠨ᠃ ᠡᠭᠦᠨ᠎ᠳᠤ ᠳᠤᠷ᠎ᠠ ᠪᠠᠬ᠎ᠠ᠎ᠶ᠋ᠢᠨ ᠴᠢᠬᠤᠯᠠ ᠴᠢᠨᠠᠷ ᠢ᠋ ᠲᠣᠳᠣᠷᠬᠠᠢᠯᠠᠵᠠᠶ᠃

ᠠᠢᠠᠰᠲ᠋ᠧᠨ ᠪᠠᠰᠠ 《ᠳᠤᠷ᠎ᠠ ᠪᠠᠬ᠎ᠠ ᠪᠣᠯ ᠬᠠᠮᠤᠭ᠎ᠤᠨ ᠰᠠᠢᠨ ᠪᠠᠭ᠍ᠰᠢ ᠮᠥᠨ》 ᠭᠡᠵᠦ᠍ ᠬᠡᠯᠡᠵᠡᠶ᠃ ᠳᠤᠷ᠎ᠠ ᠪᠠᠬ᠎ᠠ ᠭᠡᠭ᠌ᠴᠢ ᠬᠥᠮᠦᠰ᠎ᠤᠨ ᠠᠵᠢᠯ ᠰᠤᠷᠤᠯᠴᠠᠯᠭ᠎ᠠ᠂ ᠠᠵᠤ ᠠᠮᠢᠳᠤᠷᠠᠯ᠎ᠳᠤ ᠲᠤᠢᠯ᠎ᠤᠨ ᠴᠢᠬᠤᠯᠠ ᠦᠢᠯᠡᠳᠦᠯ᠎ᠲᠠᠢ ᠪᠣᠯᠬᠤ᠎ᠶ᠋ᠢ ᠪᠢᠳᠡ ᠡᠭᠦᠨ᠎ᠠᠴᠠ ᠮᠡᠳᠡᠵᠦ᠍ ᠪᠣᠯᠤᠨ᠎ᠠ᠃

ᠬᠥᠮᠦᠰ᠎ᠤᠨ ᠳᠤᠷ᠎ᠠ ᠪᠠᠬ᠎ᠠ᠎ᠶ᠋ᠢᠨ ᠦᠢᠯᠡᠳᠦᠯ᠎ᠨᠢ ᠭᠤᠣᠯᠳᠠᠭᠤ ᠳᠤᠤᠷᠠᠬᠢ ᠬᠡᠳᠦᠨ ᠲᠠᠯ᠎ᠠ᠎ᠳᠤ ᠢᠯᠡᠷᠡᠳᠡᠭ᠃ ᠬᠥᠮᠦᠨ᠎ᠤ ᠠᠩᠬᠠᠨ᠎ᠤ ᠦᠶ᠎ᠡ᠎ᠶ᠋ᠢᠨ ᠳᠤᠷ᠎ᠠ ᠪᠠᠬ᠎ᠠ᠎ᠨᠢ ᠲᠡᠭᠦᠨ᠎ᠤ ᠢᠷᠡᠭᠡᠳᠦᠶ᠎ᠶ᠋ᠢᠨ ᠠᠮᠢᠳᠤᠷᠠᠯ᠎ᠳᠤ ᠪᠡᠯᠡᠳᠭᠡᠯ ᠪᠣᠯᠬᠤ ᠦᠢᠯᠡᠳᠦᠯ᠎ᠲᠠᠢ᠃ ᠵᠢᠱ᠌ᠢᠶᠡᠯᠡᠪᠡᠯ᠂ ᠠᠢᠠᠰᠲ᠋ᠧᠨ ᠳᠥᠷᠪᠡ ᠲᠠᠪᠤᠨ ᠨᠠᠰᠤᠲᠠᠶ ᠪᠠᠢᠬᠤ᠎ᠳᠤ ᠠᠪᠤ᠎ᠨᠢ ᠲᠡᠭᠦᠨ᠎ᠳᠤ ᠵᠦᠭ᠌ᠯᠡᠬᠦᠷ᠎ᠢ ᠦᠵᠡᠭᠦᠯᠵᠡᠶ᠃ ᠡᠨᠡ ᠵᠦᠭ᠌ᠯᠡᠭᠦᠷ ᠲᠡᠭᠦᠨ᠎ᠳᠤ ᠲᠤᠢᠯ᠎ᠤᠨ ᠰᠣᠨᠢᠨ ᠰᠠᠢᠬᠠᠨ ᠰᠠᠨᠠᠭ᠍ᠳᠠᠵᠤ᠂ ᠲᠣᠭ᠍ᠲᠠᠩᠭᠤᠶ ᠬᠡᠯᠪᠡᠷᠢ᠎ᠪᠠᠷ ᠬᠡᠯᠪᠡᠯᠵᠡᠳᠡᠭ᠎ᠤᠨ ᠴᠠᠭᠠᠨ᠎ᠠ᠎ᠨᠢ ᠯᠠᠪ ᠶᠠᠮᠠᠷ ᠨᠢᠭᠡᠨ ᠵᠦᠢᠯ᠎ᠤᠨ ᠴᠢᠬᠤᠯᠠ ᠨᠢᠭᠤᠴᠠ ᠨᠢᠭᠤᠭᠳᠠᠵᠤ ᠪᠠᠢᠨ᠎ᠠ ᠭᠡᠵᠦ᠍ ᠪᠣᠳᠣᠵᠠᠢ᠃ ᠬᠤᠵᠢᠮ᠎ᠨᠢ ᠬᠠᠷᠢᠴᠠᠩᠭᠤᠶ ᠣᠨᠣᠯ ᠢ᠋ ᠳᠤᠷᠠᠳᠤᠨ ᠭᠠᠷᠭᠠᠭ᠍ᠰᠠᠨ ᠶᠠᠪᠤᠳᠠᠯ᠎ᠨᠢ ᠲᠡᠭᠦᠨ᠎ᠤ ᠣᠷᠣᠨ ᠵᠠᠶ ᠴᠠᠭ᠎ᠤᠨ ᠲᠤᠬᠠᠢ ᠰᠣᠨᠢᠭᠤᠴᠢ ᠵᠠᠩ ᠪᠠ ᠳᠤᠷ᠎ᠠ ᠪᠠᠬ᠎ᠠ᠎ᠲᠠᠢ᠎ᠨᠢ ᠰᠠᠯᠤᠰᠢ ᠦᠭᠡᠢ ᠬᠤᠯᠪᠣᠭ᠎ᠠ᠎ᠲᠠᠢ ᠶᠤᠮ᠃ ᠬᠡᠦᠬᠡᠳ᠎ᠤᠨ ᠴᠡᠴᠡᠷᠯᠢᠭ᠎ᠤᠨ ᠵᠠᠷᠢᠮ ᠬᠡᠦᠬᠡᠳ ᠮᠠᠱᠢᠨ ᠲᠡᠷᠭᠡ ᠪᠤᠶᠤ ᠲᠷᠡᠺᠲ᠋ᠤᠷ ᠨᠠᠭᠠᠳᠬᠤ ᠳᠤᠷᠠᠳᠠᠢ ᠪᠠᠢᠳᠠᠭ ᠵᠢᠡᠷ ᠳᠤᠷ᠎ᠠ ᠪᠠᠬ᠎ᠠ᠎ᠨᠢ ᠲᠡᠭᠦᠨ᠎ᠤ ᠦᠬᠡᠯᠡᠢ ᠪᠣᠯᠤᠭ᠍ᠰᠠᠨ᠎ᠤ ᠰᠡᠭᠦᠯᠡᠷᠬᠢ ᠹᠢᠽᠢᠺ᠎ᠤᠨ ᠤᠬᠠᠭᠠᠨ᠎ᠢ ᠰᠤᠷᠤᠯᠴᠠᠬᠤ ᠪᠠ ᠰᠤᠳᠤᠯᠬᠤ᠎ᠳᠤ ᠳᠤᠷ᠎ᠠ ᠪᠠᠬ᠎ᠠ ᠡᠴᠨ ᠪᠤᠯᠵᠤ ᠬᠦᠳᠦᠯᠦᠭᠳᠡᠬᠦ ᠪᠣᠯᠤᠯᠴᠠᠭ᠎ᠠ᠎ᠲᠠᠢ ᠭᠡᠭ᠌ᠴᠢ᠎ᠶ᠋ᠢ ᠵᠠᠷᠢᠮ ᠪᠠᠭ᠍ᠰᠢ ᠣᠯᠵᠤ ᠮᠡᠳᠡᠪᠡ᠃

