ᠲᠡᠷᠢᠭᠦᠨ ᠨᠢᠭᠤᠷ>ᠠᠮᠢᠳᠤᠷᠠᠯ ᠥᠷᠲᠡᠭᠡ>ᠶᠢᠰᠦᠨ ᠥᠩᠭᠡ

2026-10-30 14:50:19

ᠵᠣᠬᠢᠶᠠᠭ᠍ᠴᠢ᠄ ᠲᠠᠯᠠᠨᠪᠠᠶᠠᠷ ᠣᠩᠱᠢᠭ᠍ᠰᠠᠨ ᠣᠳᠠᠭ᠎ᠠ᠄ 3

ᠭᠡᠷ ᠪᠦᠯᠢ᠎ᠶᠢᠨ ᠠᠵᠤ ᠠᠬᠤᠢ᠎ᠶᠢᠨ ᠰᠠᠭᠤᠷᠢ ᠨᠦᠬᠥᠴᠡᠯ᠂ ᠤᠷᠤᠯᠭ᠎ᠠ ᠵᠠᠷᠤᠯᠭ᠎ᠠ᠎ᠶᠢᠨ᠎ᠢᠶᠠᠨ ᠬᠢᠷᠢ ᠬᠡᠮ᠎ᠢ ᠦᠵᠡᠵᠤ ᠠᠮᠢᠲᠤᠷᠠᠨ᠎ᠠ ᠭᠡᠲᠡᠭ ᠨᠢ ᠦᠨᠡᠨ᠎ᠳ᠋ᠡᠬᠡᠨ ᠶᠠᠮᠠᠷ ᠨᠢᠭᠡᠨ ᠬᠦᠮᠤᠨ᠎ᠳᠤ ᠠᠪᠴᠤ᠌ ᠬᠡᠯᠡᠭᠰᠡᠨ ᠴᠤ᠌ ᠪᠠᠶ᠋ᠢᠩᠭᠤ᠎ᠶᠢᠨ ᠴᠢᠨᠠᠷᠲᠠᠢ ᠪᠤᠲᠤᠯᠬᠢᠯᠡᠬᠤ ᠴᠢᠬᠤᠯᠠᠳᠠᠢ ᠠᠰᠠᠭᠤᠲᠠᠯ᠎ᠤᠨ ᠨᠢᠭᠡ ᠪᠤᠯᠤᠨ᠎ᠠ᠃ ᠭᠡᠬᠥ᠎ᠳᠦ ᠪᠤᠲᠠᠲᠤ᠌ ᠠᠮᠢᠲᠤᠷᠠᠯ᠎ᠳᠤ ᠴᠦᠭᠡᠨ ᠪᠤᠰᠤ ᠬᠦᠮᠤᠨ ᠨᠡᠭᠡᠷᠡᠨ ᠡᠨᠡ ᠦᠭᠡᠨ᠎ᠦ ᠤᠳᠬ᠎ᠠ ᠤᠴᠢᠷ᠎ᠲᠤ᠌ ᠦᠪᠡᠷ᠎ᠦᠨ ᠭᠡᠬᠥ᠌ ᠦᠵᠡᠯ ᠪᠣᠲᠤᠯ ᠲᠤᠳᠠᠮᠠᠭ ᠡᠴᠠ ᠪᠤᠯᠵᠤ᠂ ᠤᠲᠤᠬᠢ ᠨᠠᠢᠬᠡᠮ᠎ᠳᠤ 《ᠭᠡᠲᠤ᠌ ᠬᠡᠷᠡᠭᠯᠡᠭᠡ》 ᠵᠢᠨ ᠭᠡᠴᠡᠬᠥᠤ ᠵᠤᠪᠠᠯᠠᠩ᠎ᠳ᠋ᠤ ᠶᠠᠭᠠᠬᠢᠬᠤ᠎ᠶᠢᠨ ᠠᠷᠭ᠎ᠠ ᠦᠭᠡᠢ ᠠᠪᠳᠠᠵᠤ᠂  ᠡᠷᠤᠬᠡ ᠭᠡᠷ᠎ᠤᠨ᠎ᠢᠶᠠᠨ ᠠᠮᠢᠲᠤᠷᠠᠯ᠎ᠢ ᠬᠦᠷᠲᠡᠯ᠎ᠡ ᠦᠭᠡᠲᠡ ᠮᠦᠷ ᠦᠭᠡᠢ ᠪᠤᠯᠲᠠᠯ᠎ᠠ ᠪᠤᠰᠠᠨᠢᠭᠤᠯᠵᠤ ᠪᠠᠶ᠋ᠢᠬᠤ ᠦᠵᠡᠭᠲᠡᠯ ᠤᠯᠠᠨ ᠬᠠᠷᠠᠭᠳᠠᠬᠤ ᠪᠤᠯᠵᠠᠢ᠃

ᠡᠬᠥᠨ᠎ᠦ ᠲᠤᠬᠠᠢ ᠨᠠᠷᠢᠨ ᠠᠵᠢᠭᠯᠠᠬᠤ ᠳ᠋ᠤ ᠵᠠᠷᠢᠮ ᠬᠦᠮᠤᠨ ᠠᠵᠤ ᠠᠬᠤᠢ᠎ᠶᠢᠨ ᠨᠦᠬᠥᠴᠡᠯ ᠵᠢᠠᠨ ᠬᠠᠷᠠᠬᠤ ᠦᠬᠡᠢ᠂ ᠲᠡᠷᠡᠴᠢᠯᠡᠨ ᠤᠷᠤᠯᠭ᠎ᠠ ᠵᠠᠷᠤᠯᠭ᠎ᠠ᠎ᠶᠢᠨ ᠲᠠᠩᠰᠠ ᠬᠠᠷ᠎ᠠ᠎ᠪᠡᠨ ᠨᠠᠷᠢᠨ ᠨᠢᠮᠪᠡᠢ ᠲᠦᠰᠤᠪᠯᠡᠨ ᠪᠤᠲᠤᠬᠤ ᠦᠭᠡᠢ  ᠵᠡᠷᠭᠡ ᠰᠢᠭᠤᠳ ᠪᠤᠶᠤ ᠳᠠᠮ ᠰᠢᠯᠲᠠᠭᠠᠨ ᠡᠴᠨ ᠠᠮᠢᠳᠤᠷᠠᠯ᠎ᠳᠠᠭᠠᠨ ᠵᠦᠪ ᠦᠬᠡᠢ ᠪᠠᠢᠬᠤ ᠪᠠᠢᠳᠠᠯ ᠵᠦᠩᠲᠡᠭᠡᠨ ᠤᠯᠠᠨ ᠪᠠᠶ᠋ᠢᠬᠤ ᠰᠢᠭ᠋ ᠪᠠᠢᠨ᠎ᠠ᠃ ᠠᠷᠠᠳ᠎ᠤᠨ ᠲᠤᠮᠳᠡ ᠲᠠᠩᠳᠠ ᠶᠠᠷᠢᠭᠲᠠᠳᠠᠭ 《ᠬᠦᠨᠵᠢᠯᠡ᠎ᠶᠢᠨ᠎ᠢᠶᠡᠨ ᠬᠢᠷᠢ᠎ᠪᠡᠷ ᠬᠥᠯ᠎ᠢᠶᠡᠨ ᠵᠢᠬᠢᠬᠥ᠌》᠂《ᠪᠡᠶ᠎ᠡ᠎ᠪᠡᠨ ᠮᠡᠲᠡᠪᠡᠯ ᠬᠦᠮᠤᠨ  ᠪᠡᠯᠴᠢᠭᠡᠷ᠎ᠢᠶᠡᠨ ᠲᠠᠨᠢᠪᠠᠯ ᠮᠠᠯ》 ᠭᠡᠬᠥ᠌ ᠮᠡᠲᠤ᠎ᠶᠢᠨ ᠵᠤᠶ᠋ᠢᠷ ᠰᠡᠴᠡᠨ ᠦᠭᠡ᠎ᠵᠢ ᠲᠠᠨᠠᠷ ᠪᠤᠳᠤᠵᠤ ᠤᠯᠤᠭᠰᠠᠠ ᠪᠠᠢᠬ᠎ᠠ᠃

ᠦᠨᠤᠲᠤᠷ ᠪᠢᠳᠠᠨ᠎ᠤ ᠠᠮᠢᠲᠤᠷᠠᠯ᠎ᠳᠤ ᠲᠤᠲᠠᠬᠤ᠎ᠶᠢᠨ ᠵᠤᠪᠠᠯᠠᠩ᠎ᠳᠤ ᠰᠠᠨᠠᠭ᠎ᠠ ᠪᠤᠯᠬᠤ ᠪᠢᠰᠢ ᠬᠠᠷᠢᠨ ᠲᠠᠩᠰᠤᠭ ᠠᠮᠢᠲᠤᠷᠠᠯ᠎ᠢ ᠲᠠᠪᠠᠳᠠᠢᠬᠠᠨ ᠡᠳ᠋ᠯᠡᠵᠤ ᠰᠠᠭᠤᠭᠠᠳ ᠬᠡᠮᠵᠢᠶ᠎ᠠ ᠡᠴᠨ ᠪᠡᠨ ᠬᠡᠳᠤᠷᠡᠳᠡᠯ᠎ᠠ ᠡᠳ᠋ᠯᠡᠬᠦ ᠪᠤᠯᠤᠭᠰᠠᠠ ᠨᠢ ᠪᠠᠰᠠ ᠨᠢᠬᠡᠨ ᠰᠤᠨᠢᠨ ᠤᠴᠢᠷ ᠡ᠃ ᠶᠠᠷᠢᠶᠠᠨ ᠦᠬᠡᠢ ᠠᠮᠢᠳᠤᠷᠠᠯ ᠰᠠᠢᠵᠢᠷᠠᠵᠤ ᠪᠠᠢᠬᠤ ᠨᠢ ᠤᠯᠤᠰ ᠬᠦᠴᠤᠷᠬᠡᠭᠵᠢᠵᠤ᠂ ᠨᠡᠢᠬᠡᠮ᠎ᠤᠨ ᠬᠦᠭᠵᠢᠯᠳᠠ ᠲᠠᠢ ᠰᠠᠯᠵᠤ ᠪᠤᠯᠤᠰᠢ ᠦᠬᠡᠢ ᠬᠤᠯᠪᠤᠭ᠎ᠠ ᠲᠠᠢ᠃ ᠭᠡᠲᠡᠯ᠎ᠡ ᠡᠬᠥᠨ᠎ᠦ ᠲᠠᠭᠠᠤ ᠦᠶᠡᠷ ᠤᠰᠤᠲᠣᠯ ᠵᠡᠷᠭᠡ ᠪᠠᠶ᠋ᠢᠭᠠᠯᠢ᠎ᠶᠢᠨ ᠭᠠᠢ ᠭᠠᠮᠰᠢᠭ᠂ ᠡᠪᠡᠳᠴᠢᠨ ᠡᠮᠬᠡᠭ ᠡᠴᠠ ᠪᠤᠯᠵᠤ ᠠᠮᠢᠲᠤᠷᠠᠯ ᠶᠠᠳᠠᠭᠣᠷᠠᠭᠰᠠᠠ ᠵᠡᠷᠭᠡ ᠵᠢ ᠦᠭᠡᠶ᠋ᠢᠰᠭᠡᠬᠥ᠎ᠶᠢᠨ ᠠᠷᠭ᠎ᠠ ᠦᠭᠡᠢ᠃ ᠡᠬᠦᠨ᠎ᠡᠴᠨ ᠭᠠᠳᠠᠨ᠎ᠠ 《ᠠᠯᠵᠠᠭᠤ ᠵᠠᠯᠬᠠᠭᠤ》 ᠬᠡᠳᠡᠭ ᠦᠬᠡ ᠠᠷᠭ᠎ᠠ ᠦᠭᠡᠢ ᠲᠤᠷᠠᠲᠤᠭᠳᠠᠨ᠎ᠠ᠃ 

ᠭᠡᠬᠥ᠎ᠳᠦ᠎ᠡᠨᠲᠠ ᠪᠢ ᠡᠬᠥᠨ᠎ᠦ ᠲᠤᠬᠠᠢ ᠶᠠᠷᠢᠬᠤ ᠪᠢᠰᠢ ᠬᠠᠷᠢᠨ 《ᠦᠪᠡᠷ᠎ᠦᠨ ᠮᠠᠭᠤ᠎ᠳᠠᠭᠠᠨ ᠯᠠ ᠭᠤᠮᠤᠳᠠᠨ᠎ᠠ》 ᠭᠡᠲᠡᠭ᠎ᠢᠶᠡᠷ ᠡᠨᠡ ᠰᠠᠶ᠋ᠢᠬᠠᠨ ᠨᠡᠶ᠋ᠢᠭᠡᠮ᠎ᠳᠦ ᠵᠠᠷᠢᠮ ᠬᠦᠮᠤᠰ ᠲᠠᠩᠴᠤ᠌ ᠬᠠᠷᠢᠭᠤ ᠦᠭᠡᠢ ᠠᠮᠢᠲᠤᠷᠠᠵᠤ ᠪᠠᠶ᠋ᠢᠬᠤ ᠵᠢᠨ ᠲᠤᠬᠠᠢ ᠨᠢᠭᠡ ᠬᠤᠶᠠᠷ᠎ᠢ ᠶᠠᠷᠢᠵᠤ᠂ ᠳᠤᠰ ᠪᠠᠶ᠎ᠠ ᠪᠤᠶᠤ ᠦᠷᠤᠬᠡᠯ ᠪᠤᠰᠤᠳ᠎ᠲᠤ᠌ ᠰᠤᠷᠭᠠᠮᠵᠢ ᠰᠡᠩᠬᠡᠷᠡᠬᠥᠯᠤᠯ ᠪᠤᠯᠭᠠᠬᠤ᠎ᠶᠢ ᠰᠠᠨᠠᠯ᠎ᠠ᠃ 《ᠠᠪᠤ᠎ᠶᠢᠨ ᠬᠠᠮᠠᠷ ᠮᠤᠷᠤᠢ》 ᠭᠡᠲᠡᠭᠴᠢᠯᠡᠨ ᠤᠲᠤ᠌ ᠵᠠᠷᠢᠮ ᠬᠦᠮᠤᠰ ᠦᠨᠡᠬᠡᠷ ᠠᠮᠢᠲᠤᠷᠠᠯ᠎ᠳ᠋ᠠᠭᠠᠨ ᠲᠠᠩᠴᠤ᠌ ᠬᠠᠷᠢᠭᠤᠴᠠᠯᠭ᠎ᠠ ᠦᠭᠡᠢ ᠪᠡᠷ ᠬᠠᠨᠳᠤᠵᠤ ᠪᠠᠶ᠋ᠢᠨ᠎ᠠ᠃ ᠰᠤᠬᠤᠷ ᠪᠠᠯᠠᠢ᠎ᠪᠠᠷ ᠪᠤᠰᠤᠳ᠎ᠢ ᠲᠠᠭᠤᠷᠢᠶᠠᠨ᠂ ᠭᠡᠲᠣ ᠬᠡᠷᠡᠭᠯᠡᠭᠡ ᠬᠢᠵᠤ ᠬᠡᠩᠬᠦᠯᠵᠡᠵᠤ ᠶᠠᠪᠤᠭᠠᠳ ᠨᠢᠭᠡ ᠮᠡᠲᠡᠬᠥ᠎ᠳᠦ ᠥᠷᠢ ᠰᠢᠷᠢ᠎ᠳᠦ ᠤᠨᠠᠵᠤ᠂ ᠠᠷᠭ᠎ᠠ ᠦᠭᠡᠢ᠎ᠶᠢᠨ ᠡᠷᠬᠡᠨ᠎ᠳᠦ ᠠᠷᠢᠬᠢ ᠲᠠᠷᠠᠰᠤ᠎ᠪᠠᠷ ᠪᠡᠶ᠎ᠡ ᠰᠡᠳᠬᠢᠯ᠎ᠢᠶᠡᠨ ᠲᠠᠶ᠋ᠢᠪᠤᠰᠢᠷᠠᠭᠤᠯᠤᠨ ᠲᠠᠶ᠋ᠢᠳᠬᠤᠷᠠᠭᠤᠯᠵᠤ ᠤᠷᠤᠭᠣᠳᠠᠯ ᠲᠤᠷᠤᠶ᠋ᠢᠲᠠᠯ᠎ᠤᠨ ᠵᠠᠮ᠎ᠳᠤ ᠤᠷᠤᠵᠤ᠂ ᠡᠷᠤᠬᠡ ᠭᠡᠷ᠎ᠦᠨ ᠠᠮᠢᠲᠤᠷᠠᠯ᠎ᠢᠶᠠᠨ ᠬᠦᠷᠲᠡᠯ᠎ᠡ ᠬᠠᠷᠠᠯᠠᠭᠤᠯᠵᠤ᠂ ᠶᠠᠭᠤ ᠴᠤ᠌ ᠦᠭᠡᠢ ᠬᠤᠭᠤᠰᠤᠨ ᠪᠤᠯᠭᠠᠭᠰᠠᠨ ᠦᠯᠢᠬᠡᠷ ᠵᠢᠱ᠌ᠢᠶ᠎ᠠ ᠤᠯᠠᠨ ᠪᠤᠢ᠃

《ᠭᠤᠤᠨᠢ ᠪᠡᠶ᠎ᠡ ᠭᠤᠵᠤᠩ ᠲᠤᠯᠤᠭᠠᠢ》 ᠭᠡᠭᠴᠢ᠎ᠪᠡᠷ ᠦᠪᠡᠷ᠎ᠢᠶᠡᠨ ᠴᠤ᠌ ᠪᠣᠯ ᠶᠠᠭᠠᠬᠢᠮᠠᠢ᠂ ᠡᠴᠢᠭᠡ ᠡᠬᠡ ᠡᠬᠡᠨᠡᠷ ᠬᠡᠤᠬᠡᠳ᠎ᠵᠢᠠᠨ ᠴᠤ᠌ ᠪᠤᠳᠤᠬᠤ ᠦᠬᠡᠢ ᠡᠷᠤᠬᠡ ᠬᠡᠷ᠎ᠤᠨ ᠠᠮᠢᠲᠤᠷᠠᠯ ᠨᠢ ᠲᠤᠷᠤᠶ᠋ᠢᠲᠠᠵᠤ᠂ ᠨᠡᠩ ᠴᠤ᠌ ᠬᠡᠤᠬᠡᠳ᠎ᠤᠨ ᠵᠢᠠᠨ ᠬᠢᠴᠢᠶᠡᠯ ᠰᠤᠷᠤᠯᠭ᠎ᠠ᠎ᠵᠢ ᠨᠢ ᠵᠤᠭᠰᠤᠭᠠᠠ ᠨᠠᠰᠤᠨ ᠲᠤᠷᠰᠢᠳᠡ᠎ᠶᠢᠨ ᠬᠠᠷᠠᠮᠰᠠᠯ  ᠪᠤᠯᠭᠠᠬᠤ ᠡᠴᠨ ᠭᠠᠳᠠᠨ᠎ᠠ ᠲᠦᠯᠤᠵᠤ ᠪᠠᠷᠠᠰᠢ ᠦᠭᠡᠢ ᠵᠤᠭᠤᠰ ᠮᠦᠩᠬᠦ ᠵᠢᠨ ᠬᠤᠬᠢᠷᠠᠯ᠎ᠳᠤ ᠤᠴᠠᠷᠠᠬᠰᠠᠠ ᠬᠠᠵᠠᠭᠤ ᠬᠠᠪᠢ ᠵᠢᠨ ᠬᠦᠮᠤᠰ᠎ᠤᠨ ᠦᠨᠡᠨ ᠤᠴᠢᠷ᠎ᠢ ᠦᠬᠥᠯᠡᠵᠤ ᠬᠡᠯᠡᠬᠥ᠎ᠳᠦ ᠦᠷᠤ ᠰᠢᠮᠰᠢᠷᠡᠨ᠎ᠠ᠃

ᠡᠲᠡᠭᠡᠷ ᠬᠦᠮᠤᠰ ᠮᠠᠨᠢ ᠠᠰᠬ᠎ᠠ ᠬᠠᠳᠠᠨ᠎ᠤ ᠢᠷᠮᠡᠭ ᠡᠴᠠ ᠠᠮᠠᠭᠠᠢ ᠵᠢᠯᠤᠭᠣ᠎ᠪᠠᠨ ᠡᠷᠲᠡᠬᠡᠨ ᠲᠠᠲᠠᠵᠤ᠂ ᠠᠯᠬᠤᠭᠰᠠᠨ ᠮᠦᠷ᠎ᠢᠶᠡᠨ ᠡᠷᠬᠢᠨ ᠬᠠᠷᠠᠵᠤ ᠦᠪᠡᠷ᠎ᠢ᠎ᠪᠡᠨ ᠲᠠᠨᠢᠨ᠂ ᠠᠮᠢᠲᠤᠷᠠᠯ᠎ᠳ᠋ᠠᠭᠠᠠ ᠬᠠᠷᠢᠭᠤᠴᠠᠯᠭ᠎ᠠ ᠦᠭᠡᠢ᠂ ᠦᠪᠡᠷ᠎ᠢ᠎ᠪᠡᠨ ᠱᠠᠭᠠᠷᠲᠠᠬᠤ ᠦᠭᠡᠢ᠂ ᠴᠢᠷᠮᠠᠶ᠋ᠢᠯᠭ᠎ᠠ ᠦᠭᠡᠢ᠂ ᠰᠠᠨᠠᠭ᠎ᠠ᠎ᠪᠠᠷ᠎ᠢᠶᠠᠨ ᠠᠭᠠᠰᠢᠯᠠᠬᠤ ᠵᠡᠷᠭᠡ᠎ᠮᠠᠭᠤ ᠲᠠᠳᠬᠠᠯ ᠵᠢᠠᠨ ᠬᠠᠯᠠᠵᠤ᠂ ᠠᠮᠢᠲᠤᠷᠠᠯ᠎ᠤᠨ ᠤᠳᠬ᠎ᠠ ᠴᠢᠨᠠᠷ᠎ᠢ ᠦᠨᠡᠨ ᠬᠦ᠌ ᠤᠢᠯᠠᠭᠠᠵᠤ᠂ ᠠᠮᠢᠳᠤᠷᠠᠯ᠎ᠳᠠᠭᠠᠨ ᠢᠳᠡᠬᠡᠯ ᠲᠠᠢ᠂ ᠠᠯᠤᠰ᠎ᠤᠨ ᠬᠠᠷᠠᠯᠳᠠ ᠲᠠᠢ᠂ ᠵᠦᠪ ᠵᠤᠶ᠋ᠢᠲᠠᠢ ᠠᠮᠢᠲᠤᠷᠠᠵᠤ ᠪᠠᠶ᠎ᠠ ᠪᠡᠨ ᠡᠵᠡᠮᠲᠡᠵᠤ ᠶᠠᠪᠤᠬᠤ ᠬᠡᠷᠡᠭᠳᠡᠢ᠃ ᠦᠨᠡᠨ᠎ᠢ ᠬᠡᠯᠡᠪᠡᠯ ᠠᠮᠢᠲᠤᠷᠠᠯ᠎ᠳᠤᠮᠳᠠ ᠬᠡᠷᠡᠭᠴᠡᠬᠡ ᠲᠠᠢ ᠵᠤᠢᠯ ᠵᠢᠠᠨ ᠠᠪᠤᠭᠠᠳ ᠬᠡᠷᠡᠭᠯᠡᠵᠤ ᠬᠦᠢᠴᠡᠪᠡᠯ ᠪᠤᠯᠴᠢᠬᠠᠨ᠎ᠠ᠂ ᠲᠠᠷᠠ ᠤᠯᠠᠨ᠎ᠳᠤ ᠭᠤᠷᠢᠯᠠᠬᠤ ᠴᠢᠬᠤᠯᠠ ᠦᠬᠡᠢ᠂ ᠬᠠᠷᠢᠨ ᠠᠷᠪᠢᠴᠢ ᠭᠠᠮᠲᠠᠢ ᠪᠡᠷ ᠲᠦᠰᠤᠪ ᠲᠦᠯᠤᠪᠯᠡᠭᠡ ᠳᠤᠭᠳᠠᠭᠠᠵᠤ᠂ ᠰᠡᠳᠬᠢᠯ ᠲᠡᠨᠢᠬᠦᠨ᠂ ᠪᠠᠶᠠᠷ ᠬᠦᠷ ᠲᠠᠢ ᠠᠮᠢᠳᠤᠷᠠᠬᠤ ᠨᠢ ᠬᠠᠮᠤᠭ᠎ᠤᠨ ᠴᠢᠬᠤᠯᠠ ᠪᠢᠰᠢ ᠤᠤ⁉

《ᠭᠠᠳᠠᠨ᠎ᠠ᠎ᠪᠠᠨ ᠭᠢᠯᠠᠨᠴᠠᠭ ᠲᠤᠲᠤᠷ᠎ᠠ᠎ᠪᠠᠨ ᠫᠠᠯᠠᠨᠴᠠᠭ》 ᠬᠡᠳᠡᠭ ᠵᠢᠡᠷ ᠭᠡᠲᠤ᠌ ᠨᠡᠷᠡᠯᠬᠡᠤ ᠵᠠᠩ ᠬᠢᠭᠡᠳ ᠭᠡᠲᠤ᠌ ᠬᠡᠷᠡᠭᠯᠡᠬᠡ ᠬᠢᠬᠦ ᠡᠴᠨ ᠵᠠᠢᠯᠠᠰᠬᠢᠵᠤ᠂ ᠪᠡᠶ᠎ᠡ᠎ᠪᠡᠨ ᠮᠡᠲᠡᠵᠤ ᠵᠤᠭᠤᠰ ᠵᠤᠭ᠎ᠠ ᠪᠡᠨ ᠬᠡᠷᠡᠭ ᠳᠡᠢ ᠵᠤᠢᠯ᠎ᠳᠤ ᠬᠡᠷᠡᠭᠯᠡᠵᠤ ᠰᠤᠷᠤᠭᠠᠷᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面