2026-10-09 10:37:37
《ᠬᠦᠮᠦᠨ ᠪᠤᠯᠬᠤ ᠪᠠᠭ᠎ᠠ ᠠ᠋ᠴᠠ ᠪᠡᠨ ᠬᠦᠯᠦᠭ ᠪᠤᠯᠬᠤ ᠤᠨᠠᠭᠠᠨ ᠠ᠋ᠴᠠ ᠪᠡᠨ》 ᠭᠡᠳᠡᠭᠴᠢᠯᠡᠨ ᠮᠠᠨᠤ ᠬᠢᠨ ᠬᠡᠤᠬᠡᠳ ᠪᠠᠭᠠᠴᠤᠳ ᠵᠢᠡᠨ ᠪᠠᠭ᠎ᠠ ᠠ᠋ᠴᠠ ᠨᠢ ᠮᠤᠷᠠᠯ ᠰᠤᠷᠳᠠᠯ ᠲᠠᠢ᠂ ᠲᠠᠷᠤᠤ ᠨᠤᠮᠤᠬᠠᠨ᠂ ᠠᠷᠪᠢᠴᠢ ᠭᠠᠮᠴᠢ ᠵᠠᠩ ᠲᠠᠢ ᠁ ᠰᠠᠢᠨ ᠰᠠᠢᠬᠠᠨ ᠬᠦᠮᠦᠨ ᠪᠤᠯᠭᠠᠨ ᠬᠦᠮᠦᠵᠢᠬᠦᠯᠬᠦ ᠶ᠋ᠢ ᠪᠠᠷᠢᠮᠳᠠᠯᠠᠭᠰᠠᠭᠠᠷ ᠦᠨᠦ ᠪᠤᠯᠵᠦ ᠪᠠᠢᠭ᠎ᠠ ᠪᠢᠯᠡ᠃ ᠬᠠᠷᠢᠨ ᠬᠡᠵᠢᠶ᠎ᠠ ᠠ᠋ᠴᠠ ᠴᠤ᠌ ᠶᠤᠮ ᠪᠤᠤ ᠮᠡᠳᠡ᠂ ᠵᠠᠯᠠᠭᠤᠴᠤᠳ ᠪᠠᠭᠠᠴᠤᠳ ᠤ᠋ᠨ ᠲᠤᠮᠳᠠ ᠡᠮᠣᠰᠭᠡᠯ ᠵᠡᠬᠦᠰᠭᠡᠯ᠂ ᠡᠳ᠋ ᠪᠤᠳᠠᠰ ᠤ᠋ᠨ ᠠᠳᠠᠯᠢᠳᠬᠠᠯ ᠢᠯᠡᠷᠬᠡᠢ ᠤᠷᠤᠰᠢᠬᠤ ᠪᠤᠯᠵᠦ᠂ 《ᠨᠡᠷᠡᠲᠤ ᠲᠡᠮᠳᠡᠭ》᠂ 《ᠦᠨ᠎ᠡ ᠬᠠᠩᠰᠢ》 ᠵᠢᠨ ᠲᠠᠯ᠎ᠠ ᠪᠡᠷ ᠨᠢᠭᠡ ᠨᠢᠭᠡ ᠲᠠᠢ ᠪᠡᠨ ᠠᠳᠠᠯᠢᠳᠬᠠᠨ ᠠᠳᠠᠭᠠᠷᠬᠠᠵᠦ᠂ 《ᠲᠡᠬᠦᠨ ᠳ᠋ᠤ᠌ ᠪᠠᠢᠳᠠᠭ ᠶᠠᠭᠤᠮ᠎ᠠ ᠨᠠᠳᠠᠳᠤ ᠴᠤ᠌ ᠪᠠᠢᠬᠤ ᠶᠤᠰᠤᠲᠠᠢ》 ᠬᠡᠬᠦ ᠦᠵᠡᠯᠲᠠ ᠨᠠᠢᠳᠠᠮ ᠤᠷᠤᠰᠢᠬᠤ ᠪᠤᠯᠵᠦ᠂ ᠭᠡᠷ ᠤ᠋ᠨ ᠠᠬᠠᠮᠠᠳ ᠨᠠᠷ ᠴᠤ᠌ ᠠᠶ᠎ᠠ ᠵᠢ ᠨᠢ ᠲᠠᠭᠠᠵᠦ ᠠᠪᠴᠦ ᠦᠭᠳᠡᠭ ᠪᠤᠯᠤᠭᠰᠠᠨ ᠪᠠᠢᠯ᠎ᠠ᠃ ᠡᠢᠨ ᠬᠦ᠌ ᠭᠡᠷ ᠤ᠋ᠨ ᠠᠬᠠᠮᠠᠳ ᠠ᠋ᠴᠠ ᠠᠪᠤᠭᠠᠳ ᠪᠠᠭᠠᠴᠤᠳ ᠬᠦᠷᠳᠡᠯ᠎ᠡ ᠦᠷᠳᠡᠭ ᠤ᠋ᠨ ᠦᠵᠡᠯᠲᠠ ᠨᠢ ᠬᠡᠯᠪᠡᠢᠵᠦ᠂ ᠡᠳᠡᠭᠡᠷ ᠡᠳ᠋ ᠪᠤᠳᠠᠰ ᠤ᠋ᠨ ᠴᠢᠨᠠᠷᠳᠠᠢ ᠡᠳᠤᠷ ᠲᠤᠳᠤᠮ ᠤ᠋ᠨ ᠡᠮᠤᠰᠭᠡᠯ ᠵᠡᠬᠦᠰᠭᠡᠯ ᠪᠤᠶᠤ ᠬᠡᠷᠡᠭᠯᠡᠭᠡᠨ ᠤ᠋ ᠵᠤᠢᠯᠡᠰ ᠨᠢ ᠡᠷᠬᠡᠪᠰᠢ ᠪᠠᠢᠬᠤ ᠯᠡ ᠶᠤᠰᠤᠲᠠᠢ ᠵᠤᠢᠯ᠂ ᠬᠡᠨ ᠨᠢᠭᠡᠨ ᠳ᠋ᠤᠨᠢ ᠲᠤᠳᠠᠪᠠᠯ ᠪᠤᠰᠤᠳ ᠲᠤ᠌ ᠭᠠᠳᠠᠭᠤᠷᠴᠢᠯᠠᠭᠳᠠᠵᠦ᠂ ᠤᠯᠠᠩᠬᠢ ᠲᠠᠢ ᠨᠡᠢᠯᠡᠬᠦ ᠦᠬᠡᠢ ᠭᠡᠵᠦ ᠶᠠᠷᠢᠭ᠍ᠳᠠᠨᠠ ᠭᠡᠵᠦ ᠦᠵᠡᠬᠦ ᠪᠤᠯᠵᠡᠢ᠃
《ᠮᠢᠨᠦ ᠨᠢᠭᠡ ᠬᠠᠮᠲᠤ ᠰᠤᠷᠤᠭ᠍ᠴᠢ ᠲᠠᠪᠤᠨ ᠵᠠᠭᠤᠨ ᠲᠦᠭᠦᠷᠢᠭ ᠤ᠋ᠨ ᠦᠳᠦᠨ ᠪᠦᠮᠪᠦᠭᠡᠨ ᠤ᠋ ᠫᠠᠢᠰᠠ ᠬᠡᠷᠡᠭᠯᠡᠵᠤ ᠪᠠᠢᠨ᠎ᠠ᠂ ᠨᠦᠬᠦᠭᠡ ᠨᠢ ᠮᠢᠩᠭᠠᠭᠠᠳ ᠲᠦᠭᠦᠷᠢᠭ ᠤ᠋ᠨ nike ᠲᠡᠮᠳᠡᠭ ᠤ᠋ᠨ ᠱᠠᠬᠠᠢ ᠡᠮᠤᠰᠴᠦ ᠪᠠᠢᠨ᠎ᠠ》 ᠭᠡᠵᠦ ᠪᠠᠭ᠎ᠠ ᠰᠤᠷᠭᠠᠭᠤᠯᠢ ᠶ᠋ᠢᠨ ᠭᠤᠷᠪᠠᠳᠤᠭᠠᠷ ᠤᠨ ᠳ᠋ᠤ᠌ ᠰᠠᠭᠤᠵᠦ ᠪᠠᠢᠭ᠎ᠠ ᠠᠴᠢ ᠬᠦᠦ ᠶᠠᠷᠢᠭ᠍ᠰᠠᠨ ᠢ᠋ ᠰᠠᠨᠠᠵᠦ ᠪᠠᠢᠨ᠎ᠠ᠃ ᠲᠡᠬᠦᠨ ᠠ᠋ᠴᠠ ᠬᠠᠮᠲᠤ ᠰᠤᠷᠤᠯᠭᠠᠳᠠᠨ ᠤ᠋ ᠠᠪᠤ ᠡᠵᠢ ᠵᠢᠨ ᠬᠢᠨᠢ ᠡᠷᠬᠢᠯᠡᠵᠦ ᠪᠠᠢᠭ᠎ᠠ ᠠᠵᠢᠯ ᠲᠦᠷᠦᠯ ᠢ᠋ ᠠᠰᠠᠭᠤᠪᠠᠯ ᠪᠦᠷ ᠯᠡ ᠬᠦᠳᠡᠭᠡ ᠶ᠋ᠢᠨ ᠡᠭᠡᠯ ᠵᠢᠷ ᠤ᠋ᠨ ᠮᠠᠯᠴᠢᠨ ᠠᠢᠯ ᠪᠢᠰᠢ ᠪᠤᠯ ᠬᠤᠪᠢ ᠪᠠᠷ ᠵᠢᠡᠨ ᠬᠤᠷᠰᠢᠶ᠎ᠠ ᠲᠡᠯᠭᠡᠬᠦᠷ ᠡᠷᠬᠢᠯᠡᠵᠦ ᠪᠠᠢᠭ᠎ᠠ ᠬᠦᠮᠦᠰ ᠪᠠᠢᠯ᠎ᠠ᠃ ᠮᠠᠯ ᠤ᠋ᠨ ᠠᠰᠢᠭ᠋ ᠰᠢᠮ᠎ᠡ ᠦᠨ᠎ᠡ ᠳ᠋ᠤ᠌ ᠬᠦᠷᠬᠦ ᠪᠡᠨ ᠪᠤᠯᠢᠵᠦ᠂ ᠬᠤᠪᠢ ᠶ᠋ᠢᠨ ᠡᠵᠡᠩᠨᠡᠯᠲᠠ ᠮᠦᠩᠭᠦ ᠲᠦᠭᠦᠷᠢᠭ ᠤᠯᠬᠤ ᠳ᠋ᠤ᠌ ᠬᠦᠴᠢᠷ ᠪᠤᠯᠤᠭᠰᠠᠨ ᠡᠨᠡ ᠴᠠᠭ ᠲᠤ᠌ ᠠᠵᠦ ᠠᠮᠢᠳᠤᠷᠠᠯ ᠳ᠋ᠠᠭᠠᠨ ᠶᠡᠬᠡᠬᠡᠨ ᠬᠦᠴᠦ ᠤᠷᠤᠭᠤᠯᠤᠨ ᠴᠢᠷᠮᠠᠢᠵᠦ ᠪᠠᠢᠭ᠎ᠠ ᠡᠳᠡᠭᠡᠷ ᠬᠦᠮᠦᠰ ᠮᠠᠨᠢ ᠦᠷ᠎ᠠ ᠬᠡᠤᠬᠡᠳᠤᠨ ᠵᠢᠡᠨ ᠠᠳᠠᠭᠠᠷᠬᠠᠯ ᠠᠳᠠᠯᠢᠳᠬᠠᠯ ᠤ᠋ᠨ ᠰᠡᠳᠬᠢᠯᠭᠡ ᠶ᠋ᠢ ᠲᠠᠢᠳᠬᠤᠷᠠᠭᠤᠯᠬᠤ ᠭᠡᠮᠡᠨ ᠮᠦᠩᠭᠦ ᠲᠦᠭᠦᠷᠢᠭ ᠵᠢᠠᠨ ᠢᠩᠬᠢᠵᠦ ᠦᠷᠡᠵᠦ᠂ ᠬᠡᠤᠬᠡᠳ ᠵᠢᠡᠨ ᠪᠤᠷᠤᠭᠤ ᠪᠡᠷ ᠬᠠᠢᠷᠠᠯᠠᠨ ᠦᠮᠦᠭᠡᠷᠡᠵᠦ ᠪᠠᠢᠭ᠎ᠠ ᠵᠢ ᠰᠤᠨᠤᠰᠤᠭᠠᠳ ᠰᠡᠳᠬᠢᠯ ᠡᠮᠵᠡᠭᠯᠡᠵᠦ ᠪᠢᠯᠡ᠃ ᠠᠪᠤ ᠡᠵᠢ ᠪᠤᠯᠤᠭᠰᠠᠳ ᠦᠪᠡᠷ ᠤ᠋ᠨ ᠵᠢᠡᠨ ᠦᠷ᠎ᠠ ᠬᠡᠤᠬᠡᠳ ᠵᠢᠡᠨ ᠬᠡᠨ ᠠ᠋ᠴᠠ ᠴᠤ᠌ ᠲᠡᠭᠡᠭᠦᠷ ᠶᠠᠪᠤᠭᠤᠯᠬᠤ ᠭᠡᠵᠦ ᠰᠠᠨᠠᠳᠠᠭ ᠨᠢ ᠶᠠᠷᠢᠶᠠᠨ ᠦᠭᠡᠢ ᠵᠦᠪ ᠶᠠᠪᠤᠳᠠᠯ᠃ ᠭᠡᠬᠦ ᠳ᠋ᠤ᠌ ᠪᠡᠶ᠎ᠡ ᠳ᠋ᠡᠭᠡᠨ ᠲᠡᠩᠴᠡᠬᠦ ᠦᠬᠡᠢ ᠡᠳ᠋ ᠪᠤᠳᠠᠰ᠂ ᠶᠡᠬᠡ ᠬᠡᠮᠵᠢᠶᠠᠨ ᠤ᠋ ᠮᠦᠩᠭᠦ ᠲᠦᠭᠦᠷᠢᠭ ᠵᠢᠡᠷ ᠡᠳᠡᠭᠡᠷ ᠪᠤᠰᠤᠳ ᠲᠠᠢ ᠲᠠᠩᠴᠡᠬᠦ ᠪᠤᠶᠤ ᠪᠤᠰᠤᠳ ᠠ᠋ᠴᠠ ᠲᠡᠭᠡᠭᠦᠷ ᠶᠠᠪᠤᠵᠦ ᠪᠠᠢᠨ᠎ᠠ ᠭᠡᠳᠡᠭ ᠢ᠋ ᠬᠠᠷᠠᠭᠤᠯᠬᠤ ᠨᠢ ᠮᠠᠰᠢ ᠪᠤᠷᠤᠭᠤ ᠦᠵᠡᠯᠲᠠ ᠶᠤᠮ᠃ ᠬᠠᠷᠢᠨ ᠬᠡᠤᠬᠡᠳ ᠪᠠᠭᠠᠴᠤᠳ ᠵᠢᠡᠨ ᠡᠷᠳᠡᠮ ᠨᠤᠮ ᠳ᠋ᠤ᠌ ᠬᠢᠷᠢ ᠵᠡᠷᠭᠡ ᠰᠢᠮᠳᠠᠵᠦ ᠪᠠᠢᠨ᠎ᠠ᠂ ᠬᠦᠮᠦᠨ ᠪᠤᠯᠬᠤ ᠵᠢᠨ ᠤᠬᠠᠭᠠᠨ ᠢ᠋ ᠬᠡᠳᠤᠢ ᠤᠬᠠᠭᠠᠷᠠᠵᠦ ᠪᠠᠢᠨ᠎ᠠ ᠭᠡᠳᠡᠭ ᠲᠤ᠌ ᠬᠦᠴᠦ ᠪᠡᠨ ᠲᠠᠯᠪᠢᠵᠦ᠂ ᠲᠠᠷᠤᠤ ᠪᠤᠷᠤᠭᠵᠢᠭᠤᠨ ᠠᠭᠠᠯᠢ ᠵᠠᠩ ᠲᠠᠢ᠂ ᠦᠭᠡᠳᠡᠷᠭᠡᠭ ᠦᠵᠡᠯᠲᠠ ᠪᠤᠳᠤᠯ ᠲᠠᠢ ᠪᠠᠭᠠᠴᠤᠳ ᠢ᠋ ᠬᠦᠮᠦᠵᠢᠬᠦᠯᠬᠦ ᠭᠡᠵᠦ ᠴᠢᠷᠮᠠᠢᠬᠤ ᠨᠢ ᠵᠦᠪ ᠵᠤᠢᠯ ᠪᠠᠢᠬᠤ ᠶᠤᠰᠤᠲᠠᠢ᠃
ᠨᠡᠢᠭᠡᠮ ᠬᠦᠭᠵᠢᠵᠦ᠂ ᠠᠮᠢᠳᠤᠷᠠᠯ ᠤ᠋ᠨ ᠬᠢᠷᠢ ᠲᠦᠪᠰᠢᠨ ᠰᠠᠢᠵᠢᠷᠠᠯᠠ ᠴᠦ᠍ ᠭᠡᠰᠡᠨ ᠰᠠᠢᠨ ᠰᠠᠢᠬᠠᠨ ᠬᠡᠪ ᠰᠤᠷᠳᠠᠯ᠂ ᠲᠡᠭᠡᠳᠤᠰ ᠠ᠋ᠴᠠ ᠤᠯᠠᠮᠵᠢᠯᠠᠵᠦ ᠢᠷᠡᠭᠰᠡᠨ ᠭᠡᠷ ᠤ᠋ᠨ ᠬᠦᠮᠦᠵᠢᠯ ᠵᠢᠡᠨ ᠲᠠᠶᠠᠭᠳᠠᠵᠦ ᠪᠤᠯᠬᠤ ᠦᠬᠡᠢ᠃ ᠬᠦᠮᠦᠨ ᠪᠤᠯᠬᠤ ᠵᠢᠨ ᠰᠠᠭᠤᠷᠢ ᠨᠢ ᠡᠳ᠋ ᠪᠤᠳᠠᠰ ᠲᠤ᠌ ᠪᠠᠢᠭ᠎ᠠ ᠪᠢᠰᠢ ᠬᠠᠷᠢᠨ ᠡᠷᠳᠡᠮ ᠪᠤᠯᠪᠠᠰᠤᠷᠠᠯ ᠲᠠᠢ ᠪᠤᠯᠵᠦ ᠬᠦᠮᠦᠵᠢᠭᠳᠡᠬᠦ ᠳ᠋ᠤ᠌ ᠪᠤᠢ᠃ 《ᠮᠢᠨᠦ ᠬᠦᠦ ᠨᠤᠮ ᠰᠠᠢᠨ ᠤᠩᠰᠢᠳᠠᠭ》 ᠭᠡᠵᠦ ᠶᠠᠷᠢᠬᠤ ᠨᠢ 《ᠮᠢᠨᠦ ᠬᠦᠦ ᠦᠨ᠎ᠠ ᠲᠠᠢ ᠬᠤᠪᠴᠠᠰᠦ ᠡᠮᠤᠰᠴᠦ ᠰᠠᠢᠨ ᠢ᠋ ᠡᠳ᠋ᠯᠡᠳᠡᠭ》 ᠭᠡᠬᠦ ᠠ᠋ᠴᠠ ᠢᠯᠡᠬᠦᠦ ᠰᠤᠨᠤᠰᠬᠤᠯᠠᠩ ᠲᠠᠢ᠃ ᠶᠡᠷᠤ ᠨᠢ ᠠᠪᠤ ᠡᠵᠢ ᠵᠢᠨ ᠵᠢᠡᠨ ᠬᠦᠴᠦ ᠬᠦᠯᠦᠰᠦ ᠪᠡᠨ ᠤᠷᠤᠰᠬᠠᠵᠦ ᠤᠯᠤᠭᠰᠠᠨ ᠮᠦᠩᠭᠦ ᠲᠦᠭᠦᠷᠢᠭ ᠢ᠋ ᠬᠡᠤᠬᠡᠳ ᠨᠢ ᠬᠤᠪᠢᠶᠠᠷᠢᠯᠠᠵᠦ᠂ ᠨᠡᠷᠡᠯᠭᠡᠭ ᠰᠡᠳᠬᠢᠯᠭᠡ ᠪᠡᠨ ᠠᠷᠭᠠᠳᠠᠬᠤ ᠡᠷᠬᠡ ᠦᠬᠡᠢ᠃ ᠬᠠᠷᠢᠨ ᠠᠮᠢᠳᠤᠷᠠᠯ ᠤ᠋ᠨ ᠬᠠᠳᠠᠭᠤ ᠵᠤᠪᠠᠯᠠᠩ᠂ ᠮᠦᠩᠭᠦ ᠲᠦᠭᠦᠷᠢᠭ ᠤᠯᠬᠤ ᠵᠢᠨ ᠬᠦᠴᠢᠷ ᠪᠡᠷᠬᠡᠰᠢᠶᠡᠯ ᠢ᠋ ᠲᠡᠳᠡ ᠨᠡᠷ ᠲᠤ᠌ ᠪᠠᠭ᠎ᠠ ᠠ᠋ᠴᠠ ᠨᠢ ᠤᠢᠯᠠᠭᠠᠭᠤᠯᠵᠦ᠂ ᠪᠠᠢᠬᠤ ᠶᠠᠭᠤᠮ᠎ᠠ ᠪᠡᠨ ᠠᠷᠪᠢᠯᠠᠨ ᠬᠢᠮᠠᠭᠠᠳᠠᠵᠦ᠂ ᠪᠤᠰᠤᠳ ᠤ᠋ᠨ ᠬᠦᠳᠡᠯᠮᠤᠷᠢ ᠵᠢ ᠬᠠᠢᠷᠠᠯᠠᠬᠤ ᠦᠷᠳᠡᠭ ᠤ᠋ᠨ ᠦᠵᠡᠯᠲᠠ ᠶ᠋ᠢ ᠤᠯᠠᠮᠵᠢᠯᠠᠵᠦ ᠰᠤᠷᠭᠠᠬᠤ ᠬᠡᠷᠡᠭ᠌ᠲᠠᠢ ᠪᠠᠢᠨ᠎ᠠ᠃ ᠡᠬᠦᠨ ᠠ᠋ᠴᠠ ᠬᠤᠢᠰᠢ ᠮᠠᠨ ᠤ᠋ ᠵᠠᠯᠠᠭᠤᠴᠤᠳ ᠪᠠᠭᠠᠴᠤᠳ ᠡᠷᠳᠡᠮ ᠨᠤᠮ᠂ ᠬᠡᠪ ᠪᠤᠯᠪᠠᠰᠤᠷᠠᠯ ᠲᠠᠢ ᠬᠦᠮᠦᠨ ᠪᠤᠯᠤᠨ ᠬᠦᠮᠦᠵᠢᠭᠳᠡᠬᠦ ᠳ᠋ᠤ᠌ ᠢᠯᠡᠬᠦᠦ ᠰᠢᠮᠳᠠᠵᠦ᠂ ᠡᠵᠢ ᠠᠪᠤ ᠪᠤᠯᠤᠭᠰᠠᠳ ᠨᠢ ᠬᠡᠤᠬᠡᠳ ᠵᠢᠡᠨ ᠵᠦᠪ ᠦᠵᠡᠯᠲᠠ ᠪᠤᠳᠤᠯ ᠲᠠᠢ᠂ ᠦᠬᠡᠳᠡᠷᠬᠡᠭ ᠢᠳᠡᠪᠬᠢ ᠬᠦᠴᠤᠨ ᠲᠠᠢ ᠬᠦᠮᠦᠨ ᠪᠤᠯᠭᠠᠨ ᠬᠦᠮᠦᠵᠢᠬᠦᠯᠬᠦ ᠪᠡᠷ ᠢᠯᠡᠬᠦᠦ ᠬᠦᠴᠦ ᠲᠡᠯᠪᠢᠬᠤ ᠵᠢ ᠡ᠊ᠨᠳᠡ ᠤᠷᠢᠶᠠᠯᠠᠵᠦ ᠪᠠᠢᠨ᠎ᠠ᠃
ᠪᠠᠭᠠᠴᠤᠳ ᠪᠤᠯ ᠪᠢᠳᠠᠨ ᠤ᠋ ᠢᠷᠡᠭᠡᠳᠦᠢ᠂ ᠢᠷᠡᠭᠡᠳᠦᠢ ᠶᠠᠮᠠᠷ ᠪᠤᠯᠤᠨ᠎ᠠ ᠭᠡᠳᠡᠭ ᠲᠤ᠌ ᠦᠷᠭᠡᠨ ᠤᠯᠠᠨ ᠭᠡᠷ ᠤ᠋ᠨ ᠠᠬᠠᠮᠠᠳ ᠪᠠ ᠵᠠᠯᠠᠭᠤᠴᠤᠳ ᠪᠠᠭᠠᠴᠤᠳ ᠤ᠋ᠨ ᠬᠠᠮᠲᠤ ᠵᠢᠨ ᠴᠢᠷᠮᠠᠢᠯᠭ᠎ᠠ ᠬᠡᠷᠡᠭ᠌ᠲᠠᠢ᠃ ᠤᠶᠤᠨ ᠤ᠋ ᠰᠢᠮ᠎ᠠ ᠨᠢ ᠡᠳ᠋ ᠪᠤᠳᠠᠰ ᠤ᠋ᠨ ᠠᠪᠴᠢᠷᠠᠭᠰᠠᠨ ᠬᠡᠢ ᠬᠤᠭᠤᠰᠤᠨ ᠠᠳᠠᠭᠠᠷᠬᠠᠯ ᠠᠳᠠᠯᠢᠳᠬᠠᠯ ᠠ᠋ᠴᠠ ᠦᠨᠡᠲᠠᠢ ᠡᠷᠬᠢᠮ ᠭᠡᠳᠡᠭ ᠢ᠋ ᠤᠬᠠᠭᠠᠷᠠᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