ᠲᠡᠷᠢᠭᠦᠨ ᠨᠢᠭᠤᠷ>ᠠᠮᠢᠳᠤᠷᠠᠯ ᠥᠷᠲᠡᠭᠡ>ᠶᠢᠰᠦᠨ ᠥᠩᠭᠡ

2026-11-06 11:51:59

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠨᠢᠬᠡ ᠵᠠᠯᠠᠭᠤ ᠮᠠᠰᠢᠨ ᠲᠡᠷᠬᠡᠨ ᠳᠤᠳᠤᠷ᠎ᠠ ᠪᠡᠨ ᠭᠠᠷ ᠤᠳᠠᠰᠤ ᠪᠡᠷ ᠵᠢᠠᠨ ᠴᠢᠬᠤᠯᠠ ᠤᠴᠢᠷ ᠶᠠᠷᠢᠵᠤ ᠪᠠᠢᠯ᠎ᠠ᠃ ᠴᠢᠩᠭ᠎ᠠ ᠴᠢᠩᠭ᠎ᠠ ᠲᠠᠭᠤᠨ ᠵᠢᠡᠷ ᠶᠠᠷᠢᠵᠤ ᠪᠠᠢᠬᠤ᠎ᠳᠠᠭᠠᠨ ᠵᠢᠯᠤᠭᠤᠴᠢ ᠵᠢᠨ ᠲᠠᠯ᠎ᠠ ᠵᠢᠨ ᠡᠬᠦᠳᠠ ᠪᠡᠨ ᠨᠡᠬᠡᠬᠡᠵᠤ ᠭᠠᠷᠬᠤ ᠬᠡᠳᠡᠯ᠎ᠠ ᠠᠷᠤ ᠡᠴᠨ ᠨᠢ ᠨᠢᠬᠡᠨ ᠳᠤᠭᠤᠢ ᠲᠠᠢ ᠶᠠᠪᠤᠵᠤ ᠪᠠᠢᠭᠰᠠᠠ ᠵᠠᠯᠠᠭᠤ ᠡᠬᠦᠳᠠ ᠮᠦᠷᠬᠦᠬᠡᠳ ᠤᠨᠠᠴᠢᠬᠠᠵᠠᠢ᠃ ᠮᠠᠰᠢᠨ ᠲᠡᠷᠬᠡᠨ᠎ᠤ ᠡᠬᠦᠳᠠ ᠬᠤᠳᠤᠢᠬᠰᠠᠠ ᠡᠴᠨ ᠭᠠᠳᠠᠨ᠎ᠠ ᠭᠠᠷ ᠤᠳᠠᠰᠤ ᠪᠡᠷ ᠶᠠᠷᠢᠵᠤ ᠪᠠᠢᠬᠰᠠᠠ ᠦᠨᠤ ᠵᠠᠯᠠᠭᠤ ᠵᠢᠨ ᠭᠠᠷ ᠤᠳᠠᠰᠤ ᠨᠢ ᠭᠠᠷ ᠡᠴᠨ ᠨᠢ ᠮᠤᠯᠳᠤᠷᠠᠵᠤ ᠭᠠᠵᠡᠷ ᠤᠨᠠᠪᠠ᠃

ᠳᠤᠭᠤᠢ ᠲᠠᠢ ᠵᠠᠯᠠᠭᠤ ᠳᠤᠭᠤᠢ ᠡᠴᠨ ᠪᠡᠨ ᠪᠠᠭᠤᠭᠠᠳ ᠭᠠᠷ ᠤᠳᠠᠰᠤ ᠵᠢ ᠨᠢ ᠠᠪᠴᠤ ᠦᠭᠬᠦ ᠪᠡᠷ ᠪᠦᠬᠦᠢᠵᠤ ᠪᠠᠢᠳᠠᠯ᠎ᠠ ᠭᠠᠷ ᠤᠳᠠᠰᠤ ᠪᠡᠷ ᠶᠠᠷᠢᠵᠤ ᠪᠠᠢᠬᠰᠠᠠ ᠵᠠᠯᠠᠭᠤ ᠳᠤᠭᠤᠢ ᠲᠠᠢ ᠵᠠᠯᠠᠭᠤ᠎ᠳᠤ᠄ 《ᠶᠠᠭᠤ ᠠᠩᠬᠠᠷᠴᠤ ᠪᠠᠢᠬᠰᠠᠠ ᠶᠤᠮ ᠪᠤᠢ? ᠵᠠᠮ ᠵᠢᠠᠨ ᠬᠠᠷᠠᠵᠤ ᠶᠠᠪᠤᠳᠠᠭ ᠦᠬᠡᠢ ᠨᠢ ᠶᠠᠭᠤ ᠪᠤᠢ?》 ᠬᠡᠵᠤ ᠠᠭᠤᠷᠯᠠᠬᠤ᠎ᠳᠤ᠂ ᠳᠤᠭᠤᠢ ᠲᠠᠢ ᠵᠠᠯᠠᠭᠤ ᠳᠤᠭᠤᠢ ᠡᠴᠨ ᠪᠡᠨ ᠪᠠᠭᠤᠬᠤ᠎ᠳᠤ ᠨᠦᠬᠦᠬᠡ  ᠵᠠᠯᠠᠭᠤ ᠨᠢ ᠦᠪᠡᠷ᠎ᠤᠨ ᠡᠷᠬᠡ ᠦᠬᠡᠢ ᠤᠷᠢᠳᠤ ᠲᠠᠯ᠎ᠠ᠎ᠳᠤᠨᠢ ᠭᠠᠷᠴᠤ ᠵᠤᠭᠰᠤᠪᠠ᠃ ᠲᠠᠷᠠ ᠬᠤᠶᠠᠷ ᠦᠨᠳᠤᠷ ᠲᠠᠭᠤᠨ ᠵᠢᠡᠷ ᠶᠠᠷᠢᠵᠤ ᠪᠠᠢᠳᠠᠯ᠎ᠠ ᠬᠡᠨᠡᠳᠳᠡ ᠵᠢᠨ ᠤᠴᠢᠷ ᠡᠬᠦᠰᠴᠠᠢ᠃

ᠠᠷᠤ ᠡᠴᠨ ᠨᠢ ᠶᠠᠪᠤᠵᠤ ᠪᠠᠢᠬᠰᠠᠠ ᠠᠴᠢᠶᠠᠨ᠎ᠤ ᠮᠠᠰᠢᠨ ᠲᠠᠷᠬᠡ ᠳᠤᠭᠤᠢ ᠪᠤᠯᠤᠨ ᠭᠠᠷ ᠤᠳᠠᠰᠤ ᠬᠤᠶᠠᠷ᠎ᠢ ᠨᠢ ᠨᠢᠴᠠ ᠲᠠᠭᠠᠷᠢᠵᠠᠢ᠃ ᠭᠠᠷ ᠤᠳᠠᠰᠤᠨ᠎ᠤ ᠡᠵᠡᠨ ᠪᠦᠷ ᠶᠡᠬᠡ ᠪᠡᠷ ᠠᠭᠤᠷᠯᠠᠵᠤ᠄ 《ᠪᠢ ᠦᠨᠤᠳᠤᠷ ᠠᠮᠢᠳᠤᠷᠠᠯ᠎ᠤᠨ ᠵᠢᠠᠨ ᠬᠠᠮᠤᠭ᠎ᠤᠨ ᠴᠢᠬᠤᠯᠠ ᠤᠴᠢᠷ᠎ᠢ ᠶᠠᠷᠢᠵᠤ ᠪᠠᠢᠬᠰᠠᠠ ᠶᠤᠮ᠂ ᠭᠠᠷ ᠤᠳᠠᠰᠤ ᠡᠴᠨ ᠦᠬᠡᠷ᠎ᠠ ᠬᠤᠯᠪᠤᠭ᠎ᠠ ᠠᠪᠬᠤ ᠶᠠᠮᠠᠷ ᠴᠤ᠌ ᠪᠤᠯᠤᠮᠵᠢ ᠦᠬᠡᠢ ᠪᠤᠯᠵᠠᠢ᠃ ᠤᠳᠤ ᠪᠢ ᠶᠠᠭᠠᠬᠢᠬᠤ ᠶᠤᠮ ᠪᠤᠢ! ᠡᠢᠮᠤ ᠤᠴᠢᠷ ᠲᠠᠭᠠᠷᠠᠨ᠎ᠠ ᠬᠡᠵᠤ ᠪᠠᠢᠨ᠎ᠠ ᠤᠤ ᠳᠠ!》 