ᠲᠡᠷᠢᠭᠦᠨ ᠨᠢᠭᠤᠷ>ᠠᠮᠢᠳᠤᠷᠠᠯ ᠥᠷᠲᠡᠭᠡ>ᠨᠡᠢᠭᠡᠮ ᠲᠤᠭᠤᠷᠢᠭ

2022-09-26 10:26:56

ᠵᠣᠬᠢᠶᠠᠭ᠍ᠴᠢ᠄ ᠡᠷᠳᠡᠨᠢᠵᠢᠷᠭᠠᠯ ᠴᠢᠮᠡᠭᠡᠯᠡᠭᠴᠢ ᠪᠤᠶᠠᠨᠲᠦ᠍ ᠣᠷᠴᠢᠯᠠᠩ ᠣᠩᠱᠢᠭ᠍ᠰᠠᠨ ᠣᠳᠠᠭ᠎ᠠ᠄ 3

ᠲᠠᠷᠠᠬ ᠠᠢ᠌ᠷᠠᠬ ᠪᠢᠯᠬᠠᠷᠠᠵᠣ ᠂ ᠲᠠᠪᠣᠨ ᠬᠤᠱᠢᠭᠣ ᠮᠠᠯ ᠲᠠᠷᠭᠣ ᠬᠥᠴᠥ᠍ ᠠᠪᠣᠬ᠍ᠰᠠᠨ ᠲᠠᠩᠰᠣᠬ ᠨᠠᠮᠣᠷ᠎ᠢᠶᠡᠷ ᠂ ᠦᠦᠱᠢᠨ ᠬᠤᠱᠢᠭᠤᠨ᠎ᠤ ᠰᠦᠯᠳᠡ ᠰᠤᠮᠤᠨ᠎ᠤ ᠱᠠᠷᠯᠢᠭ ᠭᠠᠴᠠᠭᠠᠨ᠎ᠦ ᠰᠡᠴᠡᠨᠬᠠᠩᠷᠤ ᠨᠠᠰᠤᠳᠠᠨ᠎ᠤ ᠬᠡᠷ ᠲᠥ᠍ ᠥᠪᠡᠳᠡᠭ᠌ᠰᠢ ᠨᠠᠢ᠌ᠷ ᠪᠣᠯᠵᠣ᠂ ᠦᠷ᠎ᠡ ᠠᠴᠢ ᠨᠠᠷ᠎ᠨᠢ ᠡᠵᠢ᠎ᠶ᠋ᠢᠨ᠎ᠶ᠋ᠢᠡᠨ 100 ᠨᠠᠰᠤᠨ᠎ᠤ ᠪᠠᠶᠠᠷ᠎ᠢ ᠲᠡᠮᠲᠡᠭ᠌ᠯᠡᠬᠥ᠎ᠵᠢᠨ ᠬᠠᠮᠳᠣ《ᠰᠡᠴᠡᠨᠬᠠᠩᠷᠤ》ᠰᠤᠶᠤᠯ᠎ᠤᠨ ᠦᠷᠦᠭᠡᠨ᠎ᠤ ᠫᠠᠢᠰᠠ ᠰᠡᠭᠦᠭᠦ᠌ ᠶᠤᠰᠤᠯᠠᠯ᠎ᠢ ᠶᠠᠪᠤᠭ᠍ᠳᠠᠭᠤᠯᠵᠤ ᠨᠠᠮ᠂ ᠡᠬᠡ ᠤᠯᠣᠰ᠎ᠲᠠᠭᠠᠨ ᠲᠠᠯᠠᠷᠬᠠᠭ᠍ᠰᠠᠨ ᠰᠡᠳᠭᠢᠯ᠎ᠢᠶᠠᠨ ᠢᠯᠡᠳᠭᠡᠯ᠎ᠡ᠃

ᠠᠵᠢᠯᠯᠠᠭ᠎ᠠ᠎ᠳᠤ ᠲᠠᠬᠡᠳᠣ ᠱᠠᠳᠣᠨ᠎ᠦ ᠬᠤᠯᠪᠣᠭ᠍ᠳᠠᠯ ᠪᠦᠬᠦᠢ ᠪᠠᠢᠭᠤᠯᠭ᠎ᠠ ᠨᠢᠭᠡᠴᠢ᠎ᠶ᠋ᠢᠨ ᠬᠠᠷᠢᠭᠤᠴᠠᠯᠭᠠᠲᠠᠨ᠂ ᠤᠷᠠᠯᠢᠭ᠍ᠴᠢᠨ᠂ ᠡᠷᠳᠡᠮᠲᠡᠨ ᠮᠡᠷᠭᠡᠳ ᠪᠤᠯᠤᠨ ᠰᠡᠴᠡᠨᠬᠠᠩᠷᠤ ᠨᠠᠰᠤᠳᠠᠨ᠎ᠤ ᠲᠦᠷᠦᠯ ᠰᠠᠳᠤᠨ᠎ᠨᠢ ᠬᠦᠷᠦᠯᠴᠡᠨ ᠢᠷᠡᠵᠦ᠍᠂ ᠰᠡᠴᠡᠨᠬᠠᠩᠷᠤ ᠨᠠᠰᠤᠳᠠᠨ᠎ᠳᠤ ᠪᠠᠶᠠᠷ ᠬᠦᠷᠭᠡᠵᠦ᠍᠂ ᠡᠵᠢ᠎ᠶ᠋ᠢᠨ ᠲᠤᠬᠠᠢ ᠲᠠᠭᠤᠤ ᠲᠠᠭᠤᠯᠠᠨ᠂ ᠨᠠᠰᠤᠳᠠᠨ᠎ᠳᠤ ᠤᠷᠳᠤ ᠨᠠᠰᠤᠯᠠᠵᠤ ᠤᠳᠠᠭᠠᠨ ᠵᠢᠷᠭᠠᠬᠤ᠎ᠶ᠋ᠢᠨ ᠵᠦᠩᠨᠡᠯ᠎ᠢ ᠲᠡᠪᠱᠢᠭᠦᠯᠥᠭ᠌ᠰᠡᠨ᠎ᠤ ᠬᠠᠮᠳᠤ《ᠰᠡᠴᠡᠨᠬᠠᠩᠷᠤ》ᠰᠤᠶᠤᠯ᠎ᠤᠨ ᠦᠷᠦᠭᠡᠨ᠎ᠤ ᠫᠠᠢᠰᠠ ᠰᠡᠭᠦᠭᠦ᠌ ᠶᠤᠰᠤᠯᠠᠯ᠎ᠳᠤ ᠤᠷᠤᠯᠴᠠᠵᠤ᠂ ᠰᠤᠶᠤᠯ᠎ᠤᠨ ᠦᠷᠤᠭᠡ᠎ᠪᠠᠷ ᠲᠤᠭᠤᠷᠢᠨ ᠦᠵᠡᠭᠦ᠎ᠪᠠᠷ ᠲᠠᠮᠵᠢᠨ ᠲᠤᠬᠠᠢ᠎ᠶ᠋ᠢᠨ ᠦᠶ᠎ᠡ᠎ᠶ᠋ᠢᠨ ᠠᠮᠢᠳᠤᠷᠠᠯ᠎ᠤᠨ ᠠᠬᠤᠢ ᠪᠠᠢᠳᠠᠯ᠂ ᠨᠠᠮ᠂ ᠡᠬᠡ ᠤᠯᠣᠰ᠎ᠤᠨ ᠬᠦᠭ᠌ᠵᠢᠯ ᠪᠠᠳᠠᠷᠠᠯ᠎ᠤᠨ ᠦᠩᠭᠡᠷᠡᠯᠳᠡ ᠵᠡᠷᠭᠡ᠎ᠶ᠋ᠢ ᠤᠢᠯᠡᠭᠠᠨ ᠰᠤᠷᠤᠯᠴᠠᠵᠠᠢ᠃

ᠠᠵᠢᠯ᠎ᠠᠴᠠ᠎ᠪᠡᠨ ᠠᠮᠠᠷᠠᠭ᠍ᠰᠠᠨ ᠠᠬᠠᠮᠠᠳ ᠺᠠᠳ᠋ᠷ ᠵᠢ᠊ ·ᠤᠶᠤᠨᠳᠠᠯᠠᠢ᠄《ᠰᠡᠴᠡᠨᠬᠠᠩᠷᠤ ᠡᠵᠢ᠂ ᠮᠠᠨ᠎ᠤ ᠦᠨᠦᠳᠤᠷ᠎ᠤᠨ ᠵᠣᠯ ᠵᠢᠷᠭᠠᠯᠳᠤ ᠠᠮᠢᠳᠤᠷᠠᠯ᠎ᠳᠤ ᠮᠠᠰᠢ ᠶᠡᠭᠡ ᠭᠠᠪᠢᠶ᠎ᠡ ᠵᠢᠳᠭᠦᠯ ᠦᠵᠡᠭᠦᠯᠵᠠᠢ᠃ ᠪᠠᠷᠠᠭᠤᠨ ᠱᠡᠩ ᠪᠣᠯ ᠨᠢ᠋ᠮᠠᠨ ᠵᠠᠮ᠎ᠤᠨ ᠴᠡᠷᠢᠭ᠎ᠤᠨ ᠰᠠᠭᠤᠷᠢᠨ ᠭᠠᠵᠠᠷ ᠪᠠᠢᠭ᠍ᠰᠠᠨ ᠪᠤᠯᠬᠤᠷ ᠰᠡᠴᠡᠨᠬᠠᠩᠷᠤ ᠡᠵᠢ ᠴᠡᠷᠢᠭ᠎ᠤᠨ ᠠᠭ᠍ᠲᠠ᠎ᠶ᠋ᠢ ᠲᠡᠵᠢᠭᠡᠵᠦ᠍ ᠪᠠᠢᠭ᠍ᠰᠠᠨ᠂ ᠴᠡᠷᠢᠭ᠎ᠤᠨ ᠲᠠᠷᠤᠭ᠎ᠠ᠎ᠳᠤ ᠬᠤᠭᠤᠯᠠ ᠪᠤᠳᠠᠭ᠎ᠠ ᠬᠦᠷᠭᠡᠵᠦ᠍ ᠪᠠᠢᠭ᠍ᠰᠠᠨ᠂ ᠠᠢᠷᠠᠭ ᠰᠦ ᠬᠦᠷᠭᠡᠵᠦ᠍ ᠪᠠᠢᠭ᠍ᠰᠠᠨ ᠲᠡᠤᠭᠡ ᠦᠴᠦᠭᠡᠳᠤᠷ᠎ᠤᠨ ᠶᠤᠮ ᠱᠢᠬ ᠨᠢᠳᠤᠨ᠎ᠳᠤ ᠬᠠᠷᠠᠭ᠍ᠳᠠᠵᠤ᠂ ᠲᠠᠷᠢᠬᠢᠨ᠎ᠳᠤ ᠬᠠᠳᠠᠩᠱᠢᠵᠠᠢ᠃ ᠨᠠᠩ ᠢᠯᠠᠩᠭᠤᠶ᠎ᠡ 〈ᠰᠡᠴᠡᠨᠬᠠᠩᠷᠤ〉ᠡᠵᠢ᠎ᠶ᠋ᠢᠨ ᠡᠨᠡᠭᠦ᠌ ᠨᠣᠮ᠎ᠤᠨ ᠦᠷᠦᠭᠡᠨ᠎ᠳᠤ ᠢᠷᠡᠭᠦ᠎ᠳᠤ᠂ ᠲᠡᠤᠭᠡ᠎ᠶ᠋ᠢᠨ ᠤᠷᠤᠨ ᠵᠠᠢ ᠤᠯᠠᠮ ᠤᠢᠷᠠᠬᠠᠨ ᠰᠠᠨᠠᠬᠳᠠᠵᠤ᠂ ᠮᠠᠨ᠎ᠤ ᠱᠢᠨ᠎ᠡ ᠲᠤᠮᠳᠠᠳᠤ ᠤᠯᠣᠰ ᠶᠠᠭᠠᠬᠢᠵᠦ᠍ ᠪᠠᠢᠭᠤᠯᠤᠭ᠍ᠳᠠᠭ᠍ᠰᠠᠨ᠂ ᠨᠢ᠋ᠮᠠᠨ ᠵᠠᠮ᠎ᠤᠨ ᠴᠡᠷᠢᠭ ᠶᠠᠭᠠᠬᠢᠵᠦ᠍ ᠬᠤᠪᠢᠰᠭᠠᠯ ᠬᠢᠵᠦ᠍ ᠪᠠᠢᠭ᠍ᠰᠠᠨ᠎ᠢ ᠤᠢᠯᠡᠭᠠᠯ᠎ᠠ》ᠬᠡᠵᠣ ᠰᠡᠳᠭᠢᠯ᠎ᠦᠨ ᠥᠬᠡ ᠪᠡᠨ ᠲᠠᠯᠬᠡᠨ᠎ᠠ᠃