ᠳᠤᠷ᠎ᠠ ᠪᠠᠬ᠎ᠠ ᠪᠤᠯ ᠰᠤᠷᠤᠭ᠍ᠴᠢᠳ᠎ᠤᠨ ᠰᠤᠷᠤᠯᠴᠠᠯᠭ᠎ᠠ ᠬᠢᠭᠡᠳ ᠠᠵᠢᠯ᠎ᠢ ᠠᠬᠢᠭᠤᠯᠬᠤ ᠳᠣᠲᠣᠭᠠᠳᠤ ᠲᠦᠯᠬᠢᠴᠡ ᠬᠦᠴᠦᠨ ᠵᠦᠢᠯ ᠮᠥᠨ᠃ ᠰᠤᠷᠤᠭ᠍ᠴᠢᠳ᠎ᠤᠨ ᠴᠢᠳᠠᠪᠤᠷᠢᠲᠠᠨ ᠪᠣᠯᠬᠤ᠎ᠶ᠋ᠢᠨ ᠬᠠᠮᠤᠭ᠎ᠤᠨ ᠠᠩᠬᠠᠨ᠎ᠤ ᠡᠬᠢᠯᠡᠯᠲᠡ ᠨᠢ ᠲᠠᠷᠤᠢ ᠲᠡᠷᠡ ᠶᠤᠮ᠃ ᠰᠣᠨᠢᠭᠤᠴᠢ ᠰᠠᠢᠬᠠᠨ ᠳᠤᠷ᠎ᠠ ᠪᠠᠬ᠎ᠠ᠎ᠨᠢ ᠰᠤᠷᠤᠭ᠍ᠴᠢᠳ᠎ᠢ ᠣᠯᠠᠨ ᠵᠦᠢᠯ᠎ᠤᠨ ᠬᠡᠷᠡᠭ ᠶᠠᠪᠤᠳᠠᠯ᠎ᠲᠠᠢ ᠬᠠᠪᠢᠳᠠᠭᠤᠯᠵᠤ ᠥᠷᠭᠡᠨ ᠳᠡᠯᠭᠡᠷ ᠮᠡᠳᠡᠯᠭᠡ᠎ᠶ᠋ᠢ ᠣᠯᠭᠤᠨ᠂ ᠰᠤᠷᠤᠭ᠍ᠴᠢᠳ᠎ᠤᠨ ᠣᠶᠤᠨ ᠤᠬᠠᠭᠠᠨ ᠪᠠ ᠴᠢᠳᠠᠪᠤᠷᠢ᠎ᠶ᠋ᠢ ᠣᠯᠠᠨ ᠲᠠᠯ᠎ᠠ᠎ᠪᠠᠷ ᠬᠥᠭ᠌ᠵᠢᠭᠦᠯᠵᠦ᠍᠂ ᠴᠢᠳᠠᠪᠤᠷᠢᠲᠠᠨ ᠪᠣᠯᠬᠤ᠎ᠳᠤᠨᠢ ᠠᠱᠢᠭ᠍ᠲᠠᠶ ᠰᠠᠢᠨ ᠨᠥᠬᠦᠴᠡᠯ ᠪᠣᠯᠤᠯᠴᠠᠭ᠎ᠠ᠎ᠶ᠋ᠢ ᠪᠦᠷᠢᠯᠳᠦᠭᠦᠯᠵᠦ᠍ ᠥᠭ᠌ᠳᠡᠭ᠃ ᠨᠢᠭᠡ ᠬᠥᠮᠦᠨ ᠶᠠᠮᠠᠷ ᠨᠢᠭᠡ ᠵᠦᠢᠯ᠎ᠤᠨ ᠱᠢᠨᠵᠢᠯᠡᠬᠦ᠌ ᠤᠬᠠᠭᠠᠨ᠎ᠳᠤ ᠳᠤᠷ᠎ᠠ ᠪᠠᠭ᠍ᠠᠲᠠᠶ ᠪᠣᠯᠪᠠᠯ ᠲᠡᠬᠦᠨ᠎ᠢ ᠰᠤᠷᠴᠤ᠌ ᠮᠡᠳᠡᠬᠦ᠌ ᠲᠤᠯᠭᠠᠮ ᠬᠦᠰᠡᠯ᠎ᠲᠠᠢ ᠪᠣᠯᠵᠤ᠂ ᠱᠢᠨᠲᠠᠷᠠᠯ ᠦᠭᠡᠢ ᠱᠢᠮᠳᠠᠨ ᠰᠤᠷᠤᠯᠴᠠᠳᠠᠭ᠃ ᠡᠷᠲᠠᠡ ᠡᠳᠦᠬᠡ ᠡᠴᠨ ᠲᠡᠦᠬᠡᠨ ᠳᠡᠭᠡᠷᠡᠬᠢ ᠮᠠᠰᠢ ᠣᠯᠠᠨ ᠱᠢᠯᠭᠠᠷᠠᠭ᠍ᠰᠠᠨ ᠬᠥᠮᠦᠰ ᠴᠢᠳᠠᠪᠤᠷᠢᠲᠠᠨ ᠪᠣᠯᠤᠭ᠍ᠰᠠᠨ᠎ᠤ ᠨᠢᠭᠤᠴᠠ ᠪᠤᠯᠤᠨ ᠬᠥᠳᠡᠯᠭᠡᠬᠦ᠌ ᠬᠦᠴᠦᠨ ᠭᠡᠪᠡᠯ ᠲᠡᠳᠡᠨ᠎ᠤ ᠠᠪᠢᠶᠠᠰ ᠪᠢᠯᠢᠭ᠎ᠨᠢ ᠬᠠᠷᠢᠨ ᠳᠤᠷ᠎ᠠ ᠪᠠᠬ᠎ᠠ᠎ᠠᠴᠠ᠎ᠨᠢ ᠪᠣᠯᠤᠭ᠍ᠰᠠᠨ ᠶᠤᠮ᠃ ᠱᠢᠯᠭᠠᠷᠠᠭ᠍ᠰᠠᠨ ᠠᠮᠢᠳᠤ ᠪᠣᠳᠠᠰ᠎ᠤᠨ ᠡᠷᠳᠡᠮᠲᠡᠨ ᠳ᠋ᠠᠷᠸᠢᠨ ᠥᠪᠡᠷ᠎ᠤᠨ ᠨᠠᠮᠲᠠᠷ᠎ᠲᠠᠭᠠᠨ᠂ ᠮᠢᠨᠤ ᠴᠡᠭᠡᠵᠢᠯᠡᠵᠦ᠍ ᠪᠠᠢᠬᠤ᠎ᠪᠠᠷ ᠰᠤᠷᠭᠠᠭᠤᠯᠢ᠎ᠳᠤ ᠪᠠᠢᠭ᠍ᠰᠠᠨ ᠦᠶ᠎ᠡ᠎ᠶ᠋ᠢᠨ ᠵᠠᠩ ᠴᠢᠨᠠᠷ ᠬᠤᠵᠢᠮ᠎ᠤᠨ ᠠᠵᠢᠯ ᠠᠮᠢᠳᠤᠷᠠᠯ᠎ᠳᠤ ᠮᠢᠨᠢ ᠦᠵᠡᠬᠦᠯᠦᠭᠰᠡᠡ ᠨᠥᠯᠥᠭᠡ ᠭᠡᠪᠡᠯ᠂ ᠨᠠᠳᠠᠳᠤ ᠣᠯᠠᠨ ᠳᠤᠷ᠎ᠠ ᠪᠠᠬ᠎ᠠ᠎ᠲᠠᠢ ᠵᠤᠢᠯ ᠪᠠᠢᠭ᠍ᠰᠠᠨ ᠪᠥᠭᠡᠳ ᠥᠪᠡᠷ᠎ᠤᠨ ᠪᠠᠭ᠍ᠠᠲᠠᠶ ᠵᠦᠢᠯ᠎ᠳᠤ ᠦᠬᠦᠨ ᠱᠢᠨᠤᠵᠤ ᠪᠤᠳᠤᠯᠢᠶᠠᠨᠲᠤ ᠠᠰᠠᠭᠤᠳᠠᠯ ᠪᠠ ᠬᠡᠷᠡᠭ ᠪᠣᠳᠠᠰ ᠪᠦᠬᠦᠨ᠎ᠢ ᠭᠦᠨᠵᠡᠭᠡᠶ ᠤᠢᠯᠠᠭᠠᠬᠤ᠎ᠪᠠᠷ ᠬᠥᠭᠡᠭᠡᠴᠡᠯᠳᠦᠵᠦ᠍ ᠪᠠᠢᠭ᠍ᠰᠠᠨ ᠶᠠᠪᠤᠳᠠᠯ ᠪᠢᠯᠡ ᠭᠡᠵᠦ᠍ ᠬᠡᠯᠡᠭ᠌ᠰᠡᠨ ᠶᠤᠮ᠃ ᠳᠤᠷ᠎ᠠ ᠪᠠᠬ᠎ᠠ᠎ᠨᠢ ᠨᠢᠭᠡ ᠬᠥᠮᠦᠨ᠎ᠤ ᠴᠢᠳᠠᠪᠤᠷᠢᠲᠠᠨ ᠪᠣᠯᠵᠤ ᠬᠥᠮᠦᠵᠢᠭ᠌ᠳᠡᠬᠦ᠌᠎ᠳᠤ ᠲᠤᠩ ᠶᠡᠭᠡ ᠴᠢᠬᠤᠯᠠ ᠨᠥᠯᠥᠭᠡ᠎ᠲᠠᠢ ᠪᠠᠢᠳᠠᠭ ᠭᠡᠰᠡᠨ᠎ᠢ ᠪᠢᠳᠡ ᠡᠭᠦᠨ᠎ᠠᠴᠠ ᠮᠡᠳᠡᠵᠦ᠍ ᠪᠣᠯᠤᠨ᠎ᠠ᠃

ᠥᠷᠭᠡᠨ ᠳᠡᠯᠭᠡᠷ ᠤᠯᠠᠨ ᠲᠠᠯ᠎ᠠ᠎ᠶ᠋ᠢᠨ ᠳᠤᠷ᠎ᠠ ᠰᠣᠨᠢᠷᠬᠠᠯ᠎ᠨᠢ ᠱᠢᠯᠢᠳᠡᠭ ᠰᠠᠢᠬᠠᠨ ᠵᠠᠩ ᠴᠢᠨᠠᠷ ᠢ᠋ ᠬᠥᠮᠦᠵᠢᠭᠦᠯᠬᠦ᠌ ᠪᠠ ᠵᠠᠩ ᠠᠭᠠᠯᠢ᠎ᠶ᠋ᠢ ᠳᠠᠪᠲᠠᠨ ᠪᠣᠯᠪᠠᠰᠤᠷᠠᠭᠤᠯᠬᠤ᠎ᠳᠤ ᠴᠤ᠌ ᠮᠠᠰᠢ ᠶᠡᠭᠡ ᠴᠢᠬᠤᠯᠠ ᠠᠴᠢ ᠬᠤᠯᠪᠣᠭ᠍ᠳᠠᠯ᠎ᠲᠠᠢ ᠶᠤᠮ᠃ ᠥᠷᠭᠡᠨ ᠳᠡᠯᠭᠡᠷ ᠳᠤᠷ᠎ᠠ ᠰᠣᠨᠢᠷᠬᠠᠯ᠂ ᠡᠷᠡᠭᠦᠯ ᠴᠢᠭᠢᠷᠠᠭ ᠳᠤᠷ᠎ᠠ ᠰᠣᠨᠢᠷᠬᠠᠯ᠎ᠨᠢ ᠰᠤᠷᠤᠭ᠍ᠴᠢᠳ᠎ᠤᠨ ᠣᠶᠣᠨ᠎ᠤ ᠠᠮᠢᠳᠤᠷᠠᠯ᠎ᠢ ᠲᠡᠭᠦᠯᠳᠡᠷᠵᠢᠭᠦᠯᠦᠨ ᠪᠠᠶᠠᠯᠢᠭ᠍ᠵᠢᠭᠤᠯᠵᠤ᠂ ᠡᠷᠬᠢᠮ ᠲᠡᠭᠡᠳᠤ ᠶᠣᠰᠣ ᠰᠤᠷᠲᠠᠬᠤᠨ ᠬᠢᠭᠡᠳ ᠰᠠᠢᠨ ᠰᠠᠢᠬᠠᠨ ᠣᠶᠤᠨ ᠰᠠᠨᠠᠭᠠᠨ᠎ᠤ ᠬᠥᠮᠦᠵᠢᠯ ᠬᠦᠷᠲᠡᠬᠦ᠌᠎ᠳᠤ ᠱᠢᠮ᠎ᠡ ᠲᠡᠵᠢᠭᠡᠯ ᠣᠯᠭᠤᠳᠠᠭ᠂ ᠡᠭᠦᠨ᠎ᠤ ᠡᠰᠡᠷᠭᠦ᠎ᠪᠠᠷ ᠶᠠᠭᠤᠨ᠎ᠳᠤ ᠴᠤ᠌ ᠳᠤᠷ᠎ᠠ ᠰᠣᠨᠢᠷᠬᠠᠯ ᠦᠭᠡᠢ ᠪᠤᠶᠤ ᠠᠯᠢ ᠡᠰᠡᠬᠦᠯ᠎ᠡ ᠳᠤᠷ᠎ᠠ ᠰᠣᠨᠢᠷᠬᠠᠯ᠎ᠤᠨ ᠬᠡᠪᠴᠢᠶ᠎ᠡ᠎ᠪᠠᠷ ᠮᠠᠰᠢ ᠢᠪᠴᠤᠤ ᠰᠤᠷᠤᠭ᠍ᠴᠢ ᠬᠡᠵᠢᠶᠡᠳᠡ ᠰᠣᠨᠣᠰᠤᠭ᠍ᠰᠠᠨ ᠦᠵᠡᠭ᠌ᠰᠡᠨ ᠵᠦᠢᠯ᠎ᠤᠳ᠎ᠢᠶᠠᠨ ᠲᠣᠭ᠍ᠲᠠᠭᠠᠬᠤ ᠪᠡᠷ ᠠᠨᠠᠢᠬᠠᠨ ᠪᠠᠢᠵᠤ᠂ ᠠᠮᠢᠳᠤᠷᠠᠯ ᠪᠠ ᠰᠤᠷᠤᠯᠴᠠᠯᠭ᠎ᠠ᠎ᠶ᠋ᠢᠨ ᠳᠤᠬᠠᠢ ᠤᠢᠯᠠᠭᠠᠯᠳᠠ ᠴᠤᠯᠭᠤᠶ ᠮᠦᠷᠳᠡᠬᠡᠨ ᠳᠤᠲᠠᠮᠠᠭ ᠪᠠᠢᠳᠠᠭ ᠃ ᠡᠨᠡ᠎ᠨᠢ ᠵᠠᠩ ᠴᠢᠨᠠᠷ᠂ ᠡᠷᠡᠭᠦᠯ ᠴᠢᠭᠢᠷᠠᠭ᠎ᠤᠨ ᠬᠦᠭ᠌ᠵᠢᠯᠳᠡ᠎ᠳᠤ ᠲᠤᠩ ᠶᠡᠭᠡ ᠠᠱᠢᠭ ᠦᠭᠡᠢ᠎ᠪᠠᠷ ᠪᠠᠷᠠᠬᠤ ᠦᠭᠡᠢ ᠪᠡᠶ᠎ᠡ ᠰᠡᠳᠭᠢᠴᠡ᠎ᠶ᠋ᠢᠨ ᠡᠷᠡᠭᠦᠯ ᠴᠢᠬᠢᠷᠠᠭ᠂ ᠨᠡᠢᠬᠡᠮ᠎ᠤᠨ ᠬᠥᠭ᠌ᠵᠢᠯᠲᠡ᠎ᠳᠤ ᠴᠤ᠌ ᠮᠠᠰᠢ ᠶᠡᠭᠡ ᠠᠱᠢᠭ ᠦᠭᠡᠢ ᠶᠤᠮ᠃

ᠳᠤᠷ᠎ᠠ ᠪᠠᠬ᠎ᠠ ᠭᠡᠭ᠌ᠴᠢ ᠬᠤᠪᠢ ᠬᠥᠮᠦᠨ᠎ᠤ ᠠᠮᠵᠢᠯᠲᠠ ᠪᠦᠲᠦᠭᠡᠯ᠂ ᠣᠶᠤᠨ ᠤᠬᠠᠭᠠᠨ᠂ ᠠᠵᠤ ᠠᠮᠢᠳᠤᠷᠠᠯ᠂ ᠪᠡᠶ᠎ᠡ ᠰᠡᠳᠭᠢᠴᠡ᠎ᠶ᠋ᠢᠨ ᠡᠷᠡᠭᠦᠯ ᠴᠢᠭᠢᠷᠠᠭ᠎ᠲᠠᠢ ᠲᠤᠢᠯ᠎ᠤᠨ ᠶᠡᠭᠡ ᠨᠢᠭ᠍ᠲᠠ ᠬᠠᠷᠢᠴᠠᠭ᠎ᠠ᠎ᠲᠠᠢ ᠭᠡᠰᠡᠨ᠎ᠢ ᠪᠢᠳᠡ ᠡᠭᠦᠨ᠎ᠠᠴᠠ ᠲᠣᠳᠣᠷᠬᠠᠶ ᠮᠡᠳᠡᠵᠦ᠍ ᠪᠣᠯᠤᠨ᠎ᠠ᠃ ᠡᠢᠮᠦ᠍᠎ᠠᠴᠠ ᠪᠢᠴᠢᠬᠠᠨ ᠰᠤᠷᠤᠭ᠍ᠴᠢᠳ ᠪᠠ ᠵᠠᠯᠠᠭᠤ ᠪᠠᠭᠠᠴᠤᠳ᠎ᠢ ᠬᠠᠷᠠᠬᠠᠨ ᠪᠠᠭ᠎ᠠ᠎ᠠᠴᠠ᠎ᠨᠢ ᠰᠤᠷᠤᠯᠴᠠᠯᠭ᠎ᠠ ᠠᠮᠢᠳᠤᠷᠠᠯ᠎ᠤᠨ ᠦᠢᠯᠡᠳᠦᠯᠭᠡ᠎ᠶ᠋ᠢᠨ ᠳᠤᠮᠳᠠ ᠣᠯᠠᠨ ᠲᠠᠯ᠎ᠠ᠎ᠶ᠋ᠢᠨ ᠳᠤᠷ᠎ᠠ ᠪᠠᠬ᠎ᠠ᠎ᠲᠠᠢ ᠪᠣᠯᠭᠠᠨ ᠬᠥᠮᠦᠵᠢᠭᠦᠯᠪᠡᠯ ᠵᠣᠬᠢᠨ᠎ᠠ᠃

ᠨᠢᠭᠡ ᠬᠥᠮᠦᠨ ᠣᠯᠠᠨ ᠲᠠᠯ᠎ᠠ᠎ᠶ᠋ᠢᠨ ᠳᠤᠷ᠎ᠠ ᠪᠠᠬ᠎ᠠ᠎ᠲᠠᠢ ᠪᠣᠯᠪᠠᠴᠤ᠌ ᠠᠯᠢ ᠠᠯᠢᠨ᠎ᠳᠤᠨᠢ ᠴᠤ᠌ ᠱᠢᠮᠳᠠᠬᠤ ᠦᠭᠡᠢ᠂ ᠭᠤᠤᠯ ᠪᠣᠯᠬᠤ ᠳᠤᠷ᠎ᠠ ᠪᠠᠬ᠎ᠠ ᠭᠡᠵᠦ᠍ ᠦᠭᠡᠢ ᠪᠣᠯᠪᠠᠯ ᠬᠡᠯᠡᠯᠭᠡᠨ ᠦᠭᠡᠢ ᠶᠠᠮᠠᠷ ᠴᠤ᠌ ᠪᠦᠲᠦᠮᠵᠢ ᠦᠭᠡᠢ ᠪᠣᠯᠬᠤ᠎ᠨᠢ ᠶᠠᠷᠢᠶᠠᠨ ᠦᠭᠡᠢ᠃ ᠳᠤᠷ᠎ᠠ ᠪᠠᠬ᠎ᠠ᠎ᠨᠢ ᠡᠷᠬᠡᠪᠰᠢ ᠭᠤᠣᠯ ᠪᠣᠯᠬᠤ ᠳᠤᠷ᠎ᠠ ᠪᠠᠬ᠎ᠠ᠎ᠲᠠᠢ ᠣᠷᠭᠠᠨᠢᠭ᠎ᠢᠶᠠᠷ ᠤᠶᠠᠯᠳᠤᠮᠠᠨᠵᠢᠨ ᠰᠠᠶᠢ ᠦᠷᠬᠡᠨ ᠳᠡᠯᠭᠡᠷ ᠮᠥᠷᠲᠡᠭᠡᠨ ᠬᠦᠨ ᠬᠦᠨᠵᠡᠭᠡᠢ ᠰᠤᠳᠤᠯᠭᠠᠨ᠎ᠳᠤ ᠤᠢᠯᠠᠳᠤᠯ ᠦᠵᠡᠬᠦᠯᠵᠤ ᠴᠢᠳᠠᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面