ᠬᠡᠮᠡᠨ ᠦᠬᠡᠯᠡᠭᠰᠡᠬᠡᠷ ᠪᠠᠢᠯ᠎ᠠ᠃ ᠬᠡᠳᠡᠯ᠎ᠠ ᠳᠤᠭᠤᠢ ᠲᠠᠢ ᠶᠠᠪᠤᠵᠤ ᠪᠠᠢᠬᠰᠠᠠ ᠵᠠᠯᠠᠭᠤ ᠲᠡᠬᠦᠨ ᠡᠴᠨ᠄ 《ᠪᠢ ᠲᠠᠨ᠎ᠢ ᠮᠦᠷᠬᠦᠬᠡ ᠦᠬᠡᠢ ᠪᠠᠢᠬᠰᠠᠠ ᠪᠤᠯ ᠢᠯᠡᠬᠦᠤ ᠲᠡᠬᠡᠷ᠎ᠠ ᠪᠠᠢᠬᠰᠠᠠ ᠬᠡᠵᠢ ᠤᠤ? ᠲᠠ ᠲᠡᠬᠡᠵᠤ ᠪᠤᠳᠤᠵᠤ ᠪᠠᠢᠨ᠎ᠠ ᠤᠤ?》 ᠬᠡᠵᠤ ᠠᠰᠠᠭᠤᠬᠤ᠎ᠳᠤ ᠨᠦᠬᠦᠬᠡ ᠵᠠᠯᠠᠭᠤ ᠲᠦᠭᠳᠡᠷᠡᠭᠰᠡᠡ ᠦᠬᠡᠢ ᠪᠡᠷ᠄ 《ᠮᠡᠳᠡᠬᠡᠵᠢ ᠵᠢᠨ ᠬᠡᠷᠡᠭ᠂ ᠴᠢ ᠢᠷᠡᠵᠤ ᠮᠦᠷᠬᠦᠬᠡ ᠦᠬᠡᠢ ᠪᠠᠢᠬᠰᠠᠠ ᠪᠤᠯ ᠁》 ᠬᠡᠵᠤ ᠬᠠᠰᠬᠢᠷᠴᠤ ᠪᠠᠢᠯ᠎ᠠ᠃

ᠡᠨᠡ ᠭᠱᠠᠨ᠎ᠳᠤ ᠬᠡᠨᠡᠳᠳᠡ ᠷᠢᠳᠢ ᠰᠢᠳᠢ ᠵᠢᠨ ᠬᠦᠴᠤᠨ ᠴᠠᠭ ᠮᠦᠴᠠ ᠵᠢ ᠭᠤᠷᠪᠡᠨ ᠬᠤᠷᠤᠮ ᠵᠢᠡᠷ ᠬᠤᠢᠰᠢᠯᠠᠭᠤᠯᠵᠠᠢ᠃ ᠲᠠᠷᠠ ᠵᠠᠯᠠᠭᠤ ᠮᠠᠰᠢᠨ ᠳᠤᠳᠤᠷ᠎ᠠ ᠭᠠᠷ ᠤᠳᠠᠰᠤ ᠪᠡᠷ ᠵᠢᠠᠨ ᠴᠢᠬᠤᠯᠠ ᠤᠴᠢᠷ ᠶᠠᠷᠢᠵᠤ ᠪᠠᠢᠯ᠎ᠠ᠃ ᠮᠠᠰᠢᠨ ᠡᠴᠨ 50 ᠮᠸᠲ᠋ᠷ᠎ᠤᠨ ᠬᠤᠢᠨ᠎ᠠ ᠳᠤᠭᠤᠢ ᠲᠠᠢ ᠵᠠᠯᠠᠭᠤ ᠶᠠᠪᠤᠵᠤ ᠪᠠᠢᠬᠰᠠᠠ ᠵᠢᠠᠨ ᠰᠢᠷᠬᠤᠨᠠᠭ᠎ᠤᠨ ᠵᠢᠠᠨ ᠰᠢᠷᠤᠢ ᠵᠢ ᠬᠦᠪᠢᠬᠦ ᠪᠡᠷ ᠵᠠᠮ᠎ᠤᠨ ᠬᠠᠰᠢᠯᠭ᠎ᠠ ᠲᠡᠬᠡᠷ᠎ᠠ ᠭᠠᠷᠪᠠ᠃ ᠡᠨᠡ ᠦᠶ᠎ᠠ᠎ᠳᠤ ᠮᠠᠰᠢᠨ ᠲᠤᠳᠤᠷᠡᠬᠢ ᠵᠠᠯᠠᠭᠤ ᠭᠠᠷ ᠤᠳᠠᠰᠤ ᠪᠡᠷ ᠶᠠᠷᠢᠬᠤ ᠵᠢᠨ ᠲᠠᠭᠠᠤ ᠮᠠᠰᠢᠨ ᠡᠴᠨ ᠪᠡᠨ ᠪᠠᠭᠤᠵᠠᠢ᠃ ᠮᠠᠰᠢ ᠴᠢᠬᠤᠯᠠ ᠠᠵᠢᠯ ᠶᠠᠷᠢᠵᠤ ᠪᠠᠢᠬᠰᠠᠠ ᠳᠤᠯᠠ ᠠᠷᠤ ᠡᠴᠨ ᠨᠢ ᠬᠤᠷᠳᠤ ᠲᠠᠢ ᠢᠷᠡᠵᠤ ᠪᠠᠢᠬᠰᠠᠠ ᠠᠴᠢᠶᠠᠨ᠎ᠤ ᠮᠠᠰᠢᠨ ᠲᠡᠷᠬᠡ ᠵᠢ ᠠᠩᠬᠠᠷᠤᠭᠰᠠᠠ ᠦᠬᠡᠢ᠃ ᠬᠠᠷᠠᠮᠰᠠᠯᠳᠠᠢ ᠨᠢ ᠡᠨᠡ ᠤᠳᠠᠭ᠎ᠠ ᠳᠤᠭᠤᠢ ᠪᠤᠯᠤᠨ ᠭᠠᠷ ᠤᠳᠠᠰᠤ ᠬᠤᠶᠠᠷ ᠪᠢᠰᠢ ᠬᠠᠷᠢᠨ ᠭᠠᠷ ᠤᠳᠠᠰᠤ ᠪᠡᠷ ᠶᠠᠷᠢᠵᠤ ᠪᠠᠢᠬᠰᠠᠠ ᠵᠠᠯᠠᠭᠤ ᠭᠠᠷ ᠤᠳᠠᠰᠤ ᠲᠠᠢ ᠪᠡᠨ ᠴᠤᠭ ᠲᠠᠭᠠᠷᠢᠬᠳᠠᠵᠠᠢ᠃

  (《ᠲᠡᠯᠡᠬᠡᠢ ᠵᠢᠨ ᠰᠤᠷᠭᠠᠮᠵᠢᠳᠤ ᠦᠬᠦᠯᠡᠯᠬᠡ》 ᠨᠤᠮ ᠡᠴᠨ ᠨᠠᠢᠷᠠᠭᠤᠯᠤᠨ ᠠᠪᠤᠪᠠ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ ᠎ᠤᠨ ᠮᠤᠩᠭᠤᠯ ᠬᠡᠯᠡᠨ᠎ᠦ ᠰᠤᠨᠢᠨ ᠮᠡᠳᠡᠭᠡ ᠎ᠶ᠋ᠢᠨ ᠰᠦᠯᠵᠢᠶ᠎ᠡ
兼容浏览器的HTML页面