ᠰᠡᠴᠡᠨᠬᠠᠩᠷᠤ ᠨᠠᠰᠤᠳᠠᠨ ᠪᠤᠯ ᠺᠢᠨᠤ᠋ ᠤᠳᠤᠷᠢᠳᠤᠭᠠᠴᠢ ᠪᠠᠶᠠᠠᠢᠷᠦᠭᠡᠯ᠎ᠤᠨ ᠤᠳᠤᠷᠢᠳᠤᠭᠠᠭᠰᠠᠨ《ᠰᠡᠴᠡᠨᠬᠠᠩᠷᠤ》ᠺᠢᠨᠤ᠋᠎ᠵᠢᠨ ᠤᠭ ᠲᠦᠷᠢ ᠪᠤᠯᠤᠨ᠎ᠠ᠃ ᠲᠡᠷᠡ ᠪᠤᠯ ᠴᠢᠩᠬᠢᠰ ᠬᠠᠭᠠᠨ᠎ᠤ ᠭᠤᠴᠢᠨ ᠬᠤᠶᠠᠳᠤᠭᠠᠷ ᠦᠶ᠎ᠡ᠎ᠶ᠋ᠢᠨ ᠠᠴᠢ ᠬᠡᠦᠬᠡᠨ᠂ ᠬᠤᠲᠤᠭ᠍ᠲᠠᠢ ᠰᠡᠴᠡᠨ ᠬᠤᠩ ᠲᠠᠢᠵᠢ᠎ᠶ᠋ᠢᠨ ᠠᠷᠪᠠᠨ ᠨᠢᠭᠡᠳᠦᠭᠡᠷ ᠦᠶ᠎ᠡ ᠪᠣᠯᠣᠨ᠎ᠠ᠃ ᠨᠠᠰᠤᠳᠠᠨ ᠬᠡᠳᠦᠢᠪᠡᠷ ᠣᠨ᠎ᠤ ᠭᠦᠷᠲᠦ᠍᠎ᠶ᠋ᠢ ᠲᠤᠭᠤᠯᠤᠨ ᠵᠠᠭᠤᠨ ᠨᠠᠰᠤᠨ᠎ᠤ ᠦᠨᠳᠦᠷ ᠬᠤᠲᠤᠭ᠎ᠢ ᠵᠣᠭᠤᠭ᠍ᠯᠠᠵᠤ ᠶᠠᠪᠤᠭ᠎ᠠ ᠴᠤ᠌᠂ ᠲᠠᠷᠢᠬᠢ ᠰᠡᠷᠭᠦᠯᠡᠩ ᠤᠬᠠᠭᠠᠨ ᠰᠠᠷᠠᠭᠤᠯ ᠪᠠᠢᠵᠤ᠂ ᠨᠠᠮ᠂ ᠡᠬᠡ ᠤᠯᠤᠰ᠎ᠤᠨ ᠬᠦᠭ᠌ᠵᠢᠯᠲᠡ ᠬᠤᠪᠢᠷᠠᠯᠲᠠ ᠶ᠋ᠢᠨ ᠲᠤᠬᠠᠢ ᠪᠡᠶ᠎ᠡ᠎ᠪᠠᠷ ᠵᠢᠡᠨ ᠲᠤᠭᠤᠯᠵᠤ᠂ ᠨᠢᠳᠦ᠍᠎ᠪᠠᠷ᠎ᠢᠶᠠᠨ ᠬᠠᠷᠠᠭ᠍ᠰᠠᠨ᠂ ᠴᠢᠬᠢ᠎ᠪᠠᠷ᠎ᠢᠶᠠᠨ ᠰᠣᠨᠣᠰᠤᠭ᠍ᠰᠠᠨ ᠥᠯᠢᠭᠡᠷ ᠤᠴᠢᠷ᠎ᠤᠳ᠎ᠢᠶᠠᠨ ᠣᠯᠠᠨ᠎ᠲᠠᠢ ᠬᠤᠪᠢᠶᠠᠯᠴᠠᠵᠤ᠂ ᠦᠨᠦᠳᠦᠷ᠎ᠤᠨ ᠡᠬᠡ ᠤᠯᠤᠰ᠎ᠤᠨ ᠬᠦᠭ᠌ᠵᠢᠯ ᠪᠠᠳᠠᠷᠠᠯ᠎ᠢ ᠬᠠᠷᠠᠭᠠᠳ ᠰᠡᠳᠭᠢᠯ ᠬᠠᠩᠬᠤᠯᠤᠭᠤᠨ ᠪᠠᠢᠯ᠎ᠠ᠃

ᠰᠡᠴᠡᠨᠬᠠᠩᠷᠤ ᠨᠠᠰᠤᠲᠠᠨ᠄《ᠥᠨᠣᠳᠣᠷ ᠮᠢᠨᠥ᠍ ᠨᠣᠮ᠎ᠤᠨ ᠦᠷᠦᠭᠡ ᠪᠠᠢᠭᠤᠯᠤᠭ᠍ᠳᠠᠭ᠍ᠰᠠᠨ ᠪᠠᠶᠠᠷ᠎ᠢ ᠲᠤᠬᠢᠶᠠᠯᠳᠤᠭᠤᠯᠤᠨ ᠨᠠᠳᠠ᠎ᠳᠦ ᠪᠠᠰᠠ 100 ᠨᠠᠰᠤᠨ᠎ᠤ ᠪᠠᠶᠠᠷ᠎ᠢ ᠬᠢᠵᠠᠢ᠂ ᠡᠨᠡ ᠰᠠᠢᠬᠠᠨ ᠠᠴᠢ ᠪᠣᠯ ᠮᠠᠨ᠎ᠤ ᠡᠪ ᠬᠠᠮᠳᠤ ᠨᠠᠮ᠎ᠤᠨ ᠵᠥᠪ ᠤᠨᠤᠪᠴᠢᠳᠠᠢ ᠤᠳᠣᠷᠢᠳᠣᠯᠭ᠎ᠠ᠎ᠵᠢᠨ ᠰᠠᠢᠨ ᠵᠢᠡᠷ ᠰᠢᠦ!ᠡᠪ ᠬᠠᠮᠳᠤ ᠨᠠᠮ᠎ᠤᠨ ᠤᠳᠣᠷᠢᠳᠤᠯᠭ᠎ᠠ᠎ᠶ᠋ᠢᠨ ᠲᠤᠤᠷ᠎ᠠ᠂ ᠡᠬᠡ ᠣᠯᠣᠰ ᠮᠢᠨᠢ ᠣᠯᠠᠮ ᠬᠥᠴᠥᠷᠬᠡᠭ᠌ᠵᠢᠨ ᠮᠠᠨᠳᠣᠵᠣ᠂ ᠦᠷ᠎ᠠ ᠠᠴᠢ ᠨᠠᠷ ᠮᠢᠨᠢ ᠣᠯᠠᠮ ᠰᠠᠢᠨ ᠰᠠᠢᠬᠠᠨ ᠶᠠᠪᠤᠬᠤ᠎ᠶ᠋ᠢ ᠬᠦᠰᠡᠵᠦ᠍ ᠪᠠᠢᠨ᠎ᠠ》ᠬᠡᠵᠣ ᠰᠡᠳᠭᠢᠯ ᠳᠣᠬ᠍ᠳᠣᠯᠣᠨ ᠶᠠᠷᠢᠯ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠴᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